ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 10 > Хөх зул – Боржигон Ванжал –"Тав ᠂ Таван хошуу малын бүлэг " 10 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 10 > Хөх зул – Боржигон Ванжал –"Тав ᠂ Таван хошуу малын бүлэг " 10

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 10 > Хөх зул – Боржигон Ванжал –"Тав ᠂ Таван хошуу малын бүлэг " 10

ᠠᠩᠭᠢᠯᠠᠯ:ᠵᠠᠩ ᠦᠢᠯᠡ
2023-12-18

263

ᠲᠠᠪᠤ ᠂ ᠲᠠᠪᠤᠨ ᠬᠣᠰᠢᠭᠤ ᠮᠠᠯ ᠤᠨ ᠪᠦᠯᠦᠭ –10

ᠦᠬᠡᠷ ᠦᠨ ᠵᠢᠰᠦᠮ Үхрийн зүсэм


               ᠥᠩᠭᠡ ᠪᠡᠷ ᠨᠡᠷᠡᠯᠡᠬᠦ ᠵᠦᠢᠯ 

ᠬᠠᠷ᠎ᠠ      ᠮᠠᠰᠢ ᠪᠠᠷᠠᠭᠠᠨ᠃ 
ᠤᠯᠠᠭᠠᠨ      ᠵᠡᠭᠡᠷᠳᠡᠭᠦᠦ ᠤᠯᠠᠭᠠᠨ᠃ 
ᠬᠦᠷᠡᠩ ᠤᠯᠠᠭᠠᠨ   ᠭᠦᠨ᠎ᠡ ᠤᠯᠠᠭᠠᠨ᠃ 
ᠶᠠᠭᠠᠨ ᠤᠯᠠᠭᠠᠨ    ᠤᠯᠠᠭᠠᠨ ᠠ᠋ᠴᠠ ᠦᠯᠦ ᠮᠡᠳᠡᠭᠳᠡᠮ᠎ᠡ ᠰᠢᠩᠭᠡᠨ᠂ ᠬᠡᠢᠪᠦᠷᠳᠡᠭᠦᠦ ᠤᠯᠠᠭᠠᠨ᠃ 
ᠬᠤᠸᠠ ᠤᠯᠠᠭᠠᠨ    ᠴᠠᠭᠠᠪᠲᠤᠷ ᠤᠯᠠᠭᠠᠨ ᠃ 
ᠬᠦᠷᠡᠩ    ᠭᠦᠨ᠎ᠡ ᠤᠯᠠᠭᠠᠨ ᠠ᠋ᠴᠠ ᠪᠠᠬᠠᠨ ᠬᠠᠷᠠᠪᠲᠤᠷ ᠤᠯᠠᠭᠠᠨ᠃ 
ᠬᠠᠷ᠎ᠠ ᠬᠦᠷᠡᠩ     ᠨᠡᠯᠢᠶᠡᠳ ᠬᠠᠷᠠᠪᠲᠤᠷ ᠬᠦᠷᠡᠩ᠃ 
ᠤᠯᠠᠭᠠᠨ ᠬᠦᠷᠡᠩ     ᠬᠦᠷᠡᠩ ᠨᠢ ᠤᠯᠠᠭᠠᠨ ᠳ᠋ᠤ᠌ ᠣᠢᠷᠠᠲᠠᠭᠤ᠃ 
ᠬᠠᠯᠲᠠᠷ ᠬᠦᠷᠡᠩ     ᠠᠮᠠ ᠴᠠᠭᠠᠨ ᠬᠦᠷᠡᠩ᠃ 
ᠰᠤᠳᠠᠯᠲᠤ ᠬᠦᠷᠡᠩ    ᠬᠦᠷᠡᠩ ᠳᠡᠭᠡᠷ᠎ᠡ ᠬᠠᠷ᠎ᠠ ᠬᠠᠷ᠎ᠠ ᠨᠠᠷᠢᠨ ᠵᠤᠷᠪᠤᠰ ᠪᠦᠬᠦᠢ᠃ 
ᠰᠢᠷ᠎ᠠ    ᠰᠢᠷᠠᠪᠲᠤᠷᠬᠠᠨ᠃ 
ᠬᠠᠯᠲᠠᠷ    ᠠᠮᠠ ᠴᠠᠭᠠᠨ᠂ ᠬᠦᠷᠡᠩ᠂ ᠬᠠᠯᠢᠭᠤᠨ᠂ ᠤᠯᠠᠭᠠᠨ ᠵᠡᠷᠭᠡ᠃ 
ᠤᠯᠠᠭᠠᠨ ᠬᠠᠯᠲᠠᠷ    ᠠᠮᠠ ᠴᠠᠭᠠᠨ ᠤᠯᠠᠭᠠᠨ᠃ 
ᠬᠦᠷᠡᠩ ᠬᠠᠯᠲᠠᠷ   ᠠᠮᠠ ᠴᠠᠭᠠᠨ ᠬᠦᠷᠡᠩ᠃ 
ᠶᠠᠭᠠᠨ ᠬᠠᠯᠲᠠᠷ    ᠠᠮᠠ ᠴᠠᠭᠠᠨ ᠶᠠᠭᠠᠨ᠃ 
ᠰᠢᠷ᠎ᠠ ᠬᠠᠯᠲᠠᠷ    ᠠᠮᠠ ᠴᠠᠭᠠᠨ ᠰᠢᠷ᠎ᠠ᠃ 
ᠬᠤᠸᠠ       ᠴᠠᠭᠠᠪᠲᠤᠷ ᠤᠯᠠᠪᠤᠷ᠃ 
ᠶᠠᠭᠠᠨ     ᠤᠯᠠᠭᠠᠨ ᠠ᠋ᠴᠠ ᠠᠷᠠᠢ ᠰᠢᠩᠭᠡᠨ ᠭᠡᠭᠡᠪᠲᠦᠷ ᠤᠯᠠᠭᠠᠨ᠃ ᠶᠠᠭᠠᠨ ᠬᠠᠯᠲᠠᠷ᠃ 
ᠡᠷᠢᠶᠡᠨ     ᠡᠬᠢ ᠵᠢᠰᠦᠮ ᠳᠡᠭᠡᠷ᠎ᠡ ᠥᠭᠡᠷ᠎ᠡ ᠥᠩᠭᠡ ᠶ᠋ᠢᠨ ᠰᠤᠳᠠᠯᠲᠤ ᠪᠢᠳᠡᠷᠲᠡᠢ᠃ 
ᠬᠦᠷᠡᠩ ᠡᠷᠢᠶᠡᠨ   ᠬᠦᠷᠡᠩ ᠳᠡᠭᠡᠷ᠎ᠡ ᠵᠤᠷᠪᠤᠰ ᠵᠤᠷᠪᠤᠰ ᠬᠠᠷ᠎ᠠ ᠲᠠᠢ᠃ 
ᠬᠥᠬᠡ ᠡᠷᠢᠶᠡᠨ    ᠪᠣᠷᠣ ᠴᠠᠢᠪᠤᠷ ᠳᠡᠭᠡᠷ᠎ᠡ ᠪᠣᠷᠣ ᠬᠠᠷ᠎ᠠ ᠬᠣᠯᠢᠯᠳᠤᠭᠰᠠᠨ ᠬᠠᠷᠠᠪᠲᠤᠷ ᠵᠤᠷᠪᠤᠰ ᠤ᠋ᠳ ᠲᠠᠢ᠃ 
ᠰᠢᠷ᠎ᠠ ᠠᠷᠢᠶᠠᠨ   ᠰᠢᠷᠠᠪᠲᠤᠷ ᠤᠯᠠᠭᠠᠨ ᠳᠡᠭᠡᠷ᠎ᠡ ᠬᠦᠷᠡᠪᠲᠦᠷ ᠵᠤᠷᠪᠤᠰ ᠤ᠋ᠳ ᠲᠠᠢ᠃ 
ᠶᠠᠭᠠᠨ ᠡᠷᠢᠶᠡᠨ    ᠶᠠᠭᠠᠨ ᠳᠡᠭᠡᠷ᠎ᠡ ᠬᠦᠷᠡᠪᠲᠦᠷ ᠵᠤᠷᠪᠤᠰ ᠤ᠋ᠳ ᠲᠠᠢ᠃ 
ᠬᠠᠯᠢᠭᠤᠨ     ᠲᠣᠯᠣᠭᠠᠢ ᠨᠢ ᠬᠠᠷᠠᠪᠲᠤᠷ᠂ ᠡᠬᠢ ᠪᠡᠶ᠎ᠡ ᠨᠢ ᠤᠯᠠᠪᠲᠤᠷᠬᠠᠨ᠃ 
ᠬᠠᠷ᠎ᠠ ᠬᠠᠯᠢᠭᠤᠨ     ᠬᠠᠷᠠᠪᠲᠤᠷ ᠳᠡᠢᠯᠦᠩᠭᠦᠢ ᠬᠠᠯᠢᠭᠤᠨ᠃ 
ᠰᠢᠷ᠎ᠠ ᠬᠠᠯᠢᠭᠤᠨ     ᠰᠢᠷ᠎ᠠ ᠳᠡᠢᠯᠦᠩᠭᠦᠢ ᠬᠠᠯᠢᠭᠤᠨ᠃ 
ᠬᠥᠬᠡ     ᠦᠨᠡᠰᠦᠨ ᠥᠩᠭᠡᠲᠡᠢ᠃ 
ᠬᠥᠬᠡ ᠪᠤᠭᠤᠷᠤᠯ     ᠰᠠᠭᠠᠷᠠᠯᠳᠠᠭᠤ ᠬᠥᠬᠡ᠃ 
ᠪᠤᠭᠤᠷᠤᠯ     ᠤᠤᠯ ᠥᠩᠭᠡᠨ ᠳ᠋ᠦ᠍ ᠴᠠᠭᠠᠨ ᠦᠰᠦ ᠬᠣᠯᠢᠯᠳᠤᠭᠰᠠᠨ᠃ 
ᠤᠯᠠᠭᠠᠨ ᠪᠤᠭᠤᠷᠤᠯ    ᠤᠯᠠᠭᠠᠨ ᠳᠡᠢᠯᠦᠩᠭᠦᠢ ᠪᠤᠭᠤᠷᠤᠯ᠃ 
ᠬᠦᠷᠡᠩ ᠪᠤᠭᠤᠷᠤᠯ    ᠬᠦᠷᠡᠩ ᠳᠡᠢᠯᠦᠩᠭᠦᠢ ᠪᠤᠭᠤᠷᠤᠯ᠃ 
ᠶᠠᠭᠠᠨ ᠪᠤᠭᠤᠷᠤᠯ     ᠶᠠᠭᠠᠨ ᠳᠡᠢᠯᠦᠩᠭᠦᠢ ᠪᠤᠭᠤᠷᠤᠯ᠃ 
ᠬᠥᠬᠡ ᠪᠤᠭᠤᠷᠤᠯ     ᠪᠣᠷᠣ ᠳᠡᠢᠯᠦᠩᠭᠦᠢ ᠪᠤᠭᠤᠷᠤᠯ᠂ ᠪᠠᠰᠠ ᠬᠥᠬᠡ ᠴᠠᠢᠪᠤᠷ ᠭᠡᠳᠡᠭ᠃ 
ᠴᠠᠭᠠᠨ ᠪᠤᠭᠤᠷᠤᠯ    ᠴᠠᠭᠠᠨ ᠳᠡᠢᠯᠦᠩᠭᠦᠢ ᠪᠤᠭᠤᠷᠤᠯ᠂ ᠪᠠᠰᠠ ᠴᠠᠢᠪᠤᠷ ᠭᠡᠳᠡᠭ᠃ 
ᠮᠠᠷᠯᠠᠨ 
       ᠡᠷᠢᠶᠡᠨ ᠨᠢᠭᠤᠷ ᠲᠠᠢ᠃ ᠴᠣᠬᠣᠷ ᠴᠠᠭᠠᠨ ᠳᠡᠭᠡᠷ᠎ᠡ ᠥᠭᠡᠷ᠎ᠡ ᠥᠩᠭᠡ ᠶ᠋ᠢᠨ ᠵᠢᠵᠢᠭᠬᠡᠨ ᠲᠣᠯᠪᠣ ᠳᠤᠰᠤᠯ ᠤ᠋ᠳ ᠲᠠᠢ᠃ 
ᠬᠠᠷ᠎ᠠ ᠴᠣᠬᠣᠷ  
       ᠴᠠᠭᠠᠨ ᠳᠡᠭᠡᠷ᠎ᠡ ᠬᠠᠷ᠎ᠠ ᠲᠣᠯᠪᠣᠲᠠᠢ ᠪᠤᠶᠤ ᠬᠠᠷ᠎ᠠ ᠳᠡᠭᠡᠷ᠎ᠡ ᠴᠠᠭᠠᠨ ᠲᠣᠯᠪᠣ ᠲᠠᠢ᠃ ᠤᠯᠠᠭᠠᠨ ᠴᠣᠬᠣᠷ ᠴᠠᠭᠠᠨ ᠳᠡᠭᠡᠷ᠎ᠡ ᠤᠯᠠᠭᠠᠨ ᠲᠣᠯᠪᠣᠲᠠᠢ ᠪᠤᠶᠤ ᠤᠯᠠᠭᠠᠨ ᠳᠡᠭᠡᠷ᠎ᠡ ᠴᠠᠭᠠᠨ ᠲᠣᠯᠪᠣᠲᠠᠢ᠃ 
ᠬᠦᠷᠡᠩ ᠴᠣᠬᠣᠷ   
       ᠬᠦᠷᠡᠩ ᠳᠡᠭᠡᠷ᠎ᠡ ᠴᠠᠭᠠᠨ ᠲᠣᠯᠪᠣᠲᠠᠢ ᠪᠤᠶᠤ ᠴᠠᠭᠠᠨ ᠳᠡᠭᠡᠷ᠎ᠡ ᠬᠦᠷᠡᠩ ᠲᠣᠯᠪᠣᠲᠠᠢ᠃ ᠰᠢᠷ᠎ᠠ ᠴᠣᠬᠣᠷ ᠴᠠᠭᠠᠨ ᠳᠡᠭᠡᠷ᠎ᠡ ᠵᠡᠭᠡᠷᠳᠡ ᠲᠣᠯᠪᠣᠲᠠᠢ ᠪᠤᠶᠤ ᠡᠰᠡᠬᠦᠯ᠎ᠡ ᠰᠢᠷ᠎ᠠ ᠳᠡᠭᠡᠷ᠎ᠡ ᠴᠠᠭᠠᠨ ᠲᠣᠯᠪᠣᠲᠠᠢ᠃ ᠴᠠᠭᠠᠨ ᠴᠣᠬᠣᠷ ᠴᠠᠭᠠᠨ ᠳᠡᠭᠡᠷ᠎ᠡ ᠬᠠᠷ᠎ᠠ ᠵᠡᠭᠡᠷᠳᠡ ᠲᠣᠯᠪᠣᠲᠠᠢ᠃ 
ᠴᠠᠭᠠᠨ     ᠭᠢᠯᠤᠭᠠᠨ᠃ ᠴᠠᠰᠤ ᠮᠡᠲᠦ ᠥᠩᠭᠡᠲᠡᠢ᠃ 
ᠮᠠᠩᠬᠠᠨ     ᠴᠠᠭᠠᠨ ᠨᠢᠭᠤᠷ ᠲᠠᠢ ᠪᠤᠶᠤ ᠴᠠᠭᠠᠨ ᠲᠣᠯᠣᠭᠠᠢᠲᠠᠢ ᠦᠬᠡᠷ᠃ ᠠᠯᠠᠭ ᠶᠠᠮᠠᠷᠪᠠ ᠥᠩᠭᠡᠨ ᠳ᠋ᠦ᠍ ᠴᠠᠭᠠᠨ ᠥᠩᠭᠡ ᠬᠡᠰᠡᠭ ᠬᠡᠰᠡᠭ ᠢ᠋ᠶ᠋ᠡᠷ ᠬᠣᠯᠢᠯᠳᠤᠭᠰᠠᠨ᠃ 
ᠬᠠᠷᠠᠯᠠᠭ     ᠬᠠᠷ᠎ᠠ ᠳᠡᠭᠡᠷ᠎ᠡ ᠴᠠᠭᠠᠨ᠃ 
ᠤᠯᠠᠭᠠᠨ ᠠᠯᠠᠭ     ᠤᠯᠠᠭᠠᠨ ᠳᠡᠭᠡᠷ᠎ᠡ ᠴᠠᠭᠠᠨ᠃ 
ᠬᠦᠷᠡᠩ ᠠᠯᠠᠭ     ᠬᠦᠷᠡᠩ ᠳᠡᠭᠡᠷ᠎ᠡ ᠴᠠᠭᠠᠨ᠃ 
ᠰᠢᠷ᠎ᠠ ᠠᠯᠠᠭ     ᠰᠢᠷ᠎ᠠ ᠳᠡᠭᠡᠷ᠎ᠡ ᠴᠠᠭᠠᠨ᠃ 
ᠶᠠᠭᠠᠨ ᠠᠯᠠᠭ     ᠶᠠᠭᠠᠨ ᠳᠡᠭᠡᠷ᠎ᠡ ᠴᠠᠭᠠᠨ᠃ 
ᠬᠥᠬᠡ ᠠᠯᠠᠭ     ᠬᠥᠬᠡ ᠳᠡᠭᠡᠷ᠎ᠡ ᠴᠠᠭᠠᠨ᠃ 
ᠴᠠᠭᠠᠨ ᠠᠯᠠᠭ     ᠴᠠᠭᠠᠨ ᠳᠡᠭᠡᠷ᠎ᠡ ᠬᠠᠷ᠎ᠠ ᠪᠤᠶᠤ ᠤᠯᠠᠭᠠᠨ᠃ 
ᠪᠡᠯᠬᠡᠭᠦᠰᠦ ᠠᠯᠠᠭ     ᠪᠡᠯᠭᠡᠭᠦᠰᠦᠨ ᠳᠡᠭᠡᠷ᠎ᠡ ᠪᠡᠨ ᠴᠠᠭᠠᠨᠲᠠᠢ᠃ 
ᠬᠤᠳᠠᠷᠭ᠎ᠠ ᠠᠯᠠᠭ     ᠬᠤᠳᠠᠷᠭ᠎ᠠ ᠬᠢᠳᠡᠭ ᠪᠥᠭᠰᠡᠨ ᠦ᠌ ᠲᠡᠷᠡ ᠬᠡᠰᠡᠭ ᠲᠦ᠍ ᠴᠠᠭᠠᠨᠲᠠᠢ᠃ 
ᠱᠠᠭᠠᠵᠠᠭᠠᠢ ᠠᠯᠠᠭ     ᠱᠠᠭᠠᠵᠠᠭᠠᠢ ᠮᠡᠲᠦ ᠠᠯᠠᠭ᠃ 
ᠬᠤᠸᠠᠷᠲᠤ ᠠᠯᠠᠭ     ᠬᠤᠸᠠᠷ ᠮᠡᠲᠦ ᠡᠯᠳᠡᠪ ᠠᠯᠠᠭ᠃ 
ᠲᠡᠷᠯᠡᠨ   
       ᠠᠯᠢᠪᠠ ᠵᠢᠰᠦᠮ ᠦ᠋ᠨ ᠦᠬᠡᠷ ᠦ᠋ᠨ ᠨᠢᠷᠤᠭᠤ ᠳᠠᠭᠠᠤ ᠪᠠᠷ ᠴᠠᠭᠠᠨ ᠵᠤᠷᠪᠤᠰ ᠪᠦᠬᠦᠢ᠃ 
ᠬᠠᠷ᠎ᠠ ᠲᠠᠷᠯᠠᠨ  
       ᠬᠠᠷ᠎ᠠ ᠦᠬᠡᠷ ᠨᠢᠷᠤᠭᠤᠨ ᠢ᠋ᠶ᠋ᠠᠷ ᠢ᠋ᠶ᠋ᠠᠨ ᠴᠠᠭᠠᠨ ᠵᠣᠷᠪᠦᠰᠲᠠᠢ᠃ 
ᠤᠯᠠᠭᠠᠨ ᠲᠠᠷᠯᠠᠨ     ᠤᠯᠠᠭᠠᠨ ᠦᠬᠡᠷ ᠨᠢᠷᠤᠭᠤᠨ ᠢ᠋ᠶ᠋ᠠᠷ ᠢ᠋ᠶ᠋ᠠᠨ ᠴᠠᠭᠠᠨ ᠵᠣᠷᠪᠣᠰᠲᠠᠢ᠃ 
ᠬᠦᠷᠡᠩ ᠲᠠᠷᠯᠠᠨ    ᠬᠦᠷᠡᠩ ᠦᠬᠡᠷ ᠨᠢᠷᠤᠭᠤᠨ ᠢ᠋ᠶ᠋ᠠᠷ ᠢ᠋ᠶ᠋ᠠᠨ ᠴᠠᠭᠠᠨ ᠵᠣᠷᠪᠣᠰᠲᠠᠢ᠃ 
ᠰᠢᠷ᠎ᠠ ᠲᠠᠷᠯᠠᠨ     ᠰᠢᠷ᠎ᠠ ᠦᠬᠡᠷ ᠨᠢᠷᠤᠭᠤ ᠵᠣ ᠪᠠᠷ ᠢ᠋ᠶ᠋ᠠᠨ ᠴᠠᠭᠠᠨ ᠵᠣᠷᠪᠣᠰᠲᠠᠢ᠃ 
ᠶᠠᠭᠠᠨ ᠲᠠᠷᠯᠠᠨ     ᠶᠠᠭᠠᠨ ᠦᠬᠡᠷ ᠨᠢᠷᠤᠭᠤ ᠵᠣ ᠪᠠᠷ ᠢ᠋ᠶ᠋ᠠᠨ ᠴᠠᠭᠠᠨᠲᠠᠢ᠃ 
ᠴᠠᠭᠠᠨ ᠲᠠᠷᠯᠠᠨ    
       ᠴᠠᠭᠠᠨ ᠦᠬᠡᠷ ᠵᠣ ᠨᠢᠷᠤᠭᠤ ᠪᠠᠷ ᠢ᠋ᠶ᠋ᠠᠨ ᠤᠯᠠᠭᠠᠨ ᠪᠤᠶᠤ ᠬᠦᠷᠡᠩ ᠵᠣᠷᠪᠣᠰᠲᠠᠢ᠃ ᠪᠠᠷᠤᠭ ᠬᠣᠪᠣᠷ᠃ 
ᠪᠥᠭᠡᠷ᠎ᠡ ᠠᠯᠠᠭ ( ᠪᠥᠭᠡᠷᠡᠯᠡᠭ )     ᠪᠥᠭᠡᠷ᠎ᠡ ᠶ᠋ᠢᠨ ᠬᠡᠰᠡᠭ ᠲᠡᠭᠡᠨ ᠴᠠᠭᠠᠨᠲᠠᠢ᠃ 
ᠬᠠᠷ᠎ᠠ ᠪᠥᠭᠡᠷ᠎ᠡ ᠠᠯᠠᠭ     ᠪᠥᠭᠡᠷᠡᠨ ᠬᠡᠰᠡᠭ ᠲᠡᠭᠡᠨ ᠴᠠᠭᠠᠨᠲᠠᠢ ᠬᠠᠷ᠎ᠠ ᠦᠬᠡᠷ᠃ 
ᠤᠯᠠᠭᠠᠨ ᠪᠥᠭᠡᠷ᠎ᠡ ᠠᠯᠠᠭ     ᠪᠥᠭᠡᠷᠡᠨ ᠳ᠋ᠡᠭᠡᠨ ᠴᠠᠭᠠᠨᠲᠠᠢ ᠤᠯᠠᠭᠠᠨ ᠦᠬᠡᠷ᠃ 
ᠬᠦᠷᠡᠩ ᠪᠥᠭᠡᠷ᠎ᠡ ᠠᠯᠠᠭ     ᠪᠥᠭᠡᠷᠡᠨ ᠳ᠋ᠡᠭᠡᠨ ᠴᠠᠭᠠᠨᠲᠠᠢ ᠬᠦᠷᠡᠩ ᠦᠬᠡᠷ᠃ 
ᠶᠠᠭᠠᠨ ᠪᠥᠭᠡᠷ᠎ᠡ ᠠᠯᠠᠭ     ᠪᠥᠭᠡᠷᠡᠨ ᠳ᠋ᠡᠭᠡᠨ ᠴᠠᠭᠠᠨᠲᠠᠢ ᠶᠠᠭᠠᠨ ᠦᠬᠡᠷ᠃ 
ᠬᠥᠬᠡ ᠪᠥᠭᠡᠷ᠎ᠡ ᠠᠯᠠᠭ     ᠪᠥᠭᠡᠷᠡᠨ ᠳ᠋ᠡᠭᠡᠨ ᠴᠠᠭᠠᠨᠳᠠᠢ ᠬᠥᠬᠡ ᠴᠠᠢᠪᠤᠷ ᠦᠬᠡᠷ᠃ 
       ᠡᠨᠡ ᠮᠡᠲᠦ ᠪᠡᠷ ᠡᠯᠳᠡᠪ ᠠᠯᠠᠭ ᠢ᠋ ᠡᠯ᠎ᠡ ᠵᠢᠰᠦᠮ ᠳ᠋ᠦ᠍ ᠳᠤᠲᠤᠤᠳᠬᠠᠯ ᠪᠣᠯᠭᠠᠨ ᠨᠠᠷᠢᠨ ᠵᠢᠰᠤᠮᠯᠡᠪᠡᠯ ᠬᠡᠴᠢᠨᠡᠨ ᠵᠠᠭᠤ ᠳ᠋ᠤ᠌ ᠬᠦᠷᠴᠦ ᠪᠣᠯᠬᠤ ᠶ᠋ᠢ ᠠᠩᠬᠠᠷᠤᠮᠤ᠃ 
ᠰᠠᠷᠠᠲᠢ    ᠮᠠᠩᠨᠠᠢ ᠳ᠋ᠠᠭᠠᠨ ᠵᠢᠵᠢᠭᠡᠪᠲᠦᠷ ᠴᠠᠭᠠᠨᠲᠠᠢ᠃ 
ᠬᠠᠯᠵᠠᠨ     ᠳᠤᠬᠤ ᠠ᠋ᠴᠠ ᠬᠠᠮᠠᠷ ᠤ᠋ᠨ ᠦᠵᠦᠭᠦᠷ ᠬᠦᠷᠲᠡᠯᠡᠬᠢ ᠵᠠᠢ ᠳ᠋ᠤ᠌ ᠴᠠᠭᠠᠨ᠃ 
ᠮᠡᠯᠵᠡᠨ ( ᠮᠠᠯᠵᠠᠩ )    ᠮᠠᠩᠨᠠᠢ ᠶ᠋ᠢᠨ ᠬᠡᠰᠡᠭ ᠲᠦ᠍ ᠮᠠᠰᠢ ᠥᠷᠭᠡᠨ ᠬᠠᠯᠵᠠᠨ ( ᠴᠠᠭᠠᠨ ᠦᠰᠦᠲᠡᠢ ) ᠃ 
ᠮᠠᠩᠬᠠᠨ ᠦᠬᠡᠷ  
       ᠡᠬᠡ ᠪᠡᠶ᠎ᠡ ᠬᠠᠷ᠎ᠠ᠂ ᠨᠢᠭᠤᠷ ᠲᠣᠯᠣᠭᠠᠢ ᠨᠢ ᠯᠡ ᠴᠠᠭᠠᠨ ᠥᠩᠭᠡᠲᠡᠢ ᠶ᠋ᠢ ᠮᠠᠩᠬᠠᠨ ᠦᠬᠡᠷ ᠭᠡᠨ᠎ᠡ᠃ 
ᠠᠮᠠ ᠴᠠᠭᠠᠨ     ᠠᠮᠠᠨ ᠳᠡᠭᠡᠷ᠎ᠡ ᠪᠡᠨ ᠴᠠᠭᠠᠨ ᠪᠦᠬᠦᠢ ᠡᠯᠳᠡᠪ ᠵᠢᠰᠦᠮ ᠦ᠋ᠨ ᠦᠬᠡᠷ᠃ 
ᠮᠠᠩᠨᠠᠢ ᠴᠠᠭᠠᠨ 
      ᠴᠠᠭᠠᠨ ᠨᠢ ᠬᠠᠮᠠᠷ ᠤᠷᠤᠭᠤ ᠪᠠᠭᠤᠭᠰᠠᠨ ᠦᠭᠡᠢ ᠵᠥᠪᠬᠡᠨ ᠮᠠᠩᠨᠠᠢ ᠶ᠋ᠢᠨ ᠬᠡᠰᠡᠭ ᠲᠡᠭᠡᠨ ᠴᠠᠭᠠᠨᠳᠠᠢ ᠡᠯᠳᠡᠪ ᠵᠢᠰᠦᠮ ᠦ᠋ᠨ ᠦᠬᠡᠷ᠃ 
ᠬᠥᠮᠥᠰᠬᠡ ᠴᠠᠭᠠᠨ     ᠬᠥᠮᠥᠰᠬᠡ ᠳᠡᠭᠡᠷ᠎ᠡ ᠪᠡᠨ ᠴᠠᠭᠠᠨ ᠪᠦᠬᠦᠢ ᠡᠯᠳᠡᠪ ᠵᠢᠰᠦᠮ ᠦ᠋ᠨ ᠦᠬᠡᠷ᠃ 
ᠣᠮᠤᠯᠤᠤᠷ ᠴᠠᠭᠠᠨ  
       ᠦᠬᠡᠷ ᠦ᠋ᠨ ᠬᠦᠵᠦᠭᠦᠦ ᠳᠣᠣᠭᠤᠷ ᠳᠠᠭᠠᠤ ᠤᠨᠵᠢᠭᠠᠷ ᠠᠷᠠᠰᠤ ᠰᠢᠭ᠋ ᠬᠡᠰᠡᠭ ᠢ᠋ ᠤᠮᠤᠯᠤᠤᠷ ᠭᠡᠳᠡᠭ᠃ ᠲᠡᠨᠳᠡ ᠪᠡᠨ ᠴᠠᠭᠠᠨᠲᠠᠢ ᠡᠯᠳᠡᠪ ᠵᠢᠰᠦᠮ ᠦ᠋ᠨ ᠦᠬᠡᠷ ᠢ᠋ ᠣᠮᠤᠯᠤᠤᠷ ᠴᠠᠭᠠᠨ ᠭᠡᠨ᠎ᠡ᠃ ᠪᠠᠰᠠ ᠲᠤᠭᠤᠯᠭ᠎ᠠ ᠪᠤᠶᠤ ᠬᠡᠷᠰᠡᠩ ᠭᠡᠵᠦ ᠬᠡᠯᠡᠳᠡᠭ ᠭᠠᠵᠠᠷ ᠪᠣᠢ᠃ 
ᠰᠦᠪᠡᠭᠡ  
       ᠨᠢᠷᠤᠭᠤᠨ ᠤ᠋ ᠬᠠᠵᠠᠭᠤ ᠬᠠᠷᠴᠠᠭ᠎ᠠ ᠶ᠋ᠢᠨ ᠬᠥᠨᠳᠡᠯᠡᠨ ᠰᠡᠷᠪᠡᠭᠡ ( ᠵᠢᠭᠦᠷ ) ᠦ᠋ᠨ ᠦᠵᠦᠭᠦᠷ ᠰᠢᠬᠠᠭᠤ ᠬᠡᠰᠡᠭ ᠢ᠋ ᠰᠦᠪᠡᠭᠡ ᠭᠡᠳᠡᠭ᠃ ᠲᠡᠨᠳᠡ ᠪᠡᠨ ᠴᠠᠭᠠᠨᠳᠠᠢ ᠡᠯᠳᠡᠪ ᠵᠢᠰᠦᠮ ᠦ᠋ᠨ ᠦᠬᠡᠷ ᠢ᠋ ᠰᠦᠪᠡᠭᠡ ᠴᠠᠭᠠᠨ ᠭᠡᠨ᠎ᠡ᠃ 
ᠭᠡᠳᠡᠰᠦ ᠴᠠᠭᠠᠨ    ᠭᠡᠳᠡᠰᠦᠨ ᠬᠡᠰᠡᠭ ᠲᠡᠭᠡᠨ ᠴᠠᠭᠠᠨᠳᠠᠢ ᠡᠯᠳᠡᠪ ᠵᠢᠰᠦᠮ ᠦ᠋ᠨ ᠦᠬᠡᠷ᠃ 
ᠳᠠᠯᠠᠩ ᠴᠠᠭᠠᠨ    ᠳᠠᠯᠠᠩ ᠳᠡᠭᠡᠷ᠎ᠡ ᠪᠡᠨ ᠴᠠᠭᠠᠨᠳᠠᠢ ᠡᠯᠳᠡᠪ ᠵᠢᠰᠦᠮ ᠦ᠋ᠨ ᠦᠨᠢᠶᠡᠳ᠃ 
ᠴᠠᠪᠢ ᠴᠠᠭᠠᠨ     ᠴᠠᠪᠢᠨ ᠳ᠋ᠠᠭᠠᠨ ᠴᠠᠭᠠᠨᠳᠠᠢ ᠡᠯᠳᠡᠪ ᠵᠢᠰᠦᠮ ᠦ᠋ᠨ ᠦᠬᠡᠷ᠃ 
ᠰᠤᠭᠤ ᠴᠠᠭᠠᠨ     ᠰᠤᠭᠤᠨ ᠳ᠋ᠠᠭᠠᠨ ᠴᠠᠭᠠᠨᠳᠠᠢ ᠡᠯᠳᠡᠪ ᠵᠢᠰᠦᠮ ᠦ᠋ᠨ ᠦᠬᠡᠷ ᠦ᠋ᠳ᠃ 
ᠳᠠᠯᠤ ᠴᠠᠭᠠᠨ     ᠲᠠᠯᠤᠨ ᠳ᠋ᠠᠭᠠᠨ ᠴᠠᠭᠠᠨᠳᠠᠢ ᠡᠯᠳᠡᠪ ᠵᠢᠰᠦᠮ ᠦ᠋ᠨ ᠦᠬᠡᠷ᠃ 
ᠬᠦᠢᠯᠡᠭᠦᠷ ᠴᠠᠭᠠᠨ     ᠬᠦᠢᠰᠦ ᠬᠠᠪᠢ ᠴᠠᠭᠠᠨᠳᠠᠢ ᠡᠯᠳᠡᠪ ᠵᠢᠰᠦᠮ ᠦ᠋ᠨ ᠦᠬᠡᠷ᠃ 
ᠰᠡᠭᠦᠯ ᠴᠠᠭᠠᠨ  
       ᠰᠡᠭᠦᠯ ᠦ᠋ᠨ ᠬᠢᠯᠭᠠᠰᠤᠨ ᠬᠡᠰᠡᠭ ᠲᠡᠭᠡᠨ ᠴᠠᠭᠠᠨ ᠡᠯᠳᠡᠪ ᠵᠢᠰᠦᠮ ᠦ᠋ᠨ ᠦᠬᠡᠷ᠃ ᠡᠨᠳᠡ ᠴᠠᠭᠠᠨ ᠪᠣᠯᠤᠨ ᠠᠯᠠᠭ ᠬᠣᠶᠠᠷ ᠤ᠋ᠨ ᠢᠯᠭᠠᠭ᠎ᠠ ᠨᠢ ᠴᠠᠭᠠᠨ ᠤ᠋ ᠶᠡᠬᠡ ᠪᠠᠭ᠎ᠠ ᠪᠠᠷ ᠲᠣᠭᠲᠠᠭᠠᠭᠳᠠᠨ᠎ᠠ᠃ ᠪᠠᠭ᠎ᠠ ᠪᠣᠯ ᠴᠠᠭᠠᠨ ᠭᠡᠭᠳᠡᠵᠦ᠂ ᠶᠡᠬᠡ ᠪᠣᠯ ᠠᠯᠠᠭ ᠭᠡᠭᠳᠡᠨ᠎ᠡ᠃ ᠡᠨᠡ ᠬᠦ᠌ ᠴᠠᠭᠠᠨ ᠭᠡᠰᠡᠨ ᠵᠢᠰᠦᠮ ᠢ᠋ ᠡᠯ᠎ᠡ ᠵᠢᠰᠦᠮ ᠳ᠋ᠦ᠍ ᠲᠣᠳᠣᠳᠬᠠᠯ ᠪᠣᠯᠭᠠᠵᠤ ᠨᠠᠷᠢᠨ ᠵᠢᠰᠦᠮᠯᠡᠪᠡᠯ ᠮᠥᠨ ᠥᠴᠢᠨᠡᠨ ᠵᠠᠭᠤᠨ ᠵᠢᠰᠦᠮ ᠪᠣᠯᠬᠤ ᠶ᠋ᠢ ᠬᠢᠨᠠᠨ ᠤᠬᠠᠮᠤ᠃ 

               ᠡᠪᠡᠷ ᠦ᠋ᠨ ᠪᠠᠢᠳᠠᠯ ᠢ᠋ᠶ᠋ᠠᠷ ᠨᠡᠷᠡᠯᠡᠬᠦ ᠵᠦᠢᠯ 

ᠮᠤᠬᠤᠷ     ᠡᠪᠡᠷ ᠦᠭᠡᠢ᠂ ᠲᠣᠢᠮᠣᠭ᠂ ᠡᠯ᠎ᠡ ᠵᠢᠰᠦᠮ ᠦ᠋ᠨ ᠦᠬᠡᠷ᠃ 
ᠮᠣᠭᠣᠳᠣᠭ     ᠮᠣᠭᠵᠣᠭᠣᠷ᠂ ᠡᠪᠡᠷ ᠦ᠋ᠨ ᠦᠵᠦᠭᠦᠷ ᠮᠣᠬᠣᠭᠣ᠂ ᠡᠯ᠎ᠡ ᠵᠢᠰᠦᠮ ᠦ᠋ᠨ ᠦᠬᠡᠷ᠃ 
ᠲᠣᠢᠮᠣᠭ     ᠮᠤᠬᠤᠷ᠂ ᠡᠪᠡᠷ ᠦᠭᠡᠢ᠂ ᠡᠯ᠎ᠡ ᠵᠢᠰᠦᠮ ᠦ᠋ᠨ ᠦᠬᠡᠷ᠃ 
ᠲᠦᠵᠢᠭᠡᠷ     ᠮᠥᠨ ᠲᠣᠢᠮᠣᠭ ᠤ᠋ᠨ ᠨᠢᠭᠡᠨ ᠳᠠᠭᠤᠳᠠᠯᠭ᠎ᠠ᠂ ᠡᠯ᠎ᠡ ᠵᠢᠰᠦᠮ ᠦ᠋ᠨ ᠦᠬᠡᠷ᠃ 
ᠦᠰᠦᠨ ᠡᠪᠡᠷᠲᠦ  
       ᠡᠪᠡᠷ ᠦ᠋ᠨ ᠣᠷᠣᠮ ᠳ᠋ᠤ᠌ ᠥᠪᠥᠭᠡᠷ ᠦᠰᠦᠲᠡᠢ᠂ ᠡᠯ᠎ᠡ ᠵᠢᠰᠦᠮ ᠦ᠋ᠨ ᠦᠬᠡᠷ᠃ 
ᠤᠨᠵᠢᠭᠠᠷ  
       ᠤᠨᠵᠢᠭᠠᠢ᠂ ᠡᠪᠡᠷ ᠨᠢ ᠳᠣᠷᠣᠭᠰᠢ ᠤᠨᠵᠢᠭᠤ ᠤᠷᠭᠤᠭᠰᠠᠨ᠂ ᠡᠯ᠎ᠡ ᠵᠢᠰᠦᠮ ᠦ᠋ᠨ ᠦᠬᠡᠷ᠃ 
ᠪᠠᠢᠯᠠᠨ    
       ᠡᠪᠡᠷ ᠨᠢ ᠬᠣᠶᠠᠷ ᠲᠡᠢᠰᠢ ᠪᠡᠨ ᠬᠥᠨᠳᠡᠯᠡᠨ ᠤᠷᠭᠤᠭᠰᠠᠨ᠂ ᠡᠯ᠎ᠡ ᠵᠢᠰᠦᠮ ᠦ᠋ᠨ ᠦᠬᠡᠷ᠃ ᠪᠠᠰᠠ ᠮᠢᠯᠠᠩ ᠭᠡᠳᠡᠭ᠃ 
ᠬᠠᠩᠭᠠᠢ     ᠬᠣᠶᠠᠷ ᠡᠪᠡᠷ ᠦ᠋ᠨ ᠬᠣᠭᠣᠷᠣᠨᠳᠣᠬᠢ ᠵᠠᠢ ᠠᠭᠤᠵᠢᠮ᠂ ᠡᠯ᠎ᠡ ᠵᠢᠰᠦᠮ ᠦ᠋ᠨ ᠦᠬᠡᠷ᠃ 
ᠬᠣᠯᠪᠣᠭ᠎ᠠ     ᠬᠣᠶᠠᠷ ᠡᠪᠡᠷ ᠦ᠋ᠨ ᠦᠵᠦᠭᠦᠷ ᠨᠡᠢᠯᠡᠭᠰᠡᠨ᠂ ᠡᠯ᠎ᠡ ᠵᠢᠰᠦᠮ ᠦ᠋ᠨ ᠦᠬᠡᠷ᠃ 
ᠬᠣᠮᠣᠭᠣᠷ 
       ᠬᠣᠶᠠᠷ ᠡᠪᠡᠷ ᠦ᠋ᠨ ᠬᠤᠮᠢᠭᠰᠠᠨ ᠪᠠᠢᠳᠠᠯ᠂ ᠡᠯ᠎ᠡ ᠵᠢᠰᠦᠮ ᠦ᠋ᠨ ᠦᠬᠡᠷ᠃ ᠪᠠᠰᠠ ᠬᠣᠮᠪᠣᠩ ᠭᠡᠳᠡᠭ᠃ 
ᠬᠣᠮᠣᠭᠣᠷᠬᠠᠨ 
       ᠡᠪᠡᠷ ᠦ᠋ᠨ ᠪᠠᠢᠳᠠᠯ ᠬᠣᠮᠣᠭᠣᠷ ᠠ᠋ᠴᠠ ᠪᠠᠭᠠᠬᠠᠨ ᠠᠭᠤᠵᠢᠪᠳᠤᠷ᠃ ᠥᠭᠡᠷ᠎ᠡ ᠪᠡᠷ ᠬᠡᠯᠡᠪᠡᠯ᠂ ᠬᠣᠶᠠᠷ ᠡᠪᠡᠷ ᠦ᠋ᠨ ᠦᠵᠦᠭᠦᠷ ᠦ᠋ᠨ ᠠᠭᠤᠯᠵᠠᠯᠲᠠ ᠶ᠋ᠢᠨ ᠵᠠᠢ ᠨᠢ ᠬᠣᠯᠠ ᠰᠢᠭ᠋᠂ ᠡᠯ᠎ᠡ ᠵᠢᠰᠦᠮ ᠦ᠋ᠨ ᠦᠬᠡᠷ᠃ 
ᠬᠤᠷᠤᠭᠤ ᠡᠪᠡᠷᠲᠦ     ᠡᠪᠡᠷ ᠨᠢ ᠲᠤᠢᠯ ᠤ᠋ᠨ ᠣᠬᠣᠷᠬᠠᠨ᠂ ᠡᠯ᠎ᠡ ᠵᠢᠰᠦᠮ ᠦ᠋ᠨ ᠦᠬᠡᠷ᠃ 
ᠬᠥᠮᠦᠷᠢᠭᠡᠨ     ᠡᠪᠡᠷ ᠨᠢ ᠮᠠᠩᠨᠠᠢ ᠵᠦᠭ ᠢ᠋ᠶ᠋ᠡᠨ ᠬᠥᠮᠥᠢᠵᠦ ᠤᠷᠭᠤᠭᠰᠠᠨ᠂ ᠡᠯ᠎ᠡ ᠵᠢᠰᠦᠮ ᠦ᠋ᠨ ᠦᠬᠡᠷ᠃ 
ᠳᠠᠩᠬᠠᠭᠠᠷ     ᠡᠪᠡᠷ ᠨᠢ ᠬᠠᠩᠭᠠᠢ ᠪᠥᠭᠡᠳ ᠥᠨᠳᠥᠷᠬᠡᠨ᠂ ᠡᠯ᠎ᠡ ᠵᠢᠰᠦᠮ ᠦ᠋ᠨ ᠦᠬᠡᠷ᠃ 
ᠲᠠᠬᠠᠢ     ᠡᠪᠡᠷ ᠦ᠋ᠨ ᠵᠠᠢ ᠳᠠᠯᠪᠢᠭᠠᠷ ᠠᠭᠤᠳᠠᠮ᠂ ᠳᠠᠩᠬᠠᠭᠠᠷ᠂ ᠡᠯ᠎ᠡ ᠵᠢᠰᠦᠮ ᠦ᠋ᠨ ᠦᠬᠡᠷ᠃ 
ᠳᠠᠯᠢᠤ     ᠨᠢᠭᠡᠨ ᠡᠪᠡᠷ ᠳᠣᠷᠣᠭᠰᠢ ᠬᠠᠵᠠᠭᠠᠢ ᠳᠠᠯᠵᠢᠩ᠂ ᠡᠯ᠎ᠡ ᠵᠢᠰᠦᠮ ᠦ᠋ᠨ ᠦᠬᠡᠷ᠃ 
ᠳᠠᠯᠪᠢᠭᠠᠷ     ᠳᠠᠯᠪᠢᠩ᠃ ᠬᠣᠶᠠᠷ ᠡᠪᠡᠷ ᠠᠯᠴᠠᠢᠨ ᠳᠡᠯᠪᠡᠢᠨ ᠤᠷᠭᠤᠭᠰᠠᠨ᠂ ᠡᠯ᠎ᠡ ᠵᠢᠰᠦᠮ ᠦ᠋ᠨ ᠦᠬᠡᠷ᠃ 
ᠳᠠᠯᠵᠢᠭᠠᠷ     ᠳᠠᠯᠵᠢᠷ᠂ ᠳᠠᠯᠵᠢᠭᠠᠢ᠂ ᠲᠠᠯᠢᠪᠲᠦᠷ᠂ ᠡᠯ᠎ᠡ ᠵᠢᠰᠦᠮ ᠦ᠋ᠨ ᠦᠬᠡᠷ᠃ 
ᠳᠣᠯᠵᠢᠷ     ᠳᠠᠯᠢᠤ᠂ ᠰᠣᠯᠵᠢᠷ᠂ ᠳᠠᠯᠢᠪᠲᠤᠷ᠂ ᠡᠯ᠎ᠡ ᠵᠢᠰᠦᠮ ᠦ᠋ᠨ ᠦᠬᠡᠷ᠃ 
ᠰᠣᠯᠵᠢᠷ  
       ᠬᠣᠶᠠᠷ ᠡᠪᠡᠷ ᠨᠢ ᠬᠠᠷᠢᠯᠴᠠᠨ ᠳᠡᠭᠡᠭᠰᠢ ᠳᠣᠷᠣᠭᠰᠢ ᠪᠤᠶᠤ ᠨᠠᠭᠠᠰᠢ ᠴᠠᠭᠠᠰᠢ ᠳᠣᠯᠵᠢᠷ ᠤᠷᠭᠤᠭᠰᠠᠨ᠂ ᠡᠯ᠎ᠡ ᠵᠢᠰᠦᠮ ᠦ᠋ᠨ ᠦᠬᠡᠷ᠃ 
ᠰᠣᠯᠵᠢᠭᠠᠷ     ᠰᠣᠯᠵᠢᠷᠳᠠᠭᠤ ᠂ ᠡᠯ᠎ᠡ ᠵᠢᠰᠦᠮ ᠦ᠋ᠨ ᠦᠬᠡᠷ᠃ 
ᠰᠣᠶᠣᠭ᠎ᠠ     ᠠᠰᠬᠠᠪᠲᠤᠷ ᠭᠣᠵᠢᠭᠢᠷ ᠡᠪᠡᠷᠳᠡᠢ᠂ ᠡᠯ᠎ᠡ ᠵᠢᠰᠦᠮ ᠦ᠋ᠨ ᠦᠬᠡᠷ᠃ 
ᠶᠠᠷᠭᠠᠢ     ᠪᠠᠢᠯᠠᠨ ᠮᠡᠲᠦ ᠵᠠᠳᠠᠭᠠᠢ᠂ ᠡᠯ᠎ᠡ ᠵᠢᠰᠦᠮ ᠦ᠋ᠨ ᠦᠬᠡᠷ᠃ 
ᠶᠣᠵᠣᠭᠣᠷ 
       ᠡᠪᠡᠷ ᠨᠢ ᠤᠭ ᠣᠷᠣᠨᠴᠣᠭ ᠶᠣᠵᠤᠢᠬᠰᠠᠨᠨ ᠪᠣᠭᠣᠨᠢᠬᠠᠨ ᠪᠥᠭᠡᠳ ᠪᠦᠳᠦᠭᠦᠪᠲᠦᠷ᠂ ᠡᠯ᠎ᠡ ᠵᠢᠰᠦᠮ ᠦ᠋ᠨ ᠦᠬᠡᠷ᠃ 
ᠳᠡᠷᠡᠭᠡᠷ  
       ᠳᠠᠷᠠᠭᠠᠷ ᠳᠡᠷᠪᠡᠭᠡᠷ ( ᠴᠠᠯᠠᠭᠠᠢᠪᠲᠣᠷ ᠮᠥᠷᠲᠡᠭᠡᠨ ᠪᠢᠷ᠎ᠠ ᠮᠠᠭᠤᠲᠠᠢ ) ᠡᠯ᠎ᠡ ᠵᠢᠰᠦᠮ ᠦ᠋ᠨ ᠮᠠᠯ᠃  

               ᠲᠥᠷᠥᠴᠡ ᠪᠡᠷ ᠨᠡᠷᠡᠯᠡᠬᠦ ᠵᠦᠢᠯ 

ᠭᠤᠷᠪᠠᠨ ᠬᠥᠬᠥᠲᠦ  
       ᠲᠥᠷᠥᠯᠬᠢ ᠭᠤᠷᠪᠠᠨ ᠬᠥᠬᠥᠲᠦ ᠪᠤᠶᠤ ᠨᠢᠭᠡ ᠬᠥᠬᠥ ᠨᠢ ᠰᠢᠷᠭᠢᠭᠰᠡᠨ ᠢ᠋ ᠬᠡᠯᠡᠨ᠎ᠡ ᠃ ᠵᠠᠷᠢᠮ ᠦᠨᠢᠶ᠎ᠡ ᠲᠥᠷᠥᠯᠬᠢ ᠲᠠᠪᠤᠨ ᠬᠥᠬᠥ ᠲᠡᠢ ᠪᠠᠢᠳᠠᠭ ᠪᠤᠶᠤ ᠵᠢᠷᠭᠤᠭᠠᠨ ᠬᠥᠬᠥ ᠲᠡᠢ ᠪᠠᠢᠳᠠᠭ᠃ ᠲᠠᠪᠤᠨ ᠬᠥᠬᠥᠲᠦ ᠪᠤᠶᠤ ᠵᠢᠷᠭᠤᠭᠠᠨ ᠬᠥᠬᠥᠲᠦ ᠭᠡᠵᠦ ᠨᠡᠷᠡᠯᠡᠳᠡᠭ᠃ 
ᠱᠥᠪᠥᠭᠡᠷ     ᠬᠣᠩᠰᠢᠶᠠᠷ ᠨᠢ ᠨᠠᠷᠢᠪᠲᠤᠷ᠂ ᠡᠯ᠎ᠡ ᠵᠢᠰᠦᠮ ᠦ᠋ᠨ ᠦᠬᠡᠷ᠃ 
ᠰᠡᠭᠰᠡᠭᠡᠷ     ᠦᠰᠦᠯᠢᠭ ᠭᠠᠨᠵᠤᠭ᠎ᠠ ᠦᠰᠦᠲᠡᠢ᠂ ᠡᠯ᠎ᠡ ᠵᠢᠰᠦᠮ ᠦ᠋ᠨ ᠦᠬᠡᠷ᠃ 
ᠲᠡᠵᠢᠭᠡᠷ 
       ᠲᠣᠯᠣᠭᠠᠢ ᠶ᠋ᠢᠨ ᠦᠰᠦ ᠨᠢ ᠣᠬᠣᠷ ᠲᠠᠴᠢᠷᠬᠠᠨ ᠪᠤᠶᠤ ᠴᠠᠬᠠᠯᠠᠢᠲᠤᠭᠰᠠᠨ ᠬᠣᠵᠢᠭᠢᠷ ᠡᠯ᠎ᠡ ᠵᠢᠰᠦᠮ ᠦ᠋ᠨ ᠦᠬᠡᠷ᠃ 
ᠲᠣᠵᠢᠭᠠᠷ  
       ᠰᠡᠭᠦᠯ ᠣᠬᠣᠷᠬᠠᠨ ᠬᠡᠳᠦᠨ ᠰᠢᠩᠭᠡᠨ ᠬᠢᠯᠭᠠᠰᠤᠲᠠᠢ᠂ ᠣᠭᠣᠳᠣᠩ ᠪᠣᠯ ᠬᠢᠯᠭᠠᠰᠤᠨ ᠰᠡᠭᠦᠯ ᠨᠢ ᠤᠨᠠᠵᠠᠢ᠃ ᠡᠯ᠎ᠡ ᠵᠢᠰᠦᠮ ᠦ᠋ᠨ ᠦᠬᠡᠷ᠃ 
ᠣᠭᠣᠳᠣᠩ     ᠬᠢᠯᠭᠠᠰᠤᠨ ᠰᠡᠭᠦᠯ ᠨᠢ ᠤᠨᠠᠭᠰᠠᠨ ᠡᠯ᠎ᠡ ᠵᠢᠰᠦᠮ ᠦ᠋ᠨ ᠦᠬᠡᠷ᠃ 
ᠨᠤᠭᠳᠤᠭᠤᠷ     ᠬᠦᠵᠦᠭᠦᠦ ᠨᠢ ᠣᠬᠣᠷᠬᠠᠨ ᠮᠥᠷᠲᠡᠭᠡᠨ ᠬᠣᠲᠣᠭᠣᠷᠳᠠᠭᠤ᠂ ᠡᠯ᠎ᠡ ᠵᠢᠰᠦᠮ ᠦ᠋ᠨ ᠦᠬᠡᠷ᠃ 
ᠨᠦᠭᠲᠦᠭᠡᠷ     ᠨᠤᠭᠳᠤᠭᠤᠷ ᠤ᠋ᠨ ᠡᠰᠡᠷᠭᠦ ᠲᠦᠭᠳᠦᠭᠡᠷᠳᠡᠭᠦᠦ᠂ ᠡᠯ᠎ᠡ ᠵᠢᠰᠦᠮ ᠦ᠋ᠨ ᠦᠬᠡᠷ᠃ 
ᠲᠦᠭᠳᠦᠭᠡᠷ  
       ᠬᠥᠲᠥᠬᠡᠷ᠂ ᠪᠥᠭᠲᠥᠷᠳᠡᠭᠦᠦ᠂ ᠪᠠᠰᠠ ᠪᠦᠳᠦᠭᠦᠨ ᠪᠥᠭᠡᠳ ᠣᠬᠣᠷᠬᠠᠨ ᠢ᠋ ᠲᠦᠭᠳᠦᠭᠡᠷ ᠭᠡᠳᠡᠭ᠃ ᠡᠯ᠎ᠡ ᠵᠢᠰᠦᠮ ᠦ᠋ᠨ ᠦᠬᠡᠷ᠃ 
ᠳᠡᠷᠳᠡᠭᠡᠷ  
       ᠳᠠᠷᠳᠠᠭᠠᠷ ᠲᠡᠷᠴᠢᠭᠡᠷ ( ᠳᠡᠷᠳᠡᠭᠡᠷ ᠠᠳᠠᠰᠬ᠎ᠠ ) ᠦᠬᠡᠷ ᠡᠴᠡᠩᠬᠡᠷ ᠪᠣᠯᠵᠤ ᠲᠡᠷᠡᠢᠵᠦ ᠬᠤᠷᠴᠠᠢᠨ ᠬᠠᠷᠠᠭᠳᠠᠬᠤ ᠡᠯ᠎ᠡ ᠵᠢᠰᠦᠮ ᠦ᠋ᠨ ᠦᠬᠡᠷ᠃  

               ᠵᠠᠩ ᠠᠷᠠᠰᠢᠨ ᠢ᠋ᠶ᠋ᠠᠷ ᠨᠡᠷᠡᠯᠡᠬᠦ ᠵᠦᠢᠯ 

ᠡᠷᠬᠡᠭ  
       ᠡᠷᠬᠡᠯᠡᠭᠦᠯᠵᠦ ᠥᠰᠬᠡᠭᠰᠡᠨ ᠂ ᠬᠥᠮᠦᠨ ᠡᠴᠡ ᠠᠶᠤᠬᠤ ᠦᠭᠡᠢ ᠨᠣᠯᠤᠯᠳᠤᠬᠤ᠃ ᠡᠯ᠎ᠡ ᠵᠢᠰᠦᠮ ᠦ᠋ᠨ ᠦᠬᠡᠷ᠃ 
ᠢᠷᠠᠭᠯᠠᠳᠠᠭ     ᠬᠡᠪᠲᠡᠯᠭᠡᠨ ᠳ᠋ᠡᠭᠡᠨ ᠬᠢᠭᠢᠨᠡᠨ ᠤᠳᠠᠬᠤ᠂ ᠡᠯ᠎ᠡ ᠵᠢᠰᠦᠮ ᠦ᠋ᠨ ᠦᠬᠡᠷ᠃ 
ᠮᠥᠷᠭᠥᠳᠡᠭ     ᠬᠥᠮᠦᠨ ᠮᠥᠷᠭᠥᠬᠦ ᠵᠠᠩ ᠲᠠᠢ᠂ ᠡᠯ᠎ᠡ ᠵᠢᠰᠦᠮ ᠦ᠋ᠨ ᠦᠬᠡᠷ᠃ 
ᠰᠡᠵᠢᠳᠡᠭ     ᠥᠷᠥᠭᠡᠰᠦᠨ ᠪᠤᠶᠤ ᠬᠣᠶᠠᠷ ᠡᠪᠡᠷ ᠢ᠋ᠶ᠋ᠡᠷ ᠦᠯᠢᠬᠦ᠂ ᠡᠯ᠎ᠡ ᠵᠢᠰᠦᠮ ᠦ᠋ᠨ ᠦᠬᠡᠷ᠃ 
ᠲᠡᠢᠷᠳᠡᠭ     ᠬᠣᠢᠲᠤ ᠬᠥᠯ ᠢ᠋ᠶ᠋ᠡᠷ ᠢ᠋ᠶ᠋ᠡᠨ ᠡᠰᠡᠷᠭᠦᠴᠡᠨ ᠢᠰᠬᠦᠯᠬᠦ ᠂ ᠡᠯ᠎ᠡ ᠵᠢᠰᠦᠮ ᠦ᠋ᠨ ᠦᠬᠡᠷ᠃ 
ᠰᠥᠬᠥᠳᠡᠳᠡᠭ     ᠰᠥᠬᠥ ᠳ᠋ᠦ᠍ ᠰᠢᠭᠠᠵᠤ ᠥᠩᠭᠡᠷᠡᠭᠰᠡᠨ᠂ ᠡᠯ᠎ᠡ ᠵᠢᠰᠦᠮ ᠦ᠋ᠨ ᠦᠬᠡᠷ᠃ 
ᠡᠷᠭᠦᠭᠦᠯᠳᠡᠭ  
       ᠲᠠᠷᠳᠠᠵᠤ ᠮᠠᠭᠤᠳᠠᠨ ᠥᠶᠥᠭᠡᠳᠡᠭᠡᠳ ᠲᠡᠵᠢᠭᠡᠯᠭᠡᠵᠦ ᠠᠰᠠᠷᠠᠭᠤᠯᠵᠤ ᠡᠷᠭᠦᠭᠦᠯᠵᠦ ᠥᠩᠭᠡᠷᠡᠭᠰᠡᠨ ᠡᠯ᠎ᠡ ᠵᠢᠰᠦᠮ ᠦ᠋ᠨ ᠦᠬᠡᠷ᠃ 
ᠰᠢᠯᠢᠷᠡᠳᠡᠭ  
       ᠦᠨᠢᠶ᠎ᠡ ᠲᠤᠭᠤᠯᠯᠠᠬᠤ ᠳ᠋ᠠᠭᠠᠨ ᠰᠦᠷᠦᠭ ᠡᠴᠡ ᠪᠡᠨ ᠰᠠᠯᠵᠤ ᠣᠳᠳᠠᠭ᠂ ᠡᠯ᠎ᠡ ᠵᠢᠰᠦᠮ ᠦ᠋ᠨ ᠦᠬᠡᠷ᠃ 
ᠵᠣᠵᠢᠭ  
       ᠰᠦᠷᠦᠭ ᠲᠦ᠍ ᠨᠡᠢᠯᠡᠬᠦ ᠦᠭᠡᠢ ᠭᠠᠭᠴᠠᠭᠠᠷ ᠶᠠᠪᠤᠳᠠᠭ ᠪᠤᠶᠤ ᠰᠦᠷᠦᠭ ᠦ᠋ᠨ ᠬᠣᠢᠨ᠎ᠠ ᠬᠣᠴᠣᠷᠴᠤ ᠶᠠᠪᠤᠳᠠᠭ ᠡᠯ᠎ᠡ ᠵᠢᠰᠦᠮ ᠦ᠋ᠨ ᠦᠬᠡᠷ᠃ 
ᠰᠤᠢᠯᠠᠩᠨᠠᠭᠦᠷ     ᠬᠡᠢᠲᠡᠢ ᠰᠡᠷᠲᠡᠭᠡᠨᠡᠭᠦᠷ ᠡᠯ᠎ᠡ ᠵᠢᠰᠦᠮ ᠦ᠋ᠨ ᠦᠬᠡᠷ᠃ 
ᠪᠠᠰᠢᠷᠲᠠᠢ     ᠲᠡᠷᠭᠡᠨ ᠳ᠋ᠦ᠍ ᠵᠢᠳᠬᠦᠬᠦ ᠦᠭᠡᠢ ᠬᠡᠪᠲᠡᠬᠦ ᠠᠷᠭ᠎ᠠ ᠰᠤᠷᠤᠭᠰᠠᠨ᠂ ᠡᠯ᠎ᠡ ᠵᠢᠰᠦᠮ ᠦ᠋ᠨ ᠦᠬᠡᠷ᠃ 
ᠮᠤᠷᠢᠭᠠᠳ    
       ᠵᠥᠷᠢᠭᠦᠳ᠂ ᠠᠪᠴᠤ ᠭᠦᠶᠦᠭᠡᠳ ᠲᠠᠲᠠᠭᠠᠳ ᠲᠠᠲᠠᠭᠠᠳ ᠬᠦᠴᠦᠷᠡᠭᠳᠡᠬᠦ ᠦᠭᠡᠢ᠂ ᠡᠯ᠎ᠡ ᠵᠢᠰᠦᠮ ᠦ᠋ᠨ ᠦᠬᠡᠷ᠃ 
ᠤᠯᠠᠩᠭᠠᠰᠳᠠᠭ 
       ᠬᠥᠮᠦᠨ ᠪᠠ ᠴᠢᠰᠤ ᠦᠵᠡᠭᠰᠡᠭᠡᠷ ᠨᠢᠳᠦ ᠨᠢ ᠤᠯᠠᠢᠵᠤ ᠣᠷᠬᠢᠷᠠᠵᠤ ᠬᠥᠮᠦᠨ ᠳ᠋ᠦ᠍ ᠬᠠᠯᠳᠠᠳᠠᠭ ᠡᠯ᠎ᠡ ᠵᠢᠰᠦᠮ ᠦ᠋ᠨ ᠦᠬᠡᠷ᠃