ᠬᠠᠷᠢᠶᠠᠴᠠᠢ ᠬᠡᠳᠡᠭᠡᠨ᠎ᠡ ᠬᠣᠶᠠᠷ-ᠮᠣᠩᠭᠣᠯ ᠠᠷᠠᠳ ᠤᠨ ᠦᠯᠢᠭᠡᠷ Монгол ардын үлгэр - Хараацай хэдгэнэ хоёр
ᠬᠠᠷᠢᠶᠠᠴᠠᠢ ᠬᠡᠳᠡᠭᠡᠨ᠎ᠡ ᠬᠣᠶᠠᠷ
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠴᠠᠭ ᠲᠸ᠋᠂ ᠵᠢᠭᠦᠷᠲᠡᠨ ᠦ᠌ ᠬᠠᠨ ᠭᠠᠷᠤᠳᠢ᠂ ᠭᠠᠵᠠᠷ ᠳᠡᠭᠡᠷ᠎ᠡ ᠶᠠᠮᠠᠷ ᠠᠮᠢᠲᠠᠨ ᠤ᠋ ᠮᠢᠬ᠎ᠠ ᠬᠠᠮᠤᠭ ᠤ᠋ᠨ ᠰᠠᠢᠬᠠᠨ ᠠᠮᠲᠠᠲᠠᠢ ᠶ᠋ᠢ ᠮᠡᠳᠡᠬᠦ ᠭᠡᠵᠦ ᠬᠠᠷᠢᠶᠠᠴᠠᠢ ᠬᠡᠳᠡᠭᠡᠨ᠎ᠡ ᠬᠣᠶᠠᠷ ᠢ᠋ ᠳᠠᠭᠤᠳᠠᠭᠤᠯᠵᠤ ᠭᠡᠨ᠎ᠡ᠃ ᠳᠠᠭᠤᠳᠠᠭᠤᠯᠵᠤ ᠢᠷᠡᠭᠦᠯᠦᠭᠡᠳ ᠬᠡᠯᠡᠪᠡ᠃
— ᠲᠠ ᠬᠣᠶᠠᠷ ᠡᠨᠡ ᠳᠡᠯᠡᠬᠡᠢ ᠳ᠋ᠦ᠍ ᠡᠷᠭᠢᠨ ᠲᠣᠭᠣᠷᠢᠨ ᠨᠢᠰᠦᠭᠡᠳ ᠶᠠᠮᠠᠷ ᠠᠮᠢᠲᠠᠨ ᠤ᠋ ᠮᠢᠬ᠎ᠠ ᠢᠯᠡᠭᠦᠦ ᠰᠠᠢᠬᠠᠨ ᠠᠮᠲᠠᠲᠠᠢ ᠶ᠋ᠢ ᠮᠡᠳᠡᠵᠦ ᠢᠷ᠎ᠡ ᠭᠡᠵᠡᠢ᠃
ᠬᠠᠷᠢᠶᠠᠴᠠᠢ ᠬᠡᠳᠡᠭᠡᠨ᠎ᠡ ᠬᠣᠶᠠᠷ ᠵᠠᠷᠯᠢᠭ ᠶᠣᠰᠣᠭᠠᠷ ᠨᠢᠰᠦᠨ ᠣᠳᠴᠠᠢ᠃ ᠲᠡᠷᠡ ᠡᠳᠦᠷ ᠦ᠋ᠨ ᠲᠡᠭᠷᠢ ᠴᠡᠯᠮᠡᠭ᠂ ᠨᠠᠷᠠ ᠳᠤᠷᠠᠳᠤᠮᠠᠯ᠂ ᠨᠠᠢᠷᠲᠠᠢ ᠳᠤᠯᠠᠭᠠᠨ ᠪᠠᠢᠭᠰᠠᠨ ᠲᠤᠯᠠ ᠬᠠᠷᠢᠶᠠᠴᠠᠢ ᠰᠢᠪᠠᠭᠤ ᠬᠠᠭᠠᠨ ᠡᠵᠡᠨ ᠦ᠌ ᠪᠡᠨ ᠵᠠᠷᠯᠢᠭ ᠢ᠋ ᠮᠠᠷᠲᠠᠭᠠᠳ᠂ ᠬᠥᠬᠡ ᠲᠩᠷᠢ ᠳ᠋ᠦ᠍ ᠬᠥᠭᠡᠷᠦᠨ ᠨᠢᠰᠴᠦ ᠬᠥᠭᠵᠢᠯᠲᠡᠢ ᠰᠠᠢᠬᠠᠨ ᠵᠢᠷᠭᠢᠨ ᠳᠠᠭᠤᠯᠠᠵᠤ᠂ ᠳᠤᠷᠠᠳᠤᠮᠠᠯ ᠨᠠᠷᠠᠨ ᠳ᠋ᠤ᠌ ᠡᠭᠡᠭᠡᠵᠦ᠂ ᠳᠤᠷ᠎ᠠ ᠪᠠᠨ ᠬᠠᠨᠲᠠᠯ᠎ᠠ ᠴᠡᠩᠭᠡᠵᠦ ᠶᠠᠪᠤᠪᠠ᠃ ᠬᠣᠣᠷ ᠤ᠋ᠨ ᠮᠠᠭᠤ ᠰᠠᠨᠠᠭᠠᠲᠤ ᠬᠡᠳᠡᠭᠡᠨ᠎ᠡ ᠯᠡ ᠬᠠᠷᠢᠨ ᠬᠠᠷᠠᠩᠭᠤᠢ ᠵᠠᠮ ᠳ᠋ᠤ᠌ ᠲᠠᠭᠠᠷᠠᠯᠳᠤᠭᠰᠠᠨ ᠬᠠᠮᠤᠭ ᠠᠮᠢᠲᠠᠨ ᠢ᠋ ᠬᠠᠳᠬᠤᠵᠤ ᠬᠠᠯᠠᠭᠤᠨ ᠴᠢᠰᠤ ᠶ᠋ᠢ ᠠᠮᠲᠠᠯᠠᠵᠤ ᠶᠠᠪᠤᠯ᠎ᠠ᠃ ᠲᠡᠭᠡᠵᠦ ᠪᠠᠢᠲᠠᠯ᠎ᠠ ᠨᠠᠷᠠ ᠰᠢᠩᠭᠡᠵᠦ᠂ ᠲᠡᠷᠡ ᠬᠣᠶᠠᠷ ᠴᠤ᠌ ᠪᠤᠴᠠᠬᠤ ᠪᠣᠯᠪᠠ᠃ ᠲᠡᠮᠳᠡᠭᠲᠦ ᠭᠠᠵᠠᠷ ᠢ᠋ᠶ᠋ᠠᠨ ᠬᠣᠶᠠᠭᠤᠯᠠ ᠪᠠᠨ ᠠᠭᠤᠯᠵᠠᠭᠠᠳ ᠬᠠᠨ ᠭᠠᠷᠤᠳᠢ ᠳ᠋ᠤ᠌ ᠪᠤᠴᠠᠬᠤ ᠵᠠᠮ ᠳ᠋ᠤ᠌ ᠪᠠᠨ ᠬᠠᠷᠢᠶᠠᠴᠠᠢ ᠰᠢᠪᠠᠭᠤ ᠬᠡᠳᠡᠭᠡᠨ᠎ᠡ ᠡᠴᠡ ᠠᠰᠠᠭᠤᠪᠠ᠃
— ᠶᠠᠮᠠᠷ ᠠᠮᠢᠲᠠᠨ ᠤ᠋ ᠮᠢᠬ᠎ᠠ ᠬᠠᠮᠤᠭ ᠠ᠋ᠴᠠ ᠠᠮᠲᠠᠲᠠᠢ ᠪᠣᠢ ᠭᠡᠵᠦ ᠴᠢ ᠮᠡᠳᠡᠪᠡ? ᠭᠡᠰᠡᠨ ᠳ᠋ᠦ᠍ ᠬᠡᠳᠡᠭᠡᠨ᠎ᠡ
— ᠬᠥᠮᠦᠨ ᠦ᠌ ᠮᠢᠬ᠎ᠠ ᠯᠠ ᠬᠠᠮᠤᠭ ᠤ᠋ᠨ ᠠᠮᠲᠠᠲᠠᠢ ᠶᠤᠮ ᠭᠡᠵᠦ ᠮᠡᠳᠡᠯ᠎ᠡ᠃ ᠬᠦᠨᠳᠦᠲᠦ ᠬᠠᠭᠠᠨ ᠮᠠᠨᠢ ᠣᠳᠣ ᠬᠥᠮᠦᠨ ᠦ᠌ ᠮᠢᠬ᠎ᠠ ᠪᠠᠷ ᠬᠣᠭᠣᠯᠠᠯᠠᠬᠤ ᠪᠣᠯᠤᠨ᠎ᠠ ᠭᠡᠵᠡᠢ᠃
— ᠬᠠᠷᠢᠶᠠᠴᠠᠢ ᠰᠢᠪᠠᠭᠤ ᠬᠠᠷᠠᠮᠰᠠᠨ ᠭᠠᠰᠢᠭᠤᠳᠠᠵᠤ ᠬᠥᠭᠡᠷᠦᠬᠦᠢ ᠬᠥᠮᠦᠨ ᠲᠥᠷᠥᠯᠬᠢᠲᠡᠨ ᠢ᠋ ᠬᠥᠨᠥᠭᠡᠯ ᠡᠴᠡ ᠶᠠᠭᠠᠬᠢᠵᠤ ᠠᠪᠤᠷᠠᠬᠤ ᠪᠢᠯᠡ ᠭᠡᠵᠦ ᠭᠠᠢᠬᠠᠰᠢ ᠪᠠᠷᠠᠭᠳᠠᠭᠠᠳ᠂ ᠠᠮᠢᠳᠤ ᠬᠥᠮᠦᠨ ᠦ᠌ ᠴᠢᠰᠤ ᠶ᠋ᠢ ᠠᠮᠰᠠᠵᠤ ᠦᠵᠡᠪᠡ ᠤᠤ? ᠴᠢ ᠭᠡᠰᠡᠨ ᠳ᠋ᠦ᠍ ᠬᠡᠳᠡᠭᠡᠨ᠎ᠡ
— ᠠ᠂ ᠲᠡᠷᠡ ᠶᠠᠭᠤᠨ ᠪᠠᠢᠬᠤ ᠪᠣᠢ? ᠬᠠᠳᠬᠤᠭᠤᠷ ᠢ᠋ᠶ᠋ᠠᠨ ᠬᠠᠳᠬᠤᠭᠠᠳ ᠬᠡᠯᠡ ᠪᠡᠷ ᠢ᠋ᠶ᠋ᠡᠨ ᠠᠮᠲᠠᠯᠠᠵᠤ ᠦᠵᠡᠯ᠎ᠡ ᠭᠡᠰᠡᠨ ᠳ᠋ᠦ᠍᠂ ᠬᠠᠷᠢᠶᠠᠴᠠᠢ
— ᠲᠡᠷᠡ ᠵᠢᠷᠦᠬᠡ ᠶ᠋ᠢ ᠠᠮᠲᠠᠯᠠᠳᠠᠭ ᠬᠡᠯᠡ ᠴᠢᠨᠢ ᠠᠯᠢ ᠪᠣᠢ? ᠭᠡᠰᠡᠨ ᠳ᠋ᠦ᠍᠂
— ᠡᠨᠡ ᠭᠡᠵᠦ ᠠᠮᠠ ᠪᠠᠨ ᠠᠩᠭᠠᠢᠨ ᠬᠡᠯᠡ ᠪᠡᠨ ᠦᠵᠡᠭᠦᠯᠦᠭᠰᠡᠨ ᠳ᠋ᠦ᠍᠂ ᠬᠠᠷᠢᠶᠠᠴᠠᠢ ᠬᠡᠯᠡ ᠶ᠋ᠢ ᠨᠢ ᠰᠤᠭᠤ ᠲᠠᠲᠠᠵᠤ ᠣᠷᠬᠢᠵᠠᠢ᠃ ᠲᠡᠷᠡ ᠴᠠᠭ ᠠ᠋ᠴᠠ ᠬᠣᠢᠰᠢ ᠬᠡᠳᠡᠭᠡᠨ᠎ᠡ ᠶᠡᠷᠦ ᠳ᠋ᠦ᠍ ᠶ᠋ᠢᠨ ᠠᠳᠠᠯᠢ ᠳᠣᠩᠭᠣᠳᠴᠤ ᠴᠢᠳᠠᠬᠤ ᠪᠠᠨ ᠪᠠᠢᠭᠠᠳ ᠵᠦᠭᠡᠷ ᠳᠦᠩᠭᠢᠨᠡᠳᠡᠭ ᠪᠣᠯᠴᠢᠬᠠᠭᠰᠠᠨ ᠭᠡᠨ᠎ᠡ᠃ ᠲᠡᠭᠡᠭᠡᠳ ᠰᠢᠪᠠᠭᠤᠨ ᠤ᠋ ᠬᠠᠭᠠᠨ ᠳ᠋ᠤ᠌ ᠣᠴᠢᠵᠤ᠂ ᠬᠡᠳᠡᠭᠡᠨ᠎ᠡ ᠬᠠᠭᠠᠨ ᠤ᠋ ᠬᠣᠢᠨ᠎ᠠ ᠤᠷᠢᠳᠠ ᠮᠥᠷᠲᠡᠭᠡᠨᠡᠨ ᠭᠣᠮᠣᠳᠠᠯ ᠵᠠᠷᠭᠤ ᠮᠡᠳᠡᠭᠦᠯᠦᠨ᠂ ᠪᠠᠢᠳᠠᠭ ᠴᠢᠳᠠᠯ ᠢ᠋ᠶ᠋ᠠᠷ ᠢ᠋ᠶ᠋ᠠᠨ ᠳᠦᠩᠭᠢᠨᠡᠭᠰᠡᠨ ᠪᠣᠯᠪᠠᠴᠤ ᠨᠢᠭᠡᠨᠲᠡ ᠬᠡᠯᠡ ᠦᠭᠡᠢ ᠪᠣᠯᠤᠭᠰᠠᠨ ᠪᠣᠯᠬᠣᠷ ᠶᠠᠭᠤ ᠴᠣ ᠬᠡᠯᠡᠵᠦ ᠴᠢᠳᠠᠭᠰᠠᠨ ᠦᠭᠡᠢ᠃
— ᠶᠠᠭᠤ ᠭᠡᠵᠦ ᠳᠦᠩᠭᠢᠨᠡᠭᠡᠳ ᠪᠠᠢᠭ᠎ᠠ ᠶᠤᠮ ᠪᠣᠢ? ᠴᠢ᠂ ᠪᠢ ᠶᠠᠭᠤ ᠴᠤ᠌ ᠣᠢᠯᠠᠭᠠᠬᠤ ᠦᠭᠡᠢ ᠪᠠᠢᠨ᠎ᠠ ᠭᠡᠵᠦ ᠰᠢᠪᠠᠭᠤᠨ ᠤ᠋ ᠬᠠᠭᠠᠨ ᠤᠨᠲᠤᠭᠤᠴᠠᠨ ᠠᠭᠤᠷᠯᠠᠭᠠᠳ᠂ ᠬᠠᠷᠢᠶᠠᠴᠠᠢ ᠴᠢ ᠬᠡᠯᠡ᠂ ᠶᠠᠭᠤᠨ ᠤ᠋ ᠮᠢᠬ᠎ᠠ ᠢᠯᠡᠭᠦᠦ ᠠᠮᠲᠠᠲᠠᠢ ᠪᠣᠢ? ᠭᠡᠰᠡᠨ ᠳ᠋ᠦ᠍᠂
ᠬᠠᠮᠤᠭ ᠤ᠋ᠨ ᠠᠮᠲᠠᠲᠠᠢ ᠨᠢ ᠮᠣᠭᠠᠢ ᠶ᠋ᠢᠨ ᠮᠢᠬ᠎ᠠ ᠭᠡᠵᠡᠢ᠃ ᠰᠢᠪᠠᠭᠤᠨ ᠤ᠋ ᠬᠠᠭᠠᠨ ᠬᠠᠷᠢᠶᠠᠴᠠᠢ ᠶ᠋ᠢᠨ ᠦᠭᠡ ᠶ᠋ᠢ ᠦᠨᠡᠮᠰᠢᠭᠡᠳ ᠮᠣᠭᠠᠢ ᠪᠠᠷᠢᠵᠤ ᠢᠳᠡᠳᠡᠭ ᠪᠣᠯᠪᠠ ᠭᠡᠨ᠎ᠡ᠃ ᠣᠳᠣ ᠬᠠᠨ ᠭᠠᠷᠤᠳᠢ ᠶ᠋ᠢᠨ ᠤᠳᠤᠮ ᠠ᠋ᠴᠠ ᠭᠠᠭᠴᠠ ᠡᠯᠢᠶ᠎ᠡ ᠦᠯᠡᠳᠡᠵᠦ ᠬᠣᠴᠣᠷᠤᠭᠰᠠᠨ ᠪᠥᠭᠡᠳ ᠬᠠᠭᠠᠨ ᠤ᠋ ᠪᠠᠨ ᠨᠢᠭᠡᠨ ᠠᠳᠠᠯᠢ ᠮᠣᠭᠠᠢ ᠢᠳᠡᠬᠦ ᠳᠤᠷᠠᠲᠠᠢ ᠪᠣᠯᠤᠭᠰᠠᠨ ᠭᠡᠵᠡᠢ᠃
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
