ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 9 > Хөх зул – Боржигон Ванжал –"Тав ᠂ Таван хошуу малын бүлэг " 9 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 9 > Хөх зул – Боржигон Ванжал –"Тав ᠂ Таван хошуу малын бүлэг " 9

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 9 > Хөх зул – Боржигон Ванжал –"Тав ᠂ Таван хошуу малын бүлэг " 9

ᠠᠩᠭᠢᠯᠠᠯ:ᠵᠠᠩ ᠦᠢᠯᠡ
2023-12-17

261

ᠲᠠᠪᠤ ᠂ ᠲᠠᠪᠤᠨ ᠬᠣᠰᠢᠭᠤ ᠮᠠᠯ ᠤᠨ ᠪᠦᠯᠦᠭ – 9

ᠠᠳᠤᠭᠤ ᠶᠢ ᠨᠡᠷᠡᠯᠡᠬᠦ Адууг нэрлэх


               ᠠᠳᠤᠭᠤ ᠶ᠋ᠢ ᠲᠥᠷᠥᠴᠡ ᠪᠡᠷ ᠲᠣᠳᠣᠳᠬᠠᠨ ᠨᠡᠷᠡᠯᠡᠬᠦ ᠵᠦᠢᠯ  

ᠪᠦᠯᠲᠡᠭᠡᠷ ᠨᠢᠳᠦᠲᠦ    ᠨᠢᠳᠦ ᠨᠢ ᠲᠣᠮᠣ ᠪᠥᠭᠡᠳ ᠳᠣᠪᠣᠭᠣᠷ ᠲᠥᠭᠥᠷᠢᠭᠬᠡᠨ᠃ 
ᠮᠣᠭᠠᠢ ᠨᠢᠳᠦᠲᠦ     ᠨᠢᠳᠦ ᠨᠢ ᠪᠠᠭ᠎ᠠ ᠮᠥᠷᠲᠡᠭᠡᠨ ᠭᠤᠷᠪᠠᠯᠵᠢᠨᠳᠠᠭᠤ᠃ 
ᠴᠠᠬᠢᠷ ᠨᠢᠳᠦᠲᠦ    ᠨᠢᠳᠦᠨ ᠴᠡᠴᠡᠭᠡᠢ ᠨᠢ ᠴᠠᠭᠠᠪᠲᠤᠷ ᠪᠤᠶᠤ ᠨᠣᠭᠣᠭᠠᠨ᠃ 
ᠬᠢᠯᠮᠠᠩ ᠨᠢᠳᠦᠲᠦ  
       ᠴᠢᠯᠪᠠᠩ ᠴᠠᠭᠠᠨ ᠵᠢᠰᠦᠮ ᠲᠡᠢ᠃ ᠨᠣᠭᠣᠭᠠᠨ ᠮᠥᠷᠲᠡᠭᠡᠨ ᠣᠯᠪᠢᠩ ᠨᠢᠳᠦᠲᠡᠢ᠂ ᠲᠦᠭᠦᠬᠡᠢ ᠬᠠᠮᠠᠷᠳᠠᠢ᠂ ᠴᠠᠪᠢ ᠰᠤᠭᠤ ᠨᠢ ᠴᠦ᠍ ᠶᠠᠭᠠᠪᠲᠤᠷ ᠲᠦᠭᠦᠬᠡᠢ ᠴᠠᠭᠠᠨ᠃ 
ᠮᠡᠯᠡᠬᠡᠢ ᠵᠣᠪᠬᠢᠲᠠᠢ   ᠨᠢᠳᠦᠨ ᠵᠣᠪᠬᠢ ᠨᠢ ᠪᠥᠯᠴᠥᠭᠡᠷ᠃ 
ᠲᠦᠭᠦᠬᠡᠢ ᠬᠠᠮᠠᠷᠲᠤ   ᠬᠠᠮᠠᠷ ᠴᠣᠷᠪᠣ ᠶ᠋ᠢᠨ ᠬᠡᠰᠡᠭ ᠨᠢ ᠤᠯᠠᠭᠠᠪᠲᠤᠷ ᠲᠦᠭᠦᠬᠡᠢ ᠴᠠᠭᠠᠨ᠃ 
ᠬᠤᠪᠤ       ᠴᠢᠬᠢ ᠦᠭᠡᠢ ᠪᠤᠶᠤ ᠠᠰᠤᠷᠤ ᠪᠠᠭ᠎ᠠ ᠴᠢᠬᠢᠲᠡᠢ ᠶ᠋ᠢ ᠬᠡᠯᠡᠨ᠎ᠡ᠃ 
ᠬᠤᠯᠤᠭᠠᠷ 
        ᠴᠢᠬᠢᠨ ᠦ᠌ ᠦᠵᠦᠭᠦᠷ ᠨᠢ ᠬᠥᠯᠳᠡᠭᠰᠡᠨ ᠪᠤᠶᠤ ᠣᠭᠲᠣᠯᠤᠭᠳᠠᠭᠰᠠᠨ᠂ ᠮᠥᠨ ᠲᠥᠷᠥᠯᠬᠢ ᠦᠵᠦᠭᠦᠷ ᠦᠭᠡᠢ ᠴᠢᠬᠢᠲᠡᠢ ᠶ᠋ᠢ ᠬᠡᠯᠡᠨ᠎ᠡ᠃ 
ᠬᠤᠯᠮᠠᠩ    ᠠᠮᠢᠲᠠᠨ ᠠᠳᠤᠭᠤᠰᠤᠨ ᠤ᠋ ᠴᠢᠬᠢ ᠵᠢᠵᠢᠭ ᠪᠤᠶᠤ ᠬᠤᠯᠤᠭᠠᠷᠳᠠᠭᠤ ᠶ᠋ᠢ ᠬᠡᠯᠡᠨ᠎ᠡ᠃ 
ᠵᠡᠪᠡᠨ ᠴᠢᠬᠢᠲᠦ 
       ᠪᠠᠢᠯᠳᠤᠭᠠᠨ ᠳ᠋ᠤ᠌ ᠬᠡᠷᠡᠭᠯᠡᠬᠦ ᠵᠡᠪᠡ ᠶ᠋ᠢᠨ ᠬᠡᠯᠪᠡᠷᠢᠲᠡᠢ ᠴᠢᠬᠢ᠃ ᠦᠵᠦᠭᠦᠷᠲᠡᠢ ᠬᠤᠪᠤ ᠴᠢᠬᠢ ᠪᠤᠶᠤ ᠴᠢᠬᠢᠨ ᠳᠡᠯᠪᠢ ᠨᠢ ᠬᠤᠮᠢᠭᠠᠷ ᠮᠥᠷᠲᠡᠭᠡᠨ ᠦᠵᠦᠭᠦᠷ ᠵᠦᠭ ᠢ᠋ᠶ᠋ᠡᠨ ᠱᠤᠪᠲᠤᠩ ᠪᠦᠲᠦᠨ ᠴᠢᠬᠢ ᠶ᠋ᠢ ᠴᠦ᠍ ᠵᠠᠪᠢᠨ ᠴᠢᠬᠢᠲᠦ ᠭᠡᠨ᠎ᠡ᠃ ᠣᠯᠠᠩᠬᠢ ᠳ᠋ᠠᠭᠠᠨ ᠪᠤᠭ ᠮᠠᠯ ᠳ᠋ᠤ᠌ ᠲᠣᠬᠢᠶᠠᠯᠳᠤᠵᠤ᠂ ᠠᠳᠤᠭᠤᠨ ᠳ᠋ᠤ᠌ ᠬᠠᠶᠠ ᠬᠤᠪᠤ ᠴᠢᠬᠢᠨ ᠳ᠋ᠦ᠍ ᠢᠯᠡᠷᠡᠳᠡᠭ᠃  
ᠳᠡᠯᠪᠡᠭᠡᠷ  
       ᠡᠳ᠋ᠯᠡᠭᠡ ᠬᠡᠲᠦᠷᠡᠭᠰᠡᠨ ᠡᠴᠡ ᠴᠢᠬᠢ ᠨᠢ ᠳᠠᠯᠪᠠᠢᠵᠤ ᠪᠠᠭᠤᠭᠰᠠᠨ ᠵᠢᠴᠢ ᠵᠣᠬᠢᠮᠵᠢ ᠦᠭᠡᠢ᠂ ᠥᠷᠭᠡᠨ ᠶᠡᠬᠡ ᠮᠡᠲᠦᠰ᠃ 
ᠰᠡᠷᠲᠡᠭᠡᠷ   
       ᠰᠡᠭᠡᠲᠡᠩ ( ᠰᠣᠭᠣᠲᠣᠩ ) ᠰᠡᠷᠲᠡᠩ ᠬᠡᠯᠪᠡᠷᠢᠲᠡᠢ ᠴᠢᠬᠢ᠂ ᠴᠢᠮᠡᠭᠡ ᠰᠣᠨᠣᠷᠴᠢ ᠴᠢᠬᠢ᠃ 
ᠰᠣᠷᠲᠣᠭᠣᠷ     ᠰᠣᠷᠭᠣᠭ ᠰᠡᠷᠲᠡᠭᠡᠨᠡᠭᠦᠷ ᠴᠢᠬᠢ᠃ 
ᠬᠠᠢᠴᠢᠨ ᠴᠢᠬᠢᠲᠦ     ᠴᠢᠬᠢ ᠪᠡᠨ ᠬᠡᠵᠢᠶᠡᠳᠡ ᠰᠣᠯᠪᠢᠴᠠᠳᠠᠭ᠃ 
ᠢᠮᠠᠭᠠᠨ ᠲᠣᠯᠣᠭᠠᠢᠲᠤ  
       ᠶᠠᠷᠳᠠᠢᠭᠰᠠᠨ ᠬᠠᠮᠠᠷᠳᠠᠢ ᠠᠬᠤᠷᠬᠠᠨ ᠰᠢᠭ᠋  ᠪᠠᠭ᠎ᠠ ᠲᠣᠯᠣᠭᠠᠢᠲᠠᠢ ᠠᠳᠤᠭᠤ ᠃ ᠬᠤᠷᠳᠤᠨ ᠮᠣᠷᠢᠨ ᠤ᠋ ᠰᠢᠨᠵᠢᠯᠡᠭᠡ ᠶ᠋ᠢᠨ ᠨᠢᠭᠡ ᠭᠡᠵᠦ ᠵᠠᠷᠢᠮ ᠬᠥᠮᠦᠨ ᠬᠡᠯᠡᠳᠡᠭ᠃ 
ᠬᠣᠨᠢᠨ ᠲᠣᠯᠣᠭᠠᠢᠲᠤ  
       ᠮᠣᠩᠬᠣᠷ ᠬᠠᠮᠠᠷᠳᠠᠢ ᠥᠨᠳᠥᠷ ᠲᠣᠯᠣᠭᠠᠢᠲᠠᠢ ᠠᠳᠤᠭᠤ ᠃ ᠬᠤᠷᠳᠤᠨ ᠮᠣᠷᠢᠨ ᠤ᠋ ᠰᠢᠨᠵᠢᠯᠡᠭᠡ ᠶ᠋ᠢᠨ ᠨᠢᠭᠡ ᠃ 
ᠥᠨᠳᠥᠷ ᠰᠡᠷᠪᠡᠭᠡᠲᠦ     ᠮᠤᠨᠳᠠᠭ᠎ᠠ ᠶ᠋ᠢᠨ ᠣᠪᠣᠭᠣᠷ ᠥᠨᠳᠥᠷ ᠠᠳᠤᠭᠤ ᠃ 
ᠭᠣᠨᠢᠭᠠᠷ ᠨᠢᠷᠤᠭᠤᠲᠤ     ᠤᠷᠲᠤ ᠵᠣ᠌ ᠨᠢᠷᠤᠭᠤᠲᠠᠢ ᠠᠳᠤᠭᠤ ᠃ 
ᠬᠣᠲᠣᠭᠣᠷ ᠨᠢᠷᠤᠭᠤᠲᠤ     ᠨᠢᠷᠤᠭᠤ ᠨᠢ ᠮᠢᠳᠠᠭᠠᠷ ᠃ 
ᠪᠥᠭᠲᠥᠷ ᠨᠢᠷᠤᠭᠤᠲᠤ  
       ᠨᠢᠷᠤᠭᠤ ᠨᠢ ᠠᠷᠤᠬᠠᠨ ᠢ᠋ᠶ᠋ᠠᠷ ᠢ᠋ᠶ᠋ᠠᠨ ᠡᠷᠭᠦᠭᠳᠡᠭᠰᠡᠨ ᠥᠷᠢᠭᠦᠦ ᠃ ᠥᠭᠡᠷ᠎ᠡ ᠪᠡᠷ ᠬᠡᠯᠡᠪᠡᠯ ᠂ ᠬᠠᠷᠭᠠᠮ ᠥᠨᠳᠥᠷ ᠃ 
ᠢᠨᠵᠠᠭᠠᠨ ᠵᠣ᠌ ᠲᠠᠢ     ᠪᠥᠭᠡᠷᠡᠩᠬᠢ ᠪᠥᠮᠪᠥᠷᠢᠭᠡᠨ ᠨᠢᠷᠤᠭᠤᠲᠠᠢ ᠠᠳᠤᠭᠤ ᠃ 
ᠲᠠᠤᠯᠠᠢ ᠶ᠋ᠢᠨ ᠵᠣ᠌ ᠲᠠᠢ     ᠥᠨᠳᠡᠭᠡᠨ ᠵᠣ᠌ ᠲᠠᠢ ᠠᠳᠤᠭᠤ᠃ 
ᠳᠥᠷᠪᠡᠯᠵᠢᠨ ᠳᠠᠰᠢᠶᠠᠲᠤ   
       ᠲᠡᠭ ᠳᠦᠷᠪᠡᠨᠵᠢᠯᠳᠡᠭᠦᠦ ᠥᠷᠭᠡᠨ ᠲᠠᠰᠢᠶᠠᠲᠠᠢ ᠠᠳᠤᠭᠤ᠂ ᠶᠡᠬᠡ ᠲᠠᠰᠢᠶᠠᠲᠠᠢ᠃ 
ᠦᠬᠡᠷ ᠳᠠᠰᠢᠶᠠᠲᠤ     ᠲᠡᠰᠢᠶ᠎ᠡ ᠨᠢ ᠪᠠᠭ᠎ᠠ ᠪᠥᠭᠡᠳ ᠭᠣᠵᠢᠭᠢᠷ ᠪᠣᠰᠤᠭᠠᠳᠠᠭᠤ᠃ 
ᠬᠡᠯᠲᠡᠩ  
       ᠲᠡᠰᠢᠶ᠎ᠡ ᠶ᠋ᠢᠨ ᠨᠢᠭᠡ ᠨᠢ ᠬᠡᠯᠲᠡᠷᠬᠡᠢ ᠪᠠᠯᠪᠠᠷᠬᠠᠢ᠃ ᠡᠪ ᠦᠭᠡᠢ ᠴᠣᠬᠢᠭᠳᠠᠵᠤ᠂ ᠣᠢᠴᠢᠭᠰᠠᠨ ᠠ᠋ᠴᠠ ᠪᠣᠯᠵᠤ ᠰᠡᠭᠦᠵᠢᠨ ᠲᠣᠯᠣᠭᠠᠢ ᠨᠢ ᠪᠠᠯᠪᠠᠷᠠᠭᠰᠠᠨ ᠪᠤᠶᠤ ᠲᠠᠰᠢᠶᠠᠨ  ᠤ᠋ ᠦᠵᠦᠭᠦᠷ ᠨᠢ ᠮᠤᠬᠤᠷ ᠪᠣᠯᠤᠭᠰᠠᠨ᠃ 
ᠱᠤᠪᠲᠤᠩ   ᠲᠡᠰᠢᠶ᠎ᠡ ᠨᠢ ᠱᠤᠪᠲᠤᠭᠤᠷ ᠃ 
ᠪᠣᠰᠤᠭ᠎ᠠ ᠪᠣᠷᠪᠢᠲᠤ   ᠪᠣᠷᠪᠢ ᠨᠢ ᠪᠣᠰᠤᠭ᠎ᠠ ᠮᠥᠷᠲᠡᠭᠡᠨ ᠮᠠᠰᠢ ᠵᠠᠳᠠᠭᠠᠢ᠃ 
ᠵᠠᠳᠠᠭᠠᠢ  ᠪᠣᠷᠪᠢᠲᠤ      ᠬᠣᠶᠠᠷ ᠪᠣᠷᠪᠢ ᠶ᠋ᠢᠨ ᠬᠣᠭᠣᠷᠣᠨᠳᠣᠬᠢ ᠵᠠᠢ ᠨᠢ ᠠᠭᠤᠵᠢᠮ᠃ 
ᠪᠣᠰᠤᠭ᠎ᠠ ᠴᠦᠮᠴᠤᠭᠡᠲᠡᠢ  
       ᠰᠠᠭᠠᠭ ᠲᠤᠭᠤᠷᠠᠢ ᠬᠣᠶᠠᠷ ᠤ᠋ᠨ ᠳᠤᠮᠳᠠᠬᠢ ᠦᠶ᠎ᠡ ᠨᠢ ᠪᠣᠭᠣᠨᠢ ᠪᠥᠭᠡᠳ ᠪᠣᠰᠤᠭ᠎ᠠ ᠬᠡᠯᠪᠡᠷᠢᠲᠡᠢ᠃
ᠬᠡᠪᠲᠡᠭᠡ ᠴᠦᠮᠴᠤᠭᠡᠲᠡᠢ  
       ᠰᠠᠭᠠᠭ ᠲᠤᠭᠤᠷᠠᠢ ᠬᠣᠶᠠᠷ ᠤ᠋ᠨ ᠳᠤᠮᠳᠠᠬᠢ ᠦᠶ᠎ᠡ ᠨᠢ ᠥᠨᠳᠥᠷ ᠪᠥᠭᠡᠳ ᠬᠡᠪᠲᠡᠭᠡ ᠬᠡᠯᠪᠡᠷᠢᠲᠡᠢ᠃ 
ᠨᠠᠷᠢᠨ ᠶᠠᠰᠤᠲᠤ  
       ᠨᠠᠷᠢᠨ ᠭᠤᠸᠠᠷᠠᠬᠠᠨ ᠪᠡᠶᠡᠲᠡᠢ ᠶᠠᠰᠤ ᠨᠠᠷᠢᠨ ᠰᠦᠳᠡᠬᠡᠷ ᠠᠳᠤᠭᠤ᠃ ᠭᠤᠷᠢᠭ ᠠᠳᠤᠭᠤ᠃ 
ᠬᠦᠨᠳᠦ ᠶᠠᠰᠤᠨ ᠤ᠋ ᠠᠳᠤᠭᠤ  
       ᠶᠠᠰᠤ ᠨᠢ ᠪᠦᠳᠦᠭᠦᠨ ᠂ ᠮᠢᠬ᠎ᠠ ᠶᠡᠬᠡᠲᠡᠢ ᠪᠤᠯᠴᠢᠩ ᠴᠢᠩᠭ᠎ᠠ ᠂ ᠭᠡᠳᠡᠰᠦ ᠠᠯᠳᠠᠳᠠᠭ ᠦᠭᠡᠢ ᠪᠥᠬᠡ ᠠᠳᠤᠭᠤ᠃ 
ᠪᠦᠳᠦᠭᠦᠨ    ᠪᠡᠶ᠎ᠡ ᠨᠢ ᠲᠣᠮᠣ᠂ ᠪᠡᠶᠡᠷᠬᠡᠭ ᠵᠤᠵᠠᠭᠠᠯᠢᠭ᠃ 
ᠪᠠᠭ᠎ᠠ     ᠪᠡᠶ᠎ᠡ ᠨᠢ ᠪᠠᠭ᠎ᠠ᠂ ᠶᠠᠭ ᠪᠦᠳᠦᠭᠦᠨ ᠦ᠌ ᠡᠰᠡᠷᠭᠦ᠃ 
ᠵᠢᠭᠠᠬᠠᠨ    ᠪᠡᠶ᠎ᠡ ᠪᠡᠷ ᠪᠠᠭᠠᠬᠠᠨ ᠰᠢᠭ᠋᠃ 
ᠵᠢᠭᠵᠢᠬᠡᠷ     ᠪᠡᠶ᠎ᠡ ᠨᠢ ᠵᠢᠵᠢᠭ ᠮᠥᠷᠲᠡᠭᠡᠨ ᠨᠠᠷᠢᠨ ᠬᠣᠮᠰᠠᠬᠠᠨ ᠬᠠᠷᠠᠭᠳᠠᠨ᠎ᠠ᠃ 
ᠥᠨᠳᠥᠷ   
       ᠪᠣᠰᠤᠭ᠎ᠠ ᠪᠠᠶᠠᠷᠬᠦᠦ ᠠᠳᠤᠭᠤ᠃ ᠲᠡᠩᠬᠡᠬᠡᠷ  ᠮᠥᠴᠢ ᠥᠨᠳᠥᠷ ᠂ ᠳᠡᠩᠬᠡᠢᠭᠰᠡᠨ᠃ 
ᠲᠠᠷᠭᠤᠨ   ᠲᠠᠷᠭᠤ ᠬᠦᠴᠦ ᠰᠠᠢᠲᠠᠢ ᠂ ᠮᠢᠬᠠᠯᠢᠭ᠃ 
ᠡᠴᠡᠩᠬᠡᠢ   ᠲᠤᠷᠠᠩᠬᠠᠢ ᠂ ᠮᠢᠬ᠎ᠠ ᠲᠠᠷᠭᠤ ᠮᠠᠭᠤᠲᠠᠢ᠃ 
ᠶᠠᠨᠳᠠᠩ    ᠮᠠᠰᠢ ᠡᠴᠡᠩᠬᠡᠢ᠃ ᠠᠷᠠᠰᠤ ᠶᠠᠰᠤ ᠰᠢᠬᠠᠭᠤ ᠪᠣᠯᠤᠭᠰᠠᠨ᠃ 
ᠶᠠᠷᠳᠡᠩ   ᠶᠠᠨᠳᠠᠩ ᠂ ᠮᠠᠰᠢ ᠲᠤᠷᠠᠩᠬᠠᠢ᠃ 
ᠶᠠᠷᠵᠠᠩ    ᠶᠠᠷᠳᠡᠩ᠂ ᠶᠠᠰᠤ ᠬᠠᠪᠢᠷᠭ᠎ᠠ ᠨᠢ ᠬᠡᠷᠵᠡᠢᠵᠦ ᠬᠠᠪᠲᠠᠢᠵᠤ ᠮᠡᠳᠡᠭᠳᠡᠭᠰᠡᠨ᠃ 
ᠭᠤᠷᠢᠭ  
       ᠣᠨᠣᠯᠭ᠎ᠠ ᠳᠠᠭᠠᠬᠤ ᠦᠭᠡᠢ᠂ ᠬᠢᠯᠪᠠᠷᠬᠠᠨ ᠭᠡᠳᠡᠰᠦ ᠠᠯᠳᠠᠳᠠᠭ ᠨᠠᠷᠢᠨ ᠶᠠᠰᠤᠲᠤ ᠠᠳᠤᠭᠤ᠃ 
ᠪᠤᠷᠭᠢ   ᠪᠣᠷᠭᠢᠯ ᠂ ᠣᠨᠣᠯᠭ᠎ᠠ ᠳ᠋ᠤ᠌ ᠪᠥᠬᠡ ᠂ ᠳᠠᠭᠠᠭᠠᠴᠠ ᠶᠡᠬᠡᠲᠡᠢ᠃ 
ᠳᠥᠵᠢᠷ    ᠡᠳ᠋ᠯᠡᠭᠡ ᠳ᠋ᠦ᠍ ᠲᠡᠰᠪᠦᠷᠢᠲᠡᠢ ᠂ ᠳᠠᠭᠠᠭᠠᠴᠠ ᠶᠡᠬᠡᠲᠡᠢ᠃ 
ᠡᠷᠪᠡᠭᠡᠷ   
       ᠬᠥᠩᠭᠡᠨ ᠪᠢᠷ᠎ᠠ ( ᠪᠢᠳ ) ᠴᠢᠳᠠᠯ ᠦᠭᠡᠢ ᠳᠠᠭᠠᠭᠠᠴᠠ ᠮᠠᠭᠤᠲᠠᠢ ᠠᠳᠤᠭᠤ ᠂ ᠵᠢᠭᠵᠢᠬᠡᠷ᠃ 
ᠴᠡᠭᠵᠡᠭᠡᠷ 
       ᠪᠡᠶ᠎ᠡ ᠨᠢ ᠪᠠᠭ᠎ᠠ ᠴᠤ᠌ ᠬᠡᠪ ᠨᠢ ᠲᠡᠩᠴᠡᠭᠰᠡᠨ ᠨᠡᠯᠢᠶᠡᠳ ᠴᠢᠳᠠᠯᠲᠠᠢ ᠰᠢᠭ᠋᠃ 
ᠴᠢᠪᠵᠡᠭᠡᠷ  
       ᠭᠡᠳᠡᠰᠦ ᠪᠡᠷ ᠢ᠋ᠶ᠋ᠡᠨ ᠨᠠᠷᠢᠬᠠᠨ ᠬᠥᠩᠭᠡᠨ ᠶᠠᠰᠤᠨ ᠤ᠋ ᠠᠳᠤᠭᠤ᠃ 
ᠡᠷᠵᠡᠭᠡᠷ     ᠡᠷᠵᠡᠭᠡᠷ ᠬᠤᠷᠠᠭᠠᠨ ᠦᠰᠦᠲᠡᠢ᠃ 
ᠬᠤᠷᠠᠭᠠᠨ ᠦᠰᠦᠲᠦ   
       ᠡᠷᠵᠡᠭᠡᠷ ᠂ ᠪᠦᠬᠦ ᠪᠡᠶ᠎ᠡ ᠶ᠋ᠢᠨ ᠦᠰᠦ ᠪᠦᠷ ᠬᠤᠷᠠᠭᠠᠨ ᠦᠰᠦ ᠰᠢᠭ ᠭᠣᠭᠴᠣᠭᠠᠷᠠᠵᠤ ᠡᠷᠵᠡᠢᠭᠰᠡᠨ᠃
ᠴᠣᠮᠪᠣᠩ ᠲᠣᠭᠤᠷᠠᠢᠲᠠᠢ   
       ᠲᠤᠭᠤᠷᠠᠢ ᠨᠢ ᠬᠣᠮᠪᠣᠩ ᠂ ᠴᠣᠮᠪᠣᠭᠣᠷ ᠪᠣᠰᠤᠭ᠎ᠠ ᠴᠡᠮᠪᠡᠭᠡᠷ᠃ 
ᠬᠥᠭᠡᠷᠦᠬᠦᠨ  
       ᠶᠠᠩᠵᠤ ᠬᠡᠪ ᠨᠢ ᠡᠪᠯᠢᠭ ᠲᠡᠩᠴᠡᠵᠦ ᠦᠵᠡᠬᠦ ᠳ᠋ᠦ᠍ ᠬᠥᠭᠡᠷᠦᠬᠦᠨ ᠬᠡᠪᠯᠢᠭ᠃ 
ᠨᠣᠢᠷᠮᠤᠭ    ᠤᠶᠠᠭᠠᠨ ᠳ᠋ᠤ᠌ ᠤᠶᠠᠭᠰᠠᠭᠠᠷ ᠤᠨᠲᠠᠩᠬᠠᠢᠷᠠᠳᠠᠭ᠃ 
ᠤᠨᠲᠠᠩᠬᠠᠢ  
       ᠤᠶᠠᠭᠠᠨ ᠳ᠋ᠤ᠌ ᠤᠨᠲᠠᠳᠠᠭ᠃ ᠡᠢᠮᠦ ᠮᠣᠷᠢ ᠶ᠋ᠢ ᠬᠤᠷᠳᠤᠨ ᠭᠡᠵᠦ ᠵᠠᠷᠢᠮ ᠡᠪᠦᠭᠡᠳ ᠶᠠᠷᠢᠳᠠᠭ᠃ 
ᠡᠪᠡᠷᠲᠦ ᠬᠠᠷ᠎ᠠ    ᠰᠠᠬᠠᠯᠲᠤ ᠬᠠᠷ᠎ᠠ᠃ 

               ᠲᠤᠬᠠᠢᠯᠠᠭᠰᠠᠨ ᠠᠵᠢᠯ ᠢ᠋ᠶ᠋ᠠᠷ ᠨᠡᠷᠡᠯᠡᠬᠦ ᠵᠦᠢᠯ  

ᠤᠨᠤᠭᠠᠷᠢ ᠶ᠋ᠢᠨ  
       ᠠᠳᠤᠭᠤ ᠂ ᠲᠡᠮᠡᠭᠡ ᠂ ᠦᠬᠡᠷ ᠂ ᠬᠣᠨᠢ ᠵᠡᠷᠭᠡ ᠶ᠋ᠢᠨ ᠬᠠᠷᠢᠭᠤᠯᠤᠯᠭ᠎ᠠ ᠳ᠋ᠤ᠌ ᠬᠤᠪᠢᠳᠠᠭᠰᠠᠨ ᠣᠨᠣᠯᠭ᠎ᠠ᠃ 
ᠤᠯᠠᠭ᠎ᠠ ᠶ᠋ᠢᠨ  
       ᠠᠯᠪᠠᠨ ᠵᠠᠷᠤᠯᠭᠠᠨ ᠳ᠋ᠤ᠌ ᠲᠤᠰᠬᠠᠢ ᠪᠡᠯᠡᠳᠬᠡᠭᠰᠡᠨ᠃ 
ᠴᠡᠷᠢᠭ ᠦ᠋ᠨ ᠠᠭᠲᠠ  
       ᠰᠤᠷᠲᠠᠯ ᠰᠤᠷᠭᠠᠭᠤᠯᠢᠯᠠᠯ ᠪᠦᠬᠦᠢ ᠴᠡᠷᠢᠭ ᠦ᠋ᠨ ᠤᠨᠤᠭᠠᠷᠢ᠃ 
ᠤᠷᠭ᠎ᠠ ᠶ᠋ᠢᠨ 
       ᠮᠣᠷᠢ ᠪᠠᠷᠢᠬᠤ ᠳ᠋ᠤ᠌ ᠤᠷᠭ᠎ᠠ ᠳᠠᠭᠠᠬᠤ ᠤᠷᠠᠨ ᠳᠠᠮ ᠲᠠᠢ ᠰᠤᠷᠲᠠᠯ ᠪᠦᠬᠦᠢ ᠮᠣᠷᠢ᠃ 
ᠲᠦᠭᠵᠢᠶ᠎ᠡ  
       ᠤᠷᠭᠠᠯᠠᠭᠠᠳ ᠰᠠᠭᠤᠯᠭᠠᠮᠠᠭᠴᠠ ᠪᠥᠭᠰᠡ ᠪᠡᠷ ᠢ᠋ᠶ᠋ᠡᠨ ᠱᠣᠩᠰᠢᠷᠠᠵᠤ ᠣᠴᠣᠢᠨ ᠰᠠᠭᠤᠭᠠᠳ ᠪᠣᠰᠳᠠᠭ ᠦᠭᠡᠢ ᠮᠣᠷᠢ᠃ 
ᠰᠣᠷᠢᠭᠠᠨ ᠤ᠋  
       ᠤᠷᠤᠯᠳᠤᠭᠠᠨ ᠳ᠋ᠤ᠌ ᠪᠡᠯᠡᠳᠬᠡᠨ ᠤᠶᠠᠵᠤ ᠰᠣᠢᠯᠭ᠎ᠠ ᠠᠪᠤᠭᠤᠯᠤᠨ ᠳᠠᠪᠬᠢᠭᠤᠯᠵᠤ ᠰᠤᠷᠭᠠᠭᠤᠯᠢᠯᠠᠬᠤ ᠮᠣᠷᠢᠳ᠃ 
ᠤᠷᠤᠯᠳᠤᠭᠠᠨ ᠤ᠋  
       ᠤᠶᠠᠵᠤ ᠰᠣᠢᠨ ᠣᠯᠠᠨ ᠮᠣᠷᠢᠳ ᠲᠠᠢ ᠨᠠᠢᠷ ᠨᠠᠭᠠᠳᠤᠮ ᠳ᠋ᠤ᠌ ᠳᠠᠪᠬᠢᠭᠤᠯᠵᠤ ᠰᠢᠯᠭᠠᠷᠠᠭᠤᠯᠤᠭᠰᠠᠨ ᠮᠣᠷᠢ᠃  
ᠨᠠᠢᠷ ᠤ᠋ᠨ  
       ᠨᠠᠢᠷ ᠨᠠᠭᠠᠳᠤᠮ ᠳ᠋ᠤ᠌ ᠤᠨᠤᠳᠠᠭ ᠪᠤᠶᠤ ᠨᠠᠢᠷ ᠤ᠋ᠨ ᠱᠠᠩ ᠳ᠋ᠤ᠌ ᠣᠯᠤᠭᠰᠠᠨ ᠮᠣᠷᠢ᠃ 
ᠪᠡᠯᠡᠭ ᠦ᠋ᠨ  
       ᠨᠠᠢᠷ ᠨᠠᠭᠠᠳᠤᠮ ᠪᠤᠶᠤ ᠬᠤᠷᠢᠮ ᠬᠤᠢ ᠳ᠋ᠤ᠌ ᠪᠡᠯᠡᠭᠯᠡᠵᠦ ᠥᠭᠭᠦᠭᠰᠡᠨ ᠮᠣᠷᠢ᠃ 
ᠬᠥᠲᠥᠯᠦᠭᠡ ᠶ᠋ᠢᠨ    ᠢᠯᠡᠭᠦᠦ ᠰᠤᠯᠠ ᠬᠥᠲᠥᠯᠵᠦ ᠶᠠᠪᠤᠬᠤ ᠮᠣᠷᠢ᠃ 
ᠲᠡᠷᠭᠡᠨ ᠦ᠌     ᠲᠡᠷᠭᠡᠨ ᠳ᠋ᠦ᠍ ᠬᠥᠯᠯᠡᠳᠡᠭ ᠬᠥᠯᠪᠦᠷᠢ᠃ 
ᠠᠷᠠᠯ ᠤ᠋ᠨ    ᠲᠡᠷᠭᠡᠨ ᠠᠷᠠᠯ ᠤ᠋ᠨ ᠭᠣᠣᠯ ᠳ᠋ᠤ᠌ ᠬᠥᠯᠯᠡᠳᠡᠭ ᠮᠣᠷᠢ᠃ 
ᠳᠡᠯᠪᠡᠭᠡᠨ ᠦ᠌  
       ᠠᠷᠠᠯ ᠤ᠋ᠨ ᠡᠮᠦᠨ᠎ᠡ ᠰᠤᠯᠠ ᠵᠢᠳᠬᠦᠭᠦᠷ ᠲᠦ᠍ ᠬᠥᠯᠯᠡᠳᠡᠭ ᠮᠣᠷᠢ᠃ 
ᠮᠠᠰᠢᠨ ᠤ᠋  
       ᠬᠤᠳᠳᠤᠭ ᠤ᠋ᠨ ᠪᠠ ᠡᠪᠡᠰᠦᠨ ᠦ᠌ ᠮᠠᠰᠢᠨ ᠵᠡᠷᠭᠡ ᠳ᠋ᠦ᠍ ᠬᠥᠯᠯᠡᠳᠡᠭ ᠮᠣᠷᠢ᠃ 
ᠵᠢᠰᠦᠨ ᠦ᠌  
       ᠮᠣᠷᠳᠠᠬᠤ ᠬᠡᠦᠬᠡᠨ ᠦ᠌  ᠤᠨᠤᠬᠤ ᠮᠣᠷᠢ᠃  

               ᠣᠨᠴᠠᠭᠠᠢ ᠲᠡᠮᠳᠡᠭ ᠢ᠋ᠶ᠋ᠡᠷ ᠨᠡᠷᠡᠯᠡᠬᠦ ᠵᠦᠢᠯ  

ᠵᠠᠭᠠᠯ ᠲᠠᠢ  
       ᠪᠦᠳᠦᠭᠦᠨ ᠬᠦᠵᠦᠭᠦᠦ ᠪᠤᠶᠤ ᠲᠠᠯᠤᠨ ᠤ᠋ ᠣᠷᠴᠢᠮ ᠳ᠋ᠤ᠌ ᠰᠡᠷᠪᠡᠭᠡ ᠡᠴᠡ ᠨᠢ ᠳᠣᠷᠣᠭᠰᠢ ᠤᠯᠠᠪᠲᠤᠷᠬᠠᠨ ᠪᠤᠶᠤ ᠬᠠᠷᠠᠪᠲᠤᠷᠬᠠᠨ ᠵᠤᠷᠪᠤᠰ ᠪᠠᠭᠤᠭᠰᠠᠨ᠃ ᠵᠠᠷᠢᠮ ᠭᠠᠵᠠᠷ ᠪᠢᠳᠡᠷᠲᠡᠢ ᠭᠡᠳᠡᠭ᠃ ᠪᠠᠰᠠ ᠵᠠᠷᠢᠮ ᠭᠠᠵᠠᠷ ᠪᠠᠩᠼᠡᠳᠠᠢ ᠴᠤ᠌ ᠭᠡᠳᠡᠭ᠃ 
ᠪᠠᠩᠼᠡᠳᠠᠢ     ᠵᠠᠭᠠᠯ ᠲᠠᠢ᠃ 
ᠪᠢᠳᠠᠷᠲᠡᠢ     ᠵᠠᠭᠠᠯ ᠲᠠᠢ᠃ 
ᠪᠤᠭᠤᠳᠠᠢᠳᠠᠢ 
       ᠪᠣᠷᠣ ᠵᠡᠷᠭᠡ ᠶ᠋ᠢᠨ ᠴᠠᠢᠪᠤᠷ ᠵᠢᠰᠦᠮ ᠦ᠋ᠨ ᠮᠣᠷᠢ ᠬᠥᠭᠰᠢᠷᠡᠬᠦ ᠳ᠋ᠦ᠍᠂ ᠪᠡᠶ᠎ᠡ ᠳᠡᠭᠡᠷ᠎ᠡ ᠨᠢ ᠤᠯᠠᠭᠠᠪᠲᠤᠷ ᠪᠤᠶᠤ ᠬᠥᠬᠡᠪᠲᠦᠷ ᠥᠩᠭᠡ ᠶ᠋ᠢᠨ ᠪᠤᠭᠤᠳᠠᠢ ᠶ᠋ᠢᠨ ᠬᠡᠯᠪᠡᠷᠢᠲᠡᠢ ᠵᠢᠵᠢᠭ ᠲᠣᠯᠪᠣ ᠲᠦᠭᠡᠬᠦ᠃ 
ᠱᠠᠯᠵᠠᠲᠤ  
       ᠪᠤᠭᠤᠳᠠᠢᠲᠤ ᠂ ᠮᠥᠨ ᠴᠠᠢᠪᠤᠷ ᠵᠢᠰᠦᠮ ᠳᠡᠭᠡᠷ᠎ᠡ ᠱᠠᠯᠵᠠ ᠶ᠋ᠢᠨ ᠬᠡᠯᠪᠡᠷᠢᠲᠡᠢ ᠵᠢᠵᠢᠭ ᠲᠣᠯᠪᠣ ᠲᠦᠭᠡᠬᠦ᠃ 
ᠭᠣᠣᠯᠲᠠᠢ 
       ᠳᠡᠯ ᠡᠴᠡ ᠰᠡᠭᠦᠯ ᠬᠦᠷᠲᠡᠯᠡᠬᠢ ᠨᠢᠷᠤᠭᠤᠨ ᠵᠢᠷᠤᠮ ᠢ᠋ᠶ᠋ᠠᠷ ᠪᠠᠷᠠᠭᠠᠨ ᠪᠤᠶᠤ ᠵᠡᠭᠡᠷᠳᠡ ᠥᠩᠭᠡ ᠶ᠋ᠢᠨ ᠨᠠᠷᠢᠨ ᠵᠤᠷᠪᠤᠰᠲᠠᠢ᠃ 
ᠤᠷᠤᠭ  
       ᠭᠣᠣᠯ ᠲᠠᠢ᠃ ᠤᠷᠤᠭ ᠭᠡᠭᠴᠢ ᠭᠣᠣᠯᠳᠠᠭᠤ ᠰᠠᠭᠠᠷᠠᠯ ᠵᠢᠰᠦᠮ ᠳ᠋ᠦ᠍ ᠢᠯᠡᠭᠦᠦ ᠲᠣᠬᠢᠶᠠᠯᠳᠤᠳᠠᠭ ᠭᠣᠣᠯᠲᠤ ᠰᠤᠳᠠᠯ᠃ ᠢᠯᠠᠩᠭᠤᠶ᠎ᠠ ᠬᠤᠷᠠᠭᠠᠨ ᠦᠰᠦᠲᠡᠢ ᠪᠣᠯᠤᠭᠰᠠᠭᠠᠷ ᠭᠣᠣᠯ ( ᠤᠷᠤᠭ ) ᠨᠢ ᠥᠷᠭᠡᠨ ᠨᠠᠷᠢᠨ ᠪᠣᠯᠵᠤ ᠠᠲᠤᠷᠢᠶᠠᠲᠤᠨ ᠪᠦᠬᠦᠢ ᠨᠢ ᠨᠡᠩ ᠤᠷᠤᠭ ᠢ᠋ ᠲᠣᠳᠣᠷᠠᠭᠤᠯᠤᠨ᠎ᠠ᠃ 
ᠮᠡᠩᠭᠡᠲᠦ  
       ᠪᠡᠶ᠎ᠡ ᠶ᠋ᠢᠨ ᠥᠩᠭᠡ ᠡᠴᠡ ᠨᠢ ᠥᠭᠡᠷ᠎ᠡ ᠭᠠᠭᠴᠠ ᠬᠣᠶᠠᠷ ᠵᠢᠭᠠᠬᠠᠨ ᠬᠠᠷ᠎ᠠ ᠲᠣᠯᠪᠣ᠃ 
ᠤᠲᠤᠭᠠᠲᠠᠢ  
       ᠮᠤᠨᠳᠠᠭ᠎ᠠ ᠠ᠋ᠴᠠ ᠰᠡᠭᠦᠯ ᠬᠦᠷᠲᠡᠯᠡᠬᠢ ᠨᠢᠷᠤᠭᠤᠨ ᠵᠢᠷᠤᠮ ᠢ᠋ᠶ᠋ᠠᠷ ᠠᠬᠤᠷ ᠳᠡᠯ ᠤᠷᠭᠤᠭᠰᠠᠨ᠃ 
ᠵᠢᠭᠦᠷᠲᠦ  
       ᠭᠠᠯ ᠰᠤᠭᠤ ᠳᠥᠷᠦᠭᠡᠪᠴᠢᠨ ᠳᠣᠣᠷ᠎ᠠ ᠪᠠᠨ ᠡᠷᠭᠢᠯᠭᠡᠳᠡᠢ ᠠᠳᠤᠭᠤ᠃ 
ᠭᠤᠷᠭᠠᠢᠲᠠᠢ  
       ᠬᠠᠲᠠᠷᠢᠬᠤ ᠶᠥᠷᠭᠡᠬᠦ ᠵᠡᠷᠭᠡ ᠳ᠋ᠦ᠍ ᠴᠠᠪᠢ ᠨᠢ ᠳᠤᠤᠭᠠᠷᠬᠤ ᠶ᠋ᠢ ᠬᠡᠯᠡᠨ᠎ᠡ᠃ 
ᠭᠣᠣᠷᠰᠤᠲᠠᠢ  
       ᠭᠣᠣᠷᠰᠤᠲᠠᠢ ᠭᠡᠭᠴᠢ ᠲᠠᠯᠤᠨ ᠬᠠᠭᠤᠳᠠᠰᠤ ᠶ᠋ᠢᠨ ᠡᠮᠦᠨᠡᠬᠡᠨ ᠪᠤᠶᠤ ᠵᠠᠷᠢᠮ ᠠᠳᠤᠭᠤᠨ ᠤ᠋ ᠬᠦᠵᠦᠭᠦᠨ᠎ᠡ ᠡᠷᠡᠬᠡᠢ ᠬᠤᠷᠤᠭᠤᠨ ᠤ᠋ ᠥᠨᠳᠡᠭᠡ ᠣᠷᠣᠮ᠎ᠠ ᠨᠦᠬᠡᠲᠡᠢ ᠃ 
ᠮᠣᠭᠠᠢᠲᠠᠢ  
       ᠬᠠᠭᠠᠷᠢᠬᠤ ᠳ᠋ᠤ᠌ ᠮᠣᠭᠠᠢ ᠭᠠᠷᠤᠭᠰᠠᠨ ᠪᠤᠶᠤ ᠮᠣᠭᠠᠢ ᠰᠢᠭ᠋ ᠤᠯᠠᠭᠠᠨ ᠬᠣᠷᠣᠬᠠᠢ ᠮᠡᠲᠦ ᠵᠦᠢᠯ ᠃ 
ᠡᠪᠡᠷᠳᠡᠢ 
       ᠰᠠᠬᠠᠯᠲᠠᠢ ᠮᠣᠷᠢ ᠶ᠋ᠢ ᠡᠷᠲᠡ ᠳᠡᠭᠡᠷ᠎ᠡ ᠦᠶ᠎ᠡ ᠳ᠋ᠦ᠍ ᠡᠪᠡᠷᠳᠡᠢ ᠮᠣᠷᠢ ᠭᠡᠵᠦ ᠬᠡᠯᠡᠵᠦ ᠪᠠᠢᠭᠰᠠᠨ ᠪᠠᠷᠢᠮᠲᠠ ᠪᠠᠢᠨ᠎ᠠ᠃ 

               ᠵᠠᠩ ᠠᠷᠠᠰᠢᠨ ᠢ᠋ᠶ᠋ᠠᠷ ᠨᠡᠷᠡᠯᠡᠬᠦ ᠵᠦᠢᠯ  

ᠬᠠᠱᠠᠩ   
       ᠤᠨᠤᠬᠤ ᠳ᠋ᠤ᠌ ᠳᠥᠭᠥᠰᠢ ᠮᠠᠭᠤᠲᠠᠢ ᠂ ᠳᠠᠪᠢᠷᠠᠭᠤᠯᠵᠤ ᠲᠠᠰᠢᠭᠤᠷᠳᠠᠭᠤᠯᠤᠭᠠᠳ ᠯᠠ ᠪᠠᠢᠳᠠᠭ ᠃ 
ᠬᠣᠷᠭᠣᠳᠠᠭ᠎ᠠ 
       ᠢᠵᠢᠯᠢ ᠰᠦᠷᠦᠭ ᠡᠴᠡ ᠪᠡᠨ ᠪᠤᠶᠤ ᠠᠢᠯ ᠬᠣᠲᠠᠨ ᠠ᠋ᠴᠠ ᠰᠠᠯᠬᠤ ᠳᠤᠷ᠎ᠠ ᠦᠭᠡᠢ ᠭᠠᠳᠠᠭᠰᠢ ᠶᠠᠪᠤ ᠶᠠᠳᠠᠬᠤ ᠪᠠᠢᠳᠠᠯ ᠃ 
ᠡᠷᠭᠢᠴᠡᠭᠡ 
        ᠮᠣᠷᠳᠠᠬᠤ ᠳ᠋ᠤ᠌ ᠪᠡᠶ᠎ᠡ ᠲᠣᠭᠣᠷᠢᠨ ᠬᠡᠢᠷᠬᠡᠨ ᠭᠦᠶᠦᠵᠦ ᠡᠷᠭᠢᠯᠳᠦᠬᠦ ᠃ 
ᠰᠢᠷᠪᠠᠭ᠎ᠠ  
       ᠬᠠᠰᠢᠷᠠᠭᠠᠯ ᠪᠣᠯᠤᠭᠰᠠᠨ ᠠ᠋ᠴᠠ ᠣᠯᠣᠩᠨᠠᠬᠤ ᠪᠤᠶᠤ ᠮᠣᠷᠳᠠᠬᠤ᠂  ᠭᠠᠷ ᠬᠥᠳᠡᠯᠬᠦ ᠪᠦᠷᠢ ᠰᠡᠭᠦᠯ ᠢ᠋ᠶ᠋ᠡᠨ ᠬᠥᠳᠡᠯᠭᠡᠬᠦ᠃ 
ᠠᠭᠰᠤᠮ  
       ᠳᠠᠪᠬᠢᠨ ᠳᠣᠪᠲᠣᠯᠬᠤ ᠭᠡᠳ ᠬᠡᠢᠷᠬᠡᠨ ᠲᠡᠮᠡᠦᠯᠵᠦ ᠬᠥᠨᠳᠡᠯᠢᠳᠦᠨ ᠠᠮᠠᠭᠠᠢ ᠪᠤᠯᠢᠶᠠᠯᠳᠤᠬᠤ ᠃ 
ᠬᠡᠢᠲᠡᠢ     ᠬᠡᠢ ᠰᠠᠭᠤᠭᠰᠠᠨ ᠂ ᠠᠭᠰᠤᠮ ᠃ 
ᠠᠯᠢᠶ᠎ᠠ     ᠠᠭᠰᠤᠮ ᠬᠥᠭᠡᠷᠦᠦ ᠃ 
ᠬᠥᠭᠡᠷᠦᠦ    ᠠᠯᠢᠶ᠎ᠠ ᠣᠮᠣᠭᠯᠠᠩ ᠃ 
ᠣᠮᠣᠭᠯᠠᠩ  
       ᠤᠨᠤᠬᠤ ᠳ᠋ᠤ᠌ ᠬᠥᠩᠭᠡᠨ ᠳᠣᠷᠪᠢᠲᠠᠢ᠂ ᠪᠤᠰᠤᠳ ᠮᠣᠷᠢᠨ ᠠ᠋ᠴᠠ ᠲᠥᠷᠥᠭᠦᠯᠬᠦ ᠭᠡᠵᠦ ᠲᠡᠮᠡᠦᠯᠦᠨ ᠰᠣᠷᠲᠣᠭᠣᠨᠠᠭᠰᠠᠨ ᠴᠣᠭ ᠵᠢᠪᠬᠤᠭᠠᠲᠠᠢ᠃ 
ᠠᠩᠭᠠᠷ᠎ᠠ 
       ᠠᠮᠠ ᠨᠢ ᠤᠴᠢᠷ ᠦᠭᠡᠢ ᠵᠥᠭᠡᠯᠡᠨ᠂ ᠵᠢᠯᠣᠭᠣ ᠶ᠋ᠢ ᠨᠢ ᠲᠠᠲᠠᠭᠰᠠᠭᠠᠷ ᠲᠣᠯᠣᠭᠠᠢ ᠨᠢ ᠡᠪᠦᠷ ᠳᠡᠭᠡᠷ᠎ᠡ ᠢᠷᠡᠮ᠎ᠡ ᠪᠣᠯᠴᠢᠬᠠᠭᠠᠳ ᠪᠠᠰᠠ ᠳᠠᠪᠬᠢᠬᠤ ᠭᠡᠵᠦ ᠰᠠᠷᠪᠠᠯᠵᠠᠭᠠᠳ ᠪᠠᠢᠬᠤ᠃ 
ᠬᠥᠨᠲᠥᠷᠦᠭᠡ   
       ᠪᠠᠢᠨ ᠪᠠᠢᠨ ᠲᠣᠯᠣᠭᠠᠢ ᠳᠠᠷᠤᠨ ᠠᠮᠠᠭᠠᠢ ᠪᠤᠯᠢᠶᠠᠯᠴᠠᠨ ᠳᠠᠪᠬᠢᠬᠤ ᠭᠡᠳ ᠪᠠᠢᠬᠤ ᠃ 
ᠵᠥᠭᠡᠯᠡᠨ ᠠᠮᠠᠲᠠᠢ  
       ᠵᠢᠯᠣᠭᠣ ᠶ᠋ᠢᠨ ᠠᠶ᠎ᠠ ᠪᠠᠷ ᠳᠠᠭᠠᠭᠠᠳ ᠪᠠᠢᠬᠤ ᠃ 
ᠬᠠᠲᠠᠭᠤ ᠠᠮᠠᠲᠠᠢ 
       ᠵᠢᠯᠣᠭᠣ ᠶ᠋ᠢᠨ ᠠᠶ᠎ᠠ ᠶ᠋ᠢ ᠳᠠᠭᠠᠬᠤ ᠦᠭᠡᠢ ᠠᠮᠠᠭᠠᠢ ᠪᠤᠯᠢᠶᠠᠯᠴᠠᠨ ᠵᠥᠷᠢᠭᠦᠯᠬᠦ ᠃ 
ᠬᠤᠲᠠᠭᠤ ᠠᠮᠠᠲᠠᠢ   
       ᠠᠮᠠᠭᠠᠢ ᠪᠠᠨ ᠰᠣᠶᠣᠭᠠᠨ ᠳ᠋ᠠᠭᠠᠨ ᠵᠠᠭᠤᠨ ᠲᠣᠷᠭᠣᠭᠠᠳ ᠲᠠᠲᠠᠭᠠᠳ ᠳᠡᠢᠯᠳᠡᠬᠦ ᠦᠭᠡᠢ ᠃ 
ᠬᠥᠮᠦᠵᠢᠭᠡ  
       ᠪᠠᠢᠨ ᠪᠠᠢᠨ ᠠᠮᠠᠭᠠᠢ ᠪᠤᠯᠢᠶᠠᠯᠳᠤᠨ ᠱᠤᠳᠤᠷᠬᠤ ᠬᠥᠨᠲᠥᠷᠬᠦ ᠪᠠᠢᠳᠠᠯ ᠃ 
ᠱᠤᠳᠤᠷᠳᠠᠭ     ᠬᠥᠨᠲᠥᠷᠦᠨ ᠬᠥᠮᠥᠴᠢᠳᠡᠭ ᠪᠠᠢᠳᠠᠯ ᠃ 
ᠰᠥᠯᠢᠷᠳᠡᠭ     ᠠᠮᠠ ᠨᠢ ᠥᠯᠢᠯᠵᠡᠵᠦ ᠰᠠᠨᠠᠭ᠎ᠠ ᠠ᠋ᠴᠠ ᠵᠥᠷᠢᠬᠦ ᠪᠠᠢᠳᠠᠯ ᠃ 
ᠬᠠᠳᠤᠤᠷᠠᠳᠠᠭ  
       ᠤᠷᠭ᠎ᠠ ᠳᠠᠭᠠᠬᠤ ᠦᠭᠡᠢ ᠪᠤᠶᠤ ᠣᠯᠠᠨ ᠮᠣᠷᠢᠳ ᠲᠠᠢ ᠬᠠᠮᠲᠤ ᠳᠠᠪᠬᠢᠬᠤ ᠦᠭᠡᠢ ᠭᠠᠳᠠᠭᠰᠢ ᠵᠠᠢᠯᠠᠨ ᠳᠠᠪᠬᠢᠬᠤ᠃ 
ᠵᠥᠷᠢᠳᠡᠭ  
       ᠤᠷᠭ᠎ᠠ ᠳᠠᠭᠠᠬᠤ ᠦᠭᠡᠢ ᠬᠠᠳᠤᠤᠷᠠᠳᠠᠭ ᠪᠤᠶᠤ ᠡᠰᠡᠬᠦᠯ᠎ᠡ ᠵᠥᠷᠢᠵᠦ ᠳᠠᠭᠠᠷᠢᠳᠠᠭ᠃ 
ᠨᠣᠮᠣᠬᠠᠨ  
       ᠤᠨᠤᠬᠤ ᠳ᠋ᠤ᠌ ᠶᠠᠮᠠᠷ ᠴᠤ᠌ ᠵᠠᠩ ᠠᠭᠠᠰᠢ ᠦᠭᠡᠢ ᠰᠤᠷᠲᠠᠯ ᠰᠠᠢᠲᠤ ᠮᠣᠷᠢ᠃ 
ᠲᠣᠭᠰᠢᠨ  
       ᠮᠣᠷᠢᠨ ᠤ᠋ ᠵᠠᠩ ᠠᠪᠤᠷᠢ ᠰᠢᠷᠦᠭᠦᠨ᠂ ᠬᠠᠲᠠᠭᠤ ᠬᠠᠷᠭᠢᠰ᠃ ᠵᠠᠩ ᠮᠠᠭᠤᠲᠠᠢ ᠠᠭᠤᠷ ᠳᠣᠯᠭᠢᠨ᠃ 
ᠵᠠᠩᠲᠠᠢ     ᠡᠯᠳᠡᠪ ᠮᠠᠭᠤ ᠠᠭᠠᠰᠢᠲᠠᠢ ᠃ 
ᠠᠳᠠᠢᠷ     ᠰᠠᠨᠠᠭ᠎ᠠ ᠮᠠᠭᠤᠲᠠᠢ᠂ ᠵᠠᠩ ᠠᠪᠤᠷᠢ ᠲᠣᠭᠰᠢᠨ ᠰᠢᠷᠦᠭᠦᠨ᠃ 
ᠲᠠᠪᠤᠨ ᠠᠮᠠ ᠲᠠᠢ 
       ᠬᠣᠶᠠᠷ ᠬᠠ ᠪᠠᠷ ᠢ᠋ᠶ᠋ᠠᠨ ᠬᠠᠮᠤᠵᠤ᠂ ᠬᠣᠶᠠᠷ ᠭᠤᠶ᠎ᠠ ᠪᠠᠷ ᠢ᠋ᠶ᠋ᠠᠨ ᠢᠰᠬᠦᠯᠳᠡᠭ ᠡᠴᠡ ᠭᠠᠳᠠᠨ᠎ᠠ ᠪᠠᠰᠠ ᠬᠠᠵᠠᠳᠠᠭ ᠮᠣᠷᠢ᠃ 
ᠲᠠᠪᠤᠨ ᠬᠥᠯᠯᠡᠳᠡᠭ   
       ᠠᠮᠠᠭᠠᠢ ᠪᠠᠨ ᠵᠠᠭᠤᠨ᠂ ᠲᠣᠯᠣᠭᠠᠢ ᠪᠠᠨ ᠭᠠᠵᠠᠷ ᠰᠢᠭᠠᠮᠠᠷ ᠲᠣᠩᠭᠣᠢᠨ ᠬᠥᠨᠲᠥᠷᠴᠦ ᠳᠠᠪᠬᠢᠬᠤ᠃ 
ᠴᠢᠬᠢ ᠪᠡᠨ ᠬᠤᠯᠮᠠᠢᠳᠠᠭ  
       ᠪᠡᠶ᠎ᠡ ᠳ᠋ᠡᠭᠡᠨ ᠣᠢᠷᠠᠳᠤᠭᠰᠠᠳ ᠲᠤ᠌ ᠳᠤᠷ᠎ᠠ ᠦᠭᠡᠢᠯᠡᠨ ᠬᠠᠷᠢᠭᠤᠴᠠᠬᠤ ᠪᠠᠷ ᠪᠡᠯᠡᠳᠬᠡᠬᠦ ᠶ᠋ᠢᠨ ᠤᠷᠢᠳᠠᠯ᠃  
ᠠᠷᠳᠠᠭ   
       ᠬᠠᠯᠠ ᠦᠵᠡᠭᠡ ᠦᠭᠡᠢ ᠠᠲᠠᠷ ᠲᠠᠩᠬᠢ ᠬᠤᠷ ᠲᠠᠯᠪᠢᠭᠰᠠᠨ ᠠᠳᠤᠭᠤ᠃ 
ᠣᠷᠣᠭ᠎ᠠ  
       ᠪᠠᠷᠢᠭᠳᠠᠳᠠᠭ ᠦᠭᠡᠢ ᠳᠤᠲᠠᠭᠠᠳᠠᠭ᠂  ᠪᠤᠷᠤᠭᠤᠯᠠᠮᠠᠲᠠᠭᠠᠢ᠂  ᠵᠢᠭᠤᠳᠠᠮᠠᠭᠠᠢ᠃ 
ᠰᠣᠢᠯᠳᠠᠭ     ᠤᠷᠭᠠᠯᠠᠬᠤ ᠶ᠋ᠢ ᠮᠡᠳᠡᠭᠰᠡᠭᠡᠷ ᠭᠠᠭᠴᠠᠭᠠᠷ ᠵᠠᠢᠯᠠᠨ ᠳᠤᠲᠠᠭᠠᠬᠤ᠃ 
ᠡᠢᠯᠳᠡᠭ     ᠰᠣᠢᠯᠳᠠᠭ᠃  ᠭᠠᠭᠴᠠᠭᠠᠷ ᠭᠠᠷᠴᠤ  ᠭᠠᠳᠠᠭᠰᠢ ᠳᠤᠲᠠᠭᠠᠬᠤ᠃ 
ᠭᠠᠷᠳᠠᠭ     ᠰᠣᠢᠯᠳᠠᠭ᠃ ᠤᠷᠭᠠᠯᠠᠬᠤ ᠶ᠋ᠢ ᠮᠡᠳᠡᠭᠰᠡᠭᠡᠷ ᠭᠠᠷᠴᠤ ᠳᠤᠲᠠᠭᠠᠬᠤ ᠭᠡᠳᠡᠭ᠃ 
ᠬᠠᠵᠢᠭ     ᠬᠠᠵᠠᠵᠤ ᠬᠠᠢᠷᠤᠨ ᠢᠰᠬᠦᠯᠬᠦ ᠮᠠᠭᠤ ᠵᠠᠩᠲᠠᠢ᠃ 
ᠬᠠᠢᠷᠳᠠᠭ     ᠭᠡᠳᠡᠰᠦ ᠪᠡᠨ ᠳᠠᠭᠠᠭᠤᠯᠵᠤ ᠭᠠᠳᠠᠭᠰᠢ ᠢᠰᠬᠦᠯᠳᠡᠭ᠃ 
ᠢᠰᠬᠦᠯᠳᠡᠭ     ᠬᠣᠢᠲᠤ ᠨᠢᠭᠡ ᠬᠥᠯ ᠢ᠋ᠶ᠋ᠡᠷ ᠢ᠋ᠶ᠋ᠡᠨ ᠠᠷᠤᠭᠰᠢ ᠪᠠᠨ ᠲᠡᠢᠷᠬᠦ᠃ 
ᠲᠠᠩᠭᠠᠷᠳᠠᠭ     ᠬᠣᠢᠲᠤ ᠬᠣᠶᠠᠷ ᠬᠥᠯ ᠢ᠋ᠶ᠋ᠡᠷ ᠢ᠋ᠶ᠋ᠡᠨ ᠵᠡᠷᠭᠡ ᠲᠡᠢᠷᠬᠦ᠃ 
ᠬᠠᠮᠤᠬᠤ     ᠡᠮᠦᠨ᠎ᠡ ᠬᠣᠶᠠᠷ ᠬᠥᠯ ᠢ᠋ᠶ᠋ᠡᠷ ᠢ᠋ᠶ᠋ᠡᠨ ᠴᠣᠷᠣᠢᠨ ᠴᠠᠪᠴᠢᠬᠤ᠃ 
ᠰᠠᠮᠤᠷᠳᠠᠳᠠᠭ     ᠡᠮᠦᠨ᠎ᠡ ᠬᠥᠯ ᠢ᠋ᠶ᠋ᠡᠷ ᠢ᠋ᠶ᠋ᠡᠨ ᠴᠠᠪᠴᠢᠬᠤ ᠃ 
ᠴᠣᠪᠬᠣᠷᠠᠳᠠᠭ     ᠦᠰᠦᠷᠴᠦ  ᠳᠡᠪᠬᠡᠷᠬᠦ ᠃ 
ᠴᠣᠷᠣᠢᠳᠠᠭ     ᠬᠣᠢᠲᠤ ᠬᠣᠶᠠᠷ ᠬᠥᠯ ᠳᠡᠭᠡᠷ᠎ᠡ ᠪᠡᠨ ᠪᠣᠰᠴᠤ ᠴᠣᠷᠣᠢᠨ ᠬᠠᠮᠤᠳᠠᠭ᠃ 
ᠵᠤᠯᠠᠷᠠᠳᠠᠭ     ᠬᠥᠲᠥᠯᠵᠦ ᠪᠠᠢᠲᠠᠯ᠎ᠠ ᠭᠡᠨᠡᠳᠲᠡ ᠵᠥᠷᠢᠵᠦ ᠭᠠᠷᠤᠩᠭᠠᠨ ᠢᠰᠬᠦᠯᠬᠦ᠃ 
ᠪᠤᠷᠤᠭᠤᠰᠤᠯᠠᠲᠠᠭ     ᠵᠤᠯᠠᠷᠠᠳᠠᠭ ᠤ᠋ᠨ ᠨᠥᠭᠦᠭᠡ ᠬᠡᠯᠯᠡᠭᠡ ᠃ 
ᠳᠠᠭᠠᠷᠢᠳᠠᠭ      ᠨᠢᠳᠦ ᠦᠭᠡᠢ ᠥᠭᠡᠳᠡ ᠡᠴᠡ ᠳᠠᠭᠠᠷᠢᠨ ᠢᠷᠡᠬᠦ ᠃ 
ᠦᠷᠭᠦᠳᠡᠭ     ᠡᠨᠳᠡ ᠲᠡᠨᠳᠡ ᠡᠴᠡ ᠪᠡᠨ ᠰᠣᠴᠢᠨ ᠵᠠᠢᠯᠠᠳᠠᠭ ᠃ 
ᠨᠠᠳᠬᠤᠳᠠᠭ     ᠦᠷᠭᠦᠳᠡᠭ ᠦ᠋ᠨ ᠨᠥᠭᠦᠭᠡ ᠬᠡᠯᠡᠯᠭᠡ ᠃ 
ᠬᠠᠯᠢᠰᠬᠠᠳᠠᠭ     ᠲᠠᠯ᠎ᠠ ᠠ᠋ᠴᠠ ᠪᠠᠨ ᠦᠷᠭᠦᠨ ᠰᠣᠴᠢᠮᠠᠭ ᠵᠠᠢᠯᠠᠬᠤ ᠃ 
ᠬᠣᠪᠬᠤ ᠬᠠᠷᠠᠢᠬᠤ     ᠪᠥᠭᠰᠡᠨ ᠡᠴᠡ ᠪᠡᠨ ᠰᠣᠴᠢᠨ ᠭᠣᠰᠬᠢᠨ ᠦᠷᠭᠦᠬᠦ ᠃ 
ᠪᠣᠰᠬᠠᠳᠠᠭ  
       ᠡᠮᠦᠨ᠎ᠡ ᠪᠤᠶᠤ ᠬᠠᠵᠠᠭᠤ ᠠ᠋ᠴᠠ ᠪᠠᠨ ᠪᠠᠭ᠎ᠠ ᠪᠠᠭ᠎ᠠ ᠦᠷᠭᠦᠰᠬᠢᠨ ᠶᠠᠪᠤᠬᠤ ᠃ 
ᠬᠠᠯᠭᠢᠳᠠᠭ    
       ᠬᠠᠯᠢᠰᠳᠠᠭ ᠮᠣᠷᠢ ᠶ᠋ᠢ ᠬᠡᠯᠡᠳᠡᠭ ᠪᠥᠭᠡᠳ ᠪᠠᠰᠠ ᠦᠶ᠎ᠡ ᠦᠶ᠎ᠡ ᠨᠡᠮᠡᠯᠲᠡᠲᠡᠢ ᠳᠠᠪᠬᠢᠳᠠᠭ ᠮᠣᠷᠢ ᠶ᠋ᠢ ᠴᠦ᠍ ᠪᠠᠰᠠ ᠬᠠᠯᠭᠢᠳᠠᠭ ᠭᠡᠨ᠎ᠡ ᠃ 
ᠴᠠᠩᠬᠠᠲᠠᠢ   
       ᠠᠩᠬ᠎ᠠ ᠡᠮᠡᠭᠡᠯᠯᠡᠬᠦ ᠪᠦᠷᠢ ᠤᠯᠤᠩᠨᠠᠯ ᠳ᠋ᠠᠭᠠᠨ ᠡᠪᠡᠷᠰᠢᠶᠡᠵᠦ ᠪᠡᠶ᠎ᠡ ᠪᠡᠨ ᠬᠣᠷᠢᠶᠠᠨ ᠵᠣᠭᠰᠣᠬᠤ ᠪᠤᠶᠤ ᠰᠠᠪᠠᠵᠤ ᠣᠢᠴᠢᠬᠤ᠂ ᠡᠰᠡᠬᠦᠯ᠎ᠡ ᠪᠤᠯᠭᠢᠬᠤ ᠃ 
ᠭᠣᠣᠯᠯᠠᠬᠤ  
       ᠣᠯᠣᠩ ᠢ᠋ ᠨᠢ ᠴᠢᠩᠭ᠎ᠠ ᠰᠢᠭ᠋ ᠲᠠᠲᠠᠭᠰᠠᠭᠠᠷ ᠴᠣᠷᠣᠢᠨ ᠪᠣᠰᠴᠤ ᠠᠷᠤ ᠭᠣᠣᠯ ᠢ᠋ᠶ᠋ᠠᠷ ᠢ᠋ᠶ᠋ᠠᠨ ᠰᠠᠪᠠᠵᠤ ᠣᠢᠴᠢᠬᠤ᠃ 
ᠰᠠᠭᠤᠳᠠᠭ  
       ᠤᠶᠠᠭᠠᠨ ᠳ᠋ᠤ᠌ ᠭᠡᠳᠡᠷᠭᠦ ᠰᠠᠭᠤᠨ ᠴᠤᠯᠪᠤᠭᠤᠷ ᠢ᠋ᠶ᠋ᠠᠨ ᠲᠠᠰᠤᠯᠬᠤ ᠭᠡᠳᠡᠭ ᠪᠤᠶᠤ ᠤᠷᠭ᠎ᠠ ᠶ᠋ᠢᠨ ᠮᠣᠷᠢ᠂ ᠤᠷᠭᠠᠯᠠᠭᠰᠠᠨ ᠤ᠋ ᠬᠣᠢᠨ᠎ᠠ ᠪᠥᠭᠰᠡ ᠪᠡᠷ ᠢ᠋ᠶ᠋ᠡᠨ ᠱᠣᠩᠰᠢᠷᠠᠵᠤ ᠰᠠᠭᠤᠬᠤ ᠶ᠋ᠢ ᠮᠥᠨ ᠰᠠᠭᠤᠳᠠᠭ ᠭᠡᠳᠡᠭ᠃ 
ᠲᠦᠭᠵᠢᠳᠡᠭ  
       ᠤᠷᠭ᠎ᠠ ᠶ᠋ᠢᠨ ᠮᠣᠷᠢ ᠶ᠋ᠢ ᠤᠷᠭᠠᠯᠠᠮᠠᠭᠴᠠ ᠱᠣᠩᠰᠢᠷᠠᠵᠤ ᠰᠠᠭᠤᠭᠠᠳ ᠳᠠᠬᠢᠨ ᠪᠣᠰᠴᠤ ᠢᠷᠡᠳᠡᠭ ᠦᠭᠡᠢ ᠶ᠋ᠢ ᠬᠡᠯᠡᠨ᠎ᠡ ᠃ 
ᠲᠠᠭᠰᠢᠳᠠᠭ 
       ᠪᠠᠷᠢᠭᠳᠠᠬᠤ ᠦᠭᠡᠢ ᠴᠢᠳᠥᠷ ᠲᠠᠢᠭᠠᠨ ᠭᠤᠷᠪᠠᠨ ᠬᠥᠯᠯᠡᠨ ᠳᠡᠭᠳᠡᠨ ᠳᠠᠪᠬᠢᠬᠤ᠃ 
ᠪᠤᠯᠭᠢᠳᠠᠭ  
       ᠤᠨᠤᠭᠰᠠᠨ ᠬᠥᠮᠦᠨ ᠢ᠋ ᠬᠠᠶᠠᠬᠤ ᠪᠠᠷ ᠲᠣᠩᠭᠣᠷᠴᠣᠭᠯᠠᠨ ᠳᠣᠯᠭᠢᠨ ᠦᠰᠦᠷᠬᠢᠯᠡᠬᠦ᠃ 
ᠲᠠᠭᠰᠢᠨ ᠪᠤᠯᠭᠢᠬᠤ 
       ᠣᠷᠣᠭᠰᠢ ᠨᠢᠭᠡᠨ ᠵᠢᠭᠳᠡ ᠳᠥᠷᠪᠡᠨ ᠬᠥᠯᠯᠡᠨ ᠦᠰᠦᠷᠬᠢᠯᠡᠵᠦ ᠪᠤᠯᠭᠢᠬᠤ᠂ ᠡᠨᠡ ᠨᠢ ᠬᠦᠴᠦ ᠮᠠᠭᠤᠲᠠᠢ᠂ ᠦᠵᠡᠮᠦᠷᠢ ᠳ᠋ᠦ᠍ ᠪᠤᠯᠭᠢᠭᠤᠯᠵᠤ ᠪᠣᠯᠤᠨ᠎ᠠ᠃ 
ᠵᠠᠢᠮᠤᠵᠤ ᠪᠤᠯᠭᠢᠬᠤ  
       ᠬᠣᠶᠠᠷ ᠲᠡᠢᠰᠢ ᠡᠭᠡᠯᠵᠢᠯᠡᠨ ᠬᠠᠯᠭᠢᠨ ᠦᠰᠦᠷᠴᠦ ᠪᠤᠯᠭᠢᠬᠤ ᠂ ᠨᠡᠯᠢᠶᠡᠳ ᠡᠪ ᠮᠠᠭᠤᠲᠠᠢ ᠪᠤᠯᠭᠢᠭ᠎ᠠ᠃ 
ᠵᠣᠭ ᠲᠣᠰᠣᠨ ᠪᠤᠯᠭᠢᠬᠤ  
       ᠳᠠᠪᠬᠢᠵᠤ ᠣᠴᠢᠩᠭᠠᠨ ᠵᠣᠭ ᠵᠣᠭᠰᠣᠨ ᠪᠤᠯᠭᠢᠬᠤ᠂ ᠨᠡᠯᠢᠶᠡᠳ ᠬᠦᠴᠦᠲᠡᠢ ᠪᠤᠯᠭᠢᠭ᠎ᠠ ᠃ 
ᠤᠬᠤᠷᠢᠵᠤ ᠪᠤᠯᠭᠢᠬᠤ  
       ᠪᠤᠯᠭᠢᠬᠤ ᠪᠦᠷᠢ ᠳ᠋ᠡᠭᠡᠨ ᠤᠬᠤᠷᠢᠵᠤ ᠬᠥᠮᠦᠨ ᠦ᠌ ᠬᠦᠨᠳᠦᠴᠡ ᠪᠡᠨ ᠲᠣᠭᠲᠠᠭᠠᠬᠤ ᠶ᠋ᠢ ᠠᠮᠵᠢᠭᠤᠯᠤᠯ ᠦᠭᠡᠢ ᠪᠤᠯᠭᠢᠬᠤ ᠂ ᠡᠨᠡ ᠨᠢ ᠪᠦᠷ ᠬᠡᠴᠡᠭᠦᠦ ᠃ 
ᠪᠤᠬᠠᠳᠠᠭ     ᠪᠠᠭ᠎ᠠ ᠵᠡᠷᠭᠡ ᠪᠤᠯᠭᠢᠬᠤ ᠃ 

               ᠳᠡᠯ ᠰᠡᠭᠦᠯ ᠦ᠋ᠨ ᠪᠠᠢᠳᠠᠯ ᠢ᠋ᠶ᠋ᠠᠷ ᠨᠡᠷᠡᠯᠡᠬᠦ ᠵᠦᠢᠯ  

ᠱᠠᠩᠬᠤᠲᠠᠢ 
       ᠮᠣᠷᠢ ᠭᠡᠭᠦᠦ ᠶ᠋ᠢᠨ᠂ ᠬᠥᠬᠥᠯ ᠳᠡᠯ ᠭᠣᠣᠯ ᠢ᠋ᠶ᠋ᠠᠷ ᠢ᠋ᠶ᠋ᠠᠨ ᠬᠠᠭᠠᠯᠪᠤᠷᠢᠯᠠᠨ ᠬᠣᠶᠠᠷ ᠲᠠᠢᠰᠢ ᠤᠷᠲᠤ ᠰᠢᠭ᠋ ᠤᠨᠵᠢᠢᠨ ᠪᠠᠭᠤᠭᠰᠠᠨ ᠢ᠋ ᠬᠡᠯᠡᠨ᠎ᠡ᠃ ᠡᠭᠦᠨ ᠢ᠋ ᠥᠨᠳᠥᠷ ᠰᠠᠢᠬᠠᠨ ᠱᠠᠩᠬᠤᠲᠠᠢ ᠭᠡᠳᠡᠭ᠃ 
ᠬᠥᠬᠥᠯᠲᠡᠢ 
       ᠳᠠᠪᠠᠭ ᠂ ᠭᠡᠭᠦᠦ ᠶ᠋ᠢᠨ ᠳᠤᠬᠤᠨ ( ᠮᠠᠩᠨᠠᠢ ) ᠳ᠋ᠤ᠌ ᠬᠡᠰᠡᠭᠯᠡᠨ ᠦᠯᠡᠳᠡᠭᠡᠭᠰᠡᠨ ᠳᠡᠯ᠃ 
ᠭᠡᠵᠢᠭᠡ  
       ᠠᠭᠲᠠ ᠮᠣᠷᠢᠨ ᠳ᠋ᠤ᠌ ᠲᠠᠯᠪᠢᠬᠤ ᠬᠣᠶᠠᠷ ᠴᠢᠬᠢᠲᠡᠢ ᠨᠢ ᠣᠴᠣᠭᠯᠠᠨ ᠦᠯᠡᠳᠡᠭᠡᠭᠰᠡᠨ ᠳᠡᠯ᠃ 
ᠥᠨᠳᠥᠷ ᠮᠤᠨᠲᠠᠭᠠᠲᠠᠢ  
       ᠤᠷᠲᠤ ᠰᠠᠢᠬᠠᠨ ᠮᠤᠨᠳᠠᠭᠠᠨ ᠳᠡᠯ ᠪᠦᠬᠦᠢ ᠪᠤᠶᠤ ᠮᠤᠨᠳᠠᠭ᠎ᠠ ᠥᠨᠳᠥᠷ ᠮᠣᠷᠢ᠃ 
ᠲᠠᠯᠲᠤ     ᠳᠡᠯ ᠢ᠋ ᠨᠢ ᠠᠪᠤᠭᠰᠠᠨ ᠦᠭᠡᠢ᠃ 
ᠬᠤᠷ ᠲᠠᠯᠲᠤ     ᠣᠯᠠᠨ ᠵᠢᠯ ᠳᠡᠯ ᠢ᠋ ᠨᠢ ᠠᠪᠤᠭᠰᠠᠨ ᠦᠭᠡᠢ ᠲᠠᠯᠪᠢᠭᠰᠠᠨ᠃ 
ᠤᠨᠠᠭᠠᠨ ᠳᠡᠯᠳᠡᠢ  
       ᠣᠩᠭᠣᠨ ᠳᠡᠯ᠂ ᠤᠨᠠᠭᠠᠨ ᠳᠡᠯ ᠢ᠋ ᠨᠢ ᠠᠪᠤᠭᠰᠠᠨ ᠦᠭᠡᠢ ᠠᠭᠰᠠᠭᠠᠷ᠃ 
ᠣᠩᠭᠣᠨ ᠳᠡᠯᠳᠡᠢ  
       ᠳᠡᠯ ᠳ᠋ᠦ᠍ᠨᠢ ᠶᠡᠷᠦ ᠬᠠᠢᠴᠢ ᠮᠡᠰᠡ ᠣᠭᠲᠣ ᠬᠦᠷᠦᠭᠡ ᠦᠭᠡᠢ ᠳᠡᠯ᠃ 
ᠵᠠᠰᠠᠮᠠᠯ ᠳᠡᠯᠳᠡᠢ     ᠳᠡᠯ ᠢ᠋ ᠨᠢ ᠬᠠᠢᠴᠢᠯᠠᠨ ᠶᠠᠩᠵᠤᠯᠠᠵᠤ ᠵᠠᠰᠠᠭᠰᠠᠨ᠃ 
ᠬᠢᠷᠭᠠᠭ᠎ᠠ ᠳᠡᠯᠳᠡᠢ     ᠵᠠᠰᠠᠭᠰᠠᠨ ᠳᠡᠯ᠃ 
ᠰᠤᠮᠤᠨ ᠳᠡᠯᠳᠡᠢ  
       ᠮᠣᠷᠢᠨ ᠳᠡᠯ ᠢ᠋ ᠮᠤᠨᠳᠠᠭ᠎ᠠ ᠶ᠋ᠢᠨ ᠡᠮᠦᠨ᠎ᠡ ᠨᠢ ᠠᠷᠠᠢ ᠥᠨᠳᠥᠷ᠂ ᠴᠣᠬᠣ ᠤᠷᠤᠭᠤ ᠨᠢ ᠪᠣᠭᠣᠨᠢᠪᠲᠤᠷ ᠬᠠᠢᠴᠢᠯᠠᠬᠤ ᠳ᠋ᠠᠭᠠᠨ ᠳᠡᠯ ᠦ᠋ᠨ ᠳᠡᠭᠡᠳᠦ ᠲᠠᠯ᠎ᠠ  ᠶ᠋ᠢ ᠰᠢᠯᠤᠭᠤᠨ ᠲᠡᠭᠰᠢ ᠬᠢᠷᠭᠠᠭᠰᠠᠨ᠃ 
ᠮᠥᠭᠡᠷᠣᠨ ᠳᠡᠯᠳᠡᠢ  
       ᠮᠣᠷᠢᠨ ᠳᠡᠯ ᠢ᠋ ᠳᠤᠮᠳᠠ ᠨᠢ ᠭᠦᠳᠦᠭᠦᠷ ᠮᠥᠭᠡᠷ ᠬᠡᠯᠪᠡᠷᠢᠲᠡᠢ ᠵᠠᠰᠠᠭᠰᠠᠨ ᠢ᠋ ᠬᠡᠯᠡᠨ᠎ᠡ᠃ 
ᠪᠣᠰᠤᠭ᠎ᠠ ᠳᠡᠯᠳᠡᠢ  
       ᠬᠢᠷᠭᠠᠭᠰᠠᠨ ᠳᠡᠯ ᠨᠢ ᠳᠡᠭᠡᠭᠰᠢ ᠪᠣᠰᠤᠭ᠎ᠠ ᠪᠦᠬᠦᠢ᠃ 
ᠤᠨᠠᠭᠰᠠᠨ ᠳᠡᠯᠳᠡᠢ 
       ᠳᠡᠯ ᠨᠢ ᠤᠷᠲᠤ ᠪᠣᠯᠵᠤ ᠬᠠᠵᠠᠭᠤᠰᠢ ᠪᠠᠭᠤᠭᠰᠠᠨ᠃ 
ᠰᠢᠩᠭᠡᠨ ᠳᠡᠯᠳᠡᠢ  
       ᠲᠥᠷᠥᠯᠬᠢ ᠬᠢᠯᠭᠠᠰᠤᠨ ᠳᠡᠯ ᠨᠢ ᠴᠥᠭᠡᠨ ᠥᠳᠬᠡᠨ ᠪᠢᠰᠢ᠃ 
ᠥᠳᠬᠡᠨ ᠳᠡᠯᠳᠡᠢ  
       ᠲᠥᠷᠥᠯᠬᠢ ᠳᠡᠯ ᠨᠢ ᠠᠭᠰᠢᠭᠤᠨ ᠪᠦᠬᠦᠢ᠃ 
ᠡᠷᠴᠢᠨ ᠳᠡᠯᠳᠡᠢ  
       ᠳᠡᠯ ᠨᠢ ᠮᠤᠰᠬᠢᠷᠠᠵᠤ ᠪᠣᠷᠴᠠ ᠪᠣᠷᠴᠠ ᠪᠣᠯᠤᠭᠰᠠᠨ᠃ ᠪᠠᠰᠠ ᠳᠠᠯᠠᠨ ᠵᠠᠩᠭᠢᠯᠠᠭ᠎ᠠ ᠭᠡᠵᠦ ᠬᠡᠯᠡᠳᠡᠭ ᠭᠠᠵᠠᠷ ᠪᠣᠢ ᠃ 
ᠡᠭᠦᠷ ᠰᠡᠭᠦᠯᠲᠦ     ᠰᠢᠷᠢᠯᠳᠦᠭᠰᠡᠨ ᠪᠥᠭᠡᠮ ᠰᠡᠭᠦᠯᠲᠡᠢ᠃ 
ᠪᠥᠭᠡᠮ ᠰᠡᠭᠦᠯᠲᠦ     ᠡᠭᠦᠷ ᠰᠡᠭᠦᠯᠲᠦ᠂ ᠨᠢᠭᠡ ᠯᠡ ᠪᠥᠭᠡᠮ ᠪᠣᠯᠵᠤ ᠰᠢᠷᠢᠯᠳᠦᠭᠰᠡᠨ᠃ 
ᠲᠤᠭ ᠰᠡᠭᠦᠯᠲᠦ     ᠵᠠᠳᠠᠭᠠᠢ ᠰᠢᠯᠤᠭᠤᠨ ᠰᠡᠭᠦᠯᠲᠡᠢ᠃ 
ᠵᠠᠳᠠᠭᠠᠢ ᠰᠡᠭᠦᠯᠲᠦ     ᠰᠠᠳᠠᠷᠠᠭᠰᠠᠨ ᠥᠳᠬᠡᠨ ᠰᠡᠭᠦᠯᠲᠡᠢ ᠃ 
ᠰᠦᠪᠡᠭᠴᠢᠨ ᠰᠡᠭᠦᠯᠲᠦ     ᠰᠡᠭᠦᠯ ᠦ᠋ᠨ ᠦᠵᠦᠭᠦᠷ ᠲᠡᠢᠰᠢ ᠱᠤᠪᠲᠤᠩ᠃ 
ᠮᠤᠰᠢᠭᠠᠢ ᠰᠡᠭᠦᠯᠲᠦ   
       ᠲᠥᠷᠥᠯᠬᠢ ᠪᠤᠶᠤ ᠠᠵᠢᠷᠭᠠᠨ ᠳ᠋ᠤ᠌ ᠬᠠᠵᠠᠭᠳᠠᠭᠰᠠᠨ ᠪᠠ ᠰᠡᠭᠦᠯ ᠴᠣᠬᠢᠭᠰᠠᠨ ᠠ᠋ᠴᠠ ᠪᠣᠯᠵᠤ ᠰᠡᠭᠦᠯ ᠨᠢ ᠮᠤᠷᠤᠢᠭᠰᠠᠨ ( ᠵᠥᠪ ᠪᠤᠷᠤᠭᠤ ) ᠰᠡᠭᠦᠯ ᠃ 
ᠣᠭᠣᠳᠣᠩ     ᠲᠣᠵᠢᠭᠠᠷ ᠪᠣᠭᠣᠨᠢᠬᠠᠨ ᠰᠡᠭᠦᠯ ᠃ 
ᠭᠣᠳᠣᠩ     ᠪᠠᠷᠤᠭ ᠮᠢᠬᠠᠨ ᠰᠡᠭᠦᠯ ᠰᠢᠬᠠᠭᠤ ᠭᠣᠣᠨᠣᠭᠤᠷ ᠰᠡᠭᠦᠯᠲᠡᠢ᠃ 
ᠲᠣᠵᠢᠩ     ᠣᠭᠣᠲᠣᠷ ᠮᠥᠷᠲᠡᠭᠡᠨ ᠰᠢᠩᠭᠡᠨ ᠰᠡᠭᠦᠯᠲᠡᠢ ᠃ 
ᠱᠣᠳᠣᠩ   
       ᠳᠦᠵᠢᠩ ᠢ᠋ ᠪᠣᠳᠣᠪᠠᠯ ᠬᠢᠯᠭᠠᠰᠤᠨ ᠰᠡᠭᠦᠯ ᠨᠢ ᠠᠷᠠᠢᠬᠠᠨ ᠤᠷᠲᠤ᠂ ᠵᠢᠩᠬᠢᠨᠢ ᠰᠡᠭᠦᠯ ᠡᠴᠡ ᠬᠣᠯᠠ ᠪᠣᠭᠣᠨᠢ ᠰᠢᠩᠭᠡᠨ ᠰᠡᠭᠦᠯ ᠃            

               ᠡᠮᠵᠡᠭ ᠪᠠᠢᠳᠠᠯ ᠂ ᠢᠮ ᠲᠠᠮᠠᠭ᠎ᠠ ᠪᠠᠷ ᠨᠡᠷᠡᠯᠡᠬᠦ ᠵᠦᠢᠯ  

ᠳᠠᠭᠠᠷᠢᠲᠠᠢ  
       ᠡᠳ᠋ᠯᠡᠭᠡᠨ ᠦ᠌ ᠮᠠᠭᠤ ᠠ᠋ᠴᠠ ᠪᠤᠶᠤ ᠡᠮᠡᠭᠡᠯ ᠦ᠋ᠨ ᠡᠪᠰᠢᠯ ᠮᠠᠭᠤ ᠠ᠋ᠴᠠ ᠪᠣᠯᠵᠤ ᠮᠣᠷᠢᠨ ᠤ᠋ ᠨᠢᠷᠤᠭᠤ ᠨᠢ ᠶᠠᠷᠰᠢᠭᠰᠠᠨ ᠃ 
ᠵᠢᠳᠡᠤᠲᠠᠢ  
       ᠠᠳᠤᠭᠤᠨ ᠤ᠋ ᠬᠦᠵᠦᠭᠦᠦ ᠂ ᠮᠤᠨᠳᠠᠭ᠎ᠠ ᠂ ᠭᠡᠳᠡᠰᠦ ᠣᠷᠴᠢᠮ ᠢ᠋ᠶ᠋ᠠᠷ ᠭᠠᠷᠳᠠᠭ ᠰᠤᠢᠯᠭᠠᠲᠤ ᠲᠠᠭᠠᠷᠢ ᠂ ᠪᠠᠰᠠ ᠲᠠᠪᠰᠢ ᠭᠡᠳᠡᠭ ᠴᠦ᠍ ᠪᠣᠢ᠃ 
ᠰᠣᠶᠣᠩᠭᠠᠲᠤ  
       ᠰᠣᠶᠣᠩᠭᠠᠲᠤᠵᠤ ᠥᠩᠭᠡᠷᠡᠭᠰᠡᠨ ( ᠰᠣᠶᠣᠩᠭ᠎ᠠ ᠡᠪᠡᠳᠴᠢᠨ ᠣᠯᠵᠤ ᠥᠩᠭᠡᠷᠡᠭᠰᠡᠨ ) ᠃ 
ᠭᠠᠷᠠᠩᠭᠠᠲᠤ   
       ᠭᠠᠷᠠᠩ ᠰᠢᠳᠦ ᠤᠷᠭᠤᠵᠤ ᠥᠩᠭᠡᠷᠡᠭᠰᠡᠨ᠃ ᠠᠷᠠᠩ ᠠᠷᠠᠭ᠎ᠠ ᠭᠡᠵᠦ ᠪᠠᠰᠠ ᠬᠡᠯᠡᠳᠡᠭ᠃ 
ᠶᠠᠮᠠᠲᠠᠢ     ᠠᠳᠤᠭᠤᠨ ᠤ᠋ ᠬᠠᠮᠠᠷ ᠡᠪᠡᠳᠴᠢᠨ ᠣᠯᠵᠤ ᠥᠩᠭᠡᠷᠡᠭᠰᠡᠨ ᠃ 
ᠳᠠᠬᠢᠲᠠᠢ     ᠦᠰᠦ ᠨᠢ ᠰᠢᠷᠢᠯᠳᠦᠵᠦ ᠪᠥᠭᠡᠮᠨᠡᠷᠡᠭᠡᠳ ᠭᠤᠤᠵᠢᠭᠠᠳᠤᠢ ᠃ 
ᠳᠣᠭᠣᠯᠠᠩ  
       ᠬᠠᠵᠠᠭᠠᠷ ᠬᠥᠯ ᠨᠢ ᠭᠡᠮᠲᠦᠵᠦ᠂ ᠪᠤᠯᠵᠠᠵᠤ᠂ ᠬᠤᠭᠤᠷᠠᠭᠰᠠᠨ ᠵᠡᠷᠭᠡ ᠡᠴᠡ ᠪᠣᠯᠵᠤ ᠳᠣᠭᠣᠯᠳᠠᠨ ᠶᠠᠪᠤᠬᠤ ᠪᠣᠯᠤᠭᠰᠠᠨ ᠃ 
ᠬᠠᠵᠠᠭᠠᠷ     ᠳᠣᠭᠣᠯᠠᠩ ᠤ᠋ᠨ ᠨᠥᠭᠦᠭᠡ ᠬᠡᠯᠡᠯᠭᠡ ᠃ 
ᠬᠣᠩᠭᠤᠳᠠᠢ  
       ᠬᠣᠩᠭᠣ ᠨᠢ ᠴᠢᠨᠣ᠎ᠠ ᠳ᠋ᠤ᠌ ᠤᠷᠠᠭᠤᠯᠤᠭᠰᠠᠨ ᠠ᠋ᠴᠠ ᠪᠣᠯᠵᠤ ᠲᠠᠲᠠᠩᠬᠠᠢ ᠪᠣᠯᠤᠭᠰᠠᠨ᠃ 
ᠲᠠᠲᠠᠩᠬᠠᠢ     ᠬᠣᠩᠭᠣᠳᠠᠢ ᠶ᠋ᠢᠨ ᠨᠥᠭᠦᠭᠡ ᠬᠡᠯᠡᠯᠭᠡ ᠃ 
ᠰᠥᠳᠥᠷᠭᠡᠲᠦ    ᠰᠥᠳᠥᠷᠭᠡ ᠡᠪᠡᠳᠴᠢᠨ ᠣᠯᠵᠤ ᠥᠩᠭᠡᠷᠡᠭᠰᠡᠨ ᠠᠳᠤᠭᠤ ᠃ 
ᠣᠷᠢᠶᠠᠩᠭᠠᠲᠤ    ᠣᠷᠢᠶᠠᠩ ᠪᠤᠶᠤ ᠴᠢᠳᠥᠷ ᠣᠷᠢᠶᠠᠩ ᠡᠪᠡᠳᠴᠢᠨ ᠣᠯᠵᠤ ᠥᠩᠭᠡᠷᠡᠭᠰᠡᠨ ᠃ 
ᠵᠢᠯᠪᠢᠩᠲᠦ     ᠵᠢᠯᠪᠢᠩ ᠡᠪᠡᠳᠴᠢᠨ ᠲᠣᠰᠴᠤ ᠥᠩᠭᠡᠷᠡᠭᠰᠡᠨ ᠃ 
ᠨᠠᠷᠠᠨ ᠵᠢᠯᠪᠢᠩ     ᠬᠥᠯᠥᠰᠥᠳᠡᠭᠡᠳ ᠭᠡᠨᠡᠳᠲᠡ ᠨᠠᠷᠠᠨ ᠳ᠋ᠤ᠌ ᠨᠠᠷᠠᠰᠢᠭᠰᠠᠨ ᠃ 
ᠰᠠᠯᠬᠢᠨ ᠵᠢᠯᠪᠢᠩ     ᠬᠥᠯᠥᠰᠥ ᠭᠠᠷᠤᠭᠠᠳ ᠰᠠᠯᠬᠢᠨ ᠳ᠋ᠤ᠌ ᠴᠣᠬᠢᠭᠤᠯᠤᠭᠰᠠᠨ ᠃ 
ᠤᠰᠤᠨ ᠵᠢᠯᠪᠢᠩ     ᠬᠥᠯᠥᠰᠥᠲᠡᠢ ᠤᠰᠤ ᠤᠤᠭᠤᠭᠰᠠᠨ ᠃ 
ᠴᠢᠳᠥᠷ ᠵᠢᠯᠪᠢᠩ     ᠴᠢᠳᠥᠷ ᠣᠷᠢᠶᠠᠩ ᠲᠤᠰᠬᠤ ᠭᠡᠬᠦ ᠮᠡᠲᠦ ᠃ 
ᠰᠠᠬᠤᠤᠲᠤ  
       ᠰᠠᠬᠤᠤ ᠡᠪᠡᠳᠴᠢᠨ ᠲᠣᠰᠴᠤ ᠥᠩᠭᠡᠷᠡᠭᠰᠡᠨ ᠪᠤᠶᠤ ᠲᠣᠰᠤᠭᠠᠳ ᠪᠠᠢᠬᠤ ᠶ᠋ᠢ ᠬᠡᠯᠡᠨ᠎ᠡ ᠃ 
ᠭᠦᠶᠡᠩᠲᠦ 
        ᠭᠦᠶᠡᠩ ᠡᠪᠡᠳᠴᠢᠨ ᠲᠣᠰᠴᠤ ᠥᠩᠭᠡᠷᠡᠭᠰᠡᠨ ᠪᠤᠶᠤ ᠲᠣᠰᠤᠭᠠᠳ ᠪᠠᠢᠬᠤ ᠶ᠋ᠢ ᠬᠡᠯᠡᠨ᠎ᠡ ᠃ 
ᠢᠮᠠᠲᠤ   ᠴᠢᠬᠢᠨ ᠳ᠋ᠦᠢ ᠢᠮ ( ᠲᠡᠮᠳᠡᠭ ) ᠲᠡᠢ ᠃ 
ᠭᠠᠨᠵᠤᠭ᠎ᠠ ᠢᠮ ᠲᠡᠢ(ᠵᠥᠪ ᠪᠤᠷᠤᠭᠤ ) ᠪᠣᠷᠣ  
       ᠠᠯᠢ ᠨᠢᠭᠡᠨ ᠴᠢᠬᠢᠨ ᠦ᠌ ᠬᠢᠨᠢ ᠠᠷᠤ ᠪᠤᠶᠤ ᠡᠮᠦᠨ᠎ᠡ ᠬᠥᠪᠡᠭᠡ ᠪᠡᠷ ᠦᠵᠦᠭᠦᠷ ᠡᠴᠡ ᠨᠢ ᠤᠭ ᠲᠠᠢᠰᠢ ᠨᠠᠷᠢᠬᠠᠨ ᠣᠭᠲᠣᠯᠵᠤ ᠤᠨᠵᠢᠭᠤᠯᠤᠭᠰᠠᠨ ᠲᠡᠮᠳᠡᠭ ᠲᠡᠢ ᠪᠣᠷᠣ ᠠᠳᠤᠭᠤ ᠃ 
ᠴᠤᠭᠤᠯᠪᠤᠷᠢ ᠢᠮ ᠲᠡᠢ(ᠵᠥᠪ ᠪᠤᠷᠤᠭᠤ ) ᠬᠡᠭᠡᠷ   
       ᠠᠯᠢ ᠨᠢᠭᠡᠨ ᠴᠢᠬᠢ ᠨᠢ ᠭᠣᠣᠯ ᠢ᠋ᠶ᠋ᠠᠷ ᠢ᠋ᠶ᠋ᠠᠨ ᠵᠦᠰᠦᠭᠦᠯᠦᠭᠰᠡᠨ ᠢᠮ ᠲᠡᠢ ᠠᠳᠤᠭᠤ᠃ 
ᠵᠢᠷᠦᠬᠡᠨ ᠢᠮ ᠲᠡᠢ(ᠵᠥᠪ ᠪᠤᠷᠤᠭᠤ ) ᠴᠠᠭᠠᠨ  
       ᠠᠯᠢ ᠨᠢᠭᠡ ᠴᠢᠬᠢ ᠶ᠋ᠢᠨ ᠬᠢᠨᠢ ᠴᠢᠬᠢᠨ ᠦᠵᠦᠭᠦᠷ ᠦ᠋ᠨ ᠬᠣᠶᠠᠷ ᠲᠠᠯ᠎ᠠ ᠪᠠᠷ ᠪᠠᠭ᠎ᠠ ᠪᠠᠭ᠎ᠠ ᠡᠰᠬᠡᠨ ᠴᠢᠬᠢᠨ ᠦᠵᠦᠭᠦᠷ ᠢ ᠨᠢ ᠵᠢᠷᠦᠬᠡᠨ ᠬᠡᠯᠪᠡᠷᠢᠲᠡᠢ ᠦᠯᠡᠳᠡᠭᠡᠭᠰᠡᠨ ᠲᠡᠮᠳᠡᠭ ᠲᠡᠢ ᠴᠠᠭᠠᠨ ᠭᠡᠬᠦ ᠮᠡᠲᠦ᠃ ᠢᠮ ᠳ᠋ᠦ᠍ ᠪᠠᠷᠤᠭ ᠵᠠᠭᠤᠨ ᠵᠦᠢᠯ ᠪᠣᠢ ᠪᠣᠯᠬᠣᠷ ᠮᠥᠨ ᠵᠠᠭᠤᠭᠠᠳ ᠢᠮ ᠪᠦᠬᠦᠢ ᠵᠢᠰᠦᠮ ᠭᠠᠷᠬᠤ ᠶᠣᠰᠣᠲᠠᠢ᠃ ᠭᠡᠶ᠎ᠡ ᠪᠠᠷᠤᠭᠲᠠᠢ ᠳ᠋ᠤ᠌ ᠠᠳᠤᠭᠤᠨ ᠳ᠋ᠤ᠌ ᠬᠥᠨᠳᠡᠯᠡᠨ ᠢᠮ ᠲᠠᠯᠪᠢᠳᠠᠭ ᠦᠭᠡᠢ ᠰᠢᠭ᠃ ᠤᠴᠢᠷ ᠨᠢ ᠬᠥᠨᠳᠡᠯᠡᠨ ᠢᠮ ᠪᠣᠯ ᠤᠷᠭ᠎ᠠ ᠬᠤᠢᠪᠢ ᠳ᠋ᠤ᠌ ᠨᠣᠭᠳᠠᠨ ᠲᠠᠰᠤᠳᠠᠭᠳᠠᠬᠤ ᠠ᠋ᠴᠠ ᠪᠣᠯᠭᠣᠮᠵᠢᠯᠠᠭᠰᠠᠨ ᠪᠣᠯᠤᠯᠲᠠᠢ᠃ 
ᠬᠠᠯᠠᠩᠬᠠᠢ ᠲᠠᠮᠠᠭᠠᠲᠤ   ᠲᠠᠮᠠᠭ᠎ᠠ ᠨᠢ ᠰᠢᠯᠵᠢᠨ ᠰᠢᠲᠠᠭᠳᠠᠵᠤ ᠪᠠᠯᠠᠷᠬᠠᠢ ᠭᠠᠷᠤᠭᠰᠠᠨ᠃ 
ᠰᠠᠷᠠᠨ ᠲᠠᠮᠠᠭᠠᠲᠠᠢ ᠬᠠᠯᠢᠭᠤᠨ  
       ᠰᠢᠨᠡᠳ ᠦ᠋ᠨ ᠰᠠᠷᠠᠨ ᠬᠡᠯᠪᠡᠷᠢᠲᠡᠢ ᠲᠠᠮᠠᠭ᠎ᠠ ᠪᠦᠬᠦᠢ ᠠᠳᠤᠭᠤ᠃ 
ᠨᠠᠷᠠᠨ ᠰᠠᠷᠠᠨ ᠲᠠᠮᠠᠭᠠᠲᠠᠢ ᠬᠠᠷ᠎ᠠ   
       ᠨᠠᠷᠠ ᠰᠠᠷᠠ ᠵᠡᠷᠭᠡ ᠪᠡᠷ ᠮᠠᠨᠳᠤᠵᠤ ᠪᠠᠢᠭ᠎ᠠ ᠬᠡᠯᠪᠡᠷᠢᠲᠡᠢ ᠲᠠᠮᠠᠭ᠎ᠠ ᠪᠦᠬᠦᠢ ᠠᠳᠤᠭᠤ᠃ 
ᠴᠢᠨᠳᠠᠮᠤᠨᠢ ᠲᠠᠮᠠᠭᠠᠲᠠᠢ ᠬᠦᠷᠡᠩ 
       ᠬᠦᠰᠡᠯ ᠢ᠋ ᠬᠠᠩᠭᠠᠭᠴᠢ ᠡᠷᠳᠡᠨᠢ ᠶ᠋ᠢᠨ ᠬᠡᠯᠪᠡᠷᠢᠲᠡᠢ ᠲᠠᠮᠠᠭ᠎ᠠ ᠪᠦᠬᠦᠢ ᠠᠳᠤᠭᠤ᠃ 
ᠵᠥᠪ ᠡᠷᠭᠢᠭᠰᠡᠨ ᠬᠠᠰ ᠲᠠᠢ ᠤᠯᠠᠭᠠᠨ  
       ᠵᠥᠪ ᠡᠷᠭᠢᠭᠰᠡᠨ ᠪᠠ ᠤᠭᠠᠯᠵᠠ ᠶ᠋ᠢᠨ ᠨᠢᠭᠡᠨ ᠬᠡᠯᠪᠡᠷᠢ ᠶ᠋ᠢᠨ ᠲᠠᠮᠠᠭ᠎ᠠ ᠪᠦᠬᠦᠢ ᠠᠳᠤᠭᠤ᠃ 
ᠵᠢᠭᠠᠰᠤᠨ ᠲᠠᠮᠠᠭᠠᠲᠠᠢ ᠰᠢᠷᠭ᠎ᠠ   
       ᠵᠢᠭᠠᠰᠤᠨ ᠬᠡᠯᠪᠡᠷᠢᠲᠡᠢ ᠲᠠᠮᠠᠭ᠎ᠠ ᠪᠦᠬᠦᠢ ᠠᠳᠤᠭᠤ᠃  
ᠭᠠᠷᠠᠬᠠᠨ ᠲᠠᠮᠠᠭᠠᠲᠠᠢ ᠬᠠᠯᠲᠠᠷ  
       ᠭᠠᠷᠠᠬ᠎ᠠ ᠶ᠋ᠢᠨ ᠬᠡᠯᠪᠡᠷᠢᠲᠡᠢ ᠲᠠᠮᠠᠭ᠎ᠠ ᠪᠦᠬᠦᠢ ᠠᠳᠤᠭᠤ᠃ 
ᠾᠧ ᠶᠢᠩ ᠲᠠᠮᠠᠭᠠᠲᠠᠢ ᠪᠤᠭᠤᠷᠤᠯ   
       ᠳᠥᠷᠪᠡᠯᠵᠢᠨ ᠲᠠᠮᠠᠭ᠎ᠠ ᠪᠦᠬᠦᠢ ᠠᠳᠤᠭᠤ᠃ 
ᠭᠠᠯ ᠲᠠᠮᠠᠭᠠᠲᠠᠢ ᠵᠡᠭᠡᠷᠳᠡ 
       ᠨᠣᠴᠣᠵᠤ ᠪᠠᠢᠭ᠎ᠠ ᠭᠠᠯ ᠤ᠋ᠨ ᠬᠡᠯᠪᠡᠷᠢᠲᠡᠢ ᠲᠠᠮᠠᠭ᠎ᠠ ᠪᠦᠬᠦᠢ ᠠᠳᠤᠭᠤ᠃  
ᠠᠯᠤᠬᠠᠨ ᠲᠠᠮᠠᠭᠠᠲᠠᠢ ᠰᠠᠭᠠᠷᠠᠯ   
       ᠴᠢᠭᠲᠠ ᠬᠡᠯᠪᠡᠷᠢ ᠶ᠋ᠢᠨ ᠲᠠᠮᠠᠭ᠎ᠠ ᠪᠦᠬᠦᠢ ᠠᠳᠤᠭᠤ ᠃  
ᠠᠯᠢᠮᠠᠨ ᠲᠠᠮᠠᠭᠠᠲᠠᠢ ᠴᠡᠩᠬᠡᠷ  
       ᠠᠯᠢᠮ᠎ᠠ ᠶ᠋ᠢᠨ ᠬᠡᠯᠪᠡᠷᠢᠲᠡᠢ ᠲᠠᠮᠠᠭ᠎ᠠ ᠪᠦᠬᠦᠢ ᠠᠳᠤᠭᠤ ᠭᠡᠬᠦ ᠮᠡᠲᠦ ᠃ ᠲᠠᠮᠠᠭᠠᠨ ᠳ᠋ᠤ᠌ ᠬᠣᠶᠠᠷ ᠵᠠᠭᠤᠭᠠᠳ ᠵᠦᠢᠯ ᠪᠣᠢ᠃ ᠲᠠᠮᠠᠭ᠎ᠠ ᠪᠦᠬᠦᠨ ᠳ᠋ᠦ᠍ ᠵᠢᠰᠦ ᠬᠠᠲᠠᠵᠤ ᠨᠡᠷᠡᠯᠡᠪᠡᠯ ᠮᠥᠨ ᠬᠡᠳᠦᠨ ᠵᠠᠭᠤᠨ ᠵᠢᠰᠦᠮ ᠪᠣᠢ ᠪᠣᠯᠬᠤ ᠶ᠋ᠢ ᠰᠠᠨᠠᠵᠤ ᠲᠤᠩᠭᠠᠬᠤ ᠪᠣᠯᠪᠠ ᠤᠤ ᠃

               ᠴᠣᠯᠠ ᠭᠣᠩᠰᠢᠨ ᠢ᠋ᠶ᠋ᠠᠷ ᠨᠡᠷᠡᠯᠡᠬᠦ ᠵᠦᠢᠯ   

ᠵᠣᠨᠤᠩ ( ᠴᠠᠭᠠᠨ )     
       ① ᠥᠨᠳᠥᠷ ᠪᠡᠶ᠎ᠡ ᠂ ᠤᠷᠲᠤ ᠵᠣ᠌ ᠂ ᠬᠠᠨᠠᠭᠠᠷ ᠴᠡᠭᠡᠵᠢ ᠂ ᠲᠠᠢᠭᠠᠨ ᠭᠡᠳᠡᠰᠦ ᠵᠡᠷᠭᠡ ᠬᠡᠪ ᠰᠢᠨᠵᠢ ᠲᠡᠩᠴᠡᠭᠰᠡᠨ ᠰᠠᠢᠬᠠᠨ ᠮᠣᠷᠢ ᠶ᠋ᠢ ᠵᠠᠷᠢᠮ ᠬᠥᠮᠦᠰ ᠵᠣᠨᠤᠩ ᠭᠡᠵᠦ ᠶᠠᠷᠢᠳᠠᠭ ᠃ 
       ② ᠣᠨᠴᠠ ᠬᠤᠷᠳᠤᠳᠠᠢ ᠵᠢᠷᠣᠭ᠎ᠠ ᠪᠤᠶᠤ ᠳᠠᠪᠬᠢᠯᠲᠠᠢ ᠮᠣᠷᠢ ᠶ᠋ᠢ ᠵᠢᠭᠦᠷᠲᠦ ᠬᠦᠯᠦᠭ ᠭᠡᠵᠦ ᠵᠠᠷᠢᠮ ᠠᠬᠠᠮᠠᠳ ᠬᠠᠭᠤᠴᠢᠯᠠᠬᠤ ᠳ᠋ᠠᠭᠠᠨ ᠪᠠᠷᠢᠮᠲᠠ ᠪᠣᠯᠭᠠᠨ ᠳᠣᠣᠷᠠᠬᠢ ᠳᠣᠮᠣᠭ ᠢ᠋ ᠶᠠᠷᠢᠳᠠᠭ ᠰᠠᠨ ᠃  
       ᠡᠷᠲᠡ ᠤᠷᠢᠳᠤ ᠴᠠᠭ ᠲᠤ᠌᠂ ᠠᠷᠤ ᠬᠠᠩᠭᠠᠢ ᠨᠤᠲᠤᠭ ᠲᠤ᠌ ᠡᠢᠮᠦ ᠨᠢᠭᠡ ᠠᠳᠤᠭᠤᠴᠢᠨ ᠪᠠᠢᠵᠤ ᠭᠡᠨ᠎ᠡ᠃ ᠲᠡᠷᠡ ᠠᠳᠤᠭᠤ ᠪᠠᠨ ᠣᠷᠣᠢ ᠪᠦᠷᠢ ᠵᠠᠯᠠᠵᠤ ᠢᠪᠡᠭᠡᠨ ᠂ ᠥᠷᠯᠥᠭᠡ ᠪᠦᠷᠢ ᠬᠣᠷᠢᠶᠠᠨ ᠠᠪᠴᠢᠷᠠᠳᠠᠭ ᠭᠡᠨ᠎ᠡ᠃ ᠭᠡᠲᠡᠯ᠎ᠡ ᠵᠣᠨᠤᠩ ( ᠵᠠᠨᠠᠨ ) ᠬᠠᠷ᠎ᠠ ᠮᠣᠷᠢ ᠪᠠᠨ ᠤᠨᠤᠭᠠᠳ ᠠᠳᠤᠭᠤ ᠪᠠᠨ ᠢᠪᠡᠭᠡᠪᠡᠯ ᠰᠥᠨᠢᠵᠢᠨ ᠢᠷᠡᠳᠡᠭ ᠦᠭᠡᠢ ᠂ ᠥᠷᠯᠥᠭᠡ ᠨᠢ ᠠᠳᠤᠭᠤ ᠪᠠᠨ ᠬᠤᠷᠢᠶᠠᠴᠢᠬᠠᠭᠠᠳ ᠢᠷᠡᠳᠡᠭ ᠭᠡᠨ᠎ᠡ᠃ ᠲᠡᠭᠡᠬᠦ ᠳ᠋ᠦ᠍ ᠵᠣᠨᠤᠩ ᠬᠠᠷ᠎ᠠ ᠨᠢ ᠬᠥᠯᠥᠰᠥᠨ ᠳ᠋ᠡᠭᠡᠨ ᠳᠡᠪᠲᠦᠭᠡᠳ ᠤᠰᠤᠨ ᠬᠤᠯᠤᠭᠠᠨ᠎ᠠ ᠪᠣᠯᠤᠭᠠᠳ ᠢᠷᠡᠳᠡᠭ ᠭᠡᠨ᠎ᠡ᠃ ᠡᠭᠦᠨ ᠳ᠋ᠦ᠍ ᠡᠬᠡᠨᠡᠷ ᠨᠢ ᠰᠡᠵᠢᠭᠯᠡᠭᠡᠳ ᠬᠥᠮᠦᠨ ᠳ᠋ᠦ᠍ : 《ᠮᠠᠨ ᠤ᠋ ᠬᠠᠷ᠎ᠠ ᠬᠥᠮᠦᠨ ᠂ ᠥᠭᠡᠷ᠎ᠡ ᠮᠣᠷᠢ ᠪᠠᠨ ᠤᠨᠤᠪᠠᠯ ᠲᠡᠢᠮᠦ ᠪᠢᠰᠢ᠂ᠬᠠᠷᠢᠨ ᠵᠣᠨᠤᠩ ᠬᠠᠷ᠎ᠠ ᠪᠠᠨ ᠤᠨᠤᠭᠠᠳ ᠠᠳᠤᠭᠤ ᠪᠠᠨ ᠢᠪᠡᠭᠡᠭᠰᠡᠭᠡᠷ ᠰᠥᠨᠢᠵᠢᠨ ᠪᠤᠴᠠᠵᠤ ᠢᠷᠡᠳᠡᠭ ᠦᠭᠡᠢ 》ᠭᠡᠵᠦ ᠰᠠᠨᠠᠭᠠᠰᠢᠷᠠᠨ ᠬᠡᠯᠡᠵᠡᠢ᠃ ᠲᠡᠭᠡᠬᠦ ᠳ᠋ᠦ᠍ᠨᠢ ᠰᠠᠨᠠᠭ᠎ᠠ ᠮᠠᠭᠤᠲᠤ ᠨᠢᠭᠡᠨ ᠨᠢ : 《ᠲᠠᠨ ᠤ᠋ ᠨᠥᠬᠥᠷ ᠴᠢᠨᠢ ᠴᠠᠭᠠᠨ᠎ᠠ ᠪᠠᠨ ᠨᠢᠭᠡ ᠬᠡᠦᠬᠡᠨ ᠲᠡᠢ ᠪᠣᠯᠤᠭᠰᠠᠨ ᠴᠢᠷᠠᠢ᠃ ᠲᠡᠷᠡ ᠨᠢ ᠪᠡᠭᠡᠵᠢᠩ ᠳ᠋ᠦ᠍ ᠪᠠᠢᠳᠠᠭ ᠭᠡᠨ᠎ᠡ᠃ᠲᠡᠭᠦᠨ ᠳ᠋ᠡᠭᠡᠨ ᠬᠦᠷᠦᠭᠡᠳ ᠢᠷᠡᠳᠡᠭ ᠪᠠᠢᠯᠭᠦᠢ 》ᠭᠡᠵᠡᠢ᠃ 
       《ᠲᠡᠢᠮᠦ ᠬᠣᠯᠠ ᠤᠤ ?  ᠶᠠᠭᠠᠬᠢᠵᠤ ᠣᠴᠢᠨ᠎ᠠ ᠪᠣᠢ ? 》ᠭᠡᠬᠦ ᠳ᠋ᠦ᠍᠂ 《ᠬᠠᠢ !  ᠲᠠᠨ ᠤ᠋ ᠲᠡᠷᠡ ᠵᠣᠨᠤᠩ ᠬᠠᠷ᠎ᠠ ᠭᠡᠭᠴᠢ ᠵᠢᠭᠦᠷᠲᠡᠢ ᠮᠣᠷᠢ ᠰᠢᠦ᠃ ᠲᠠ ᠢᠲᠡᠭᠡᠬᠦ ᠦᠭᠡᠢ ᠪᠣᠯ ᠳᠠᠷᠠᠭ᠎ᠠ ᠢᠷᠡᠬᠦ ᠳ᠋ᠦ᠍ᠨᠢ ᠬᠤᠷᠳᠤᠨ ᠭᠠᠷᠴᠤ ᠭᠥᠯᠢᠮ ᠢ᠋ ᠨᠢ ᠰᠡᠬᠦᠵᠦ ᠦᠵᠡᠯ ᠳᠡ᠃ ᠤᠳᠠᠪᠠᠯ ᠬᠠᠷᠢᠨ ᠪᠦᠷ ᠪᠤᠴᠠᠭᠠᠳ ᠣᠷᠣᠴᠢᠬᠠᠨ᠎ᠠ ᠰᠢᠦ ! 》 ᠭᠡᠵᠦ ᠭᠡᠨ᠎ᠡ᠃ ᠡᠨᠡ ᠦᠭᠡ ᠪᠡᠷ ᠡᠬᠡᠨᠡᠷ ᠨᠢ ᠡᠷᠡᠭᠲᠡᠢ ᠪᠡᠨ ᠢᠷᠡᠬᠦ ᠲᠡᠢ ᠵᠡᠷᠭᠡ ᠵᠥᠷᠢᠵᠦ ᠭᠠᠷᠤᠭᠠᠳ ᠦᠵᠡᠭᠰᠡᠨ ᠴᠢᠨᠢ᠂ ᠦᠨᠡᠬᠡᠷ ᠰᠥᠭᠥᠮ ᠬᠢᠷᠢ ᠵᠢᠭᠦᠷ ᠴᠠᠭᠠᠰᠢ ᠣᠷᠣᠵᠤ ᠪᠣᠢ ᠭᠡᠨ᠎ᠡ᠃ ᠡᠬᠡᠨᠡᠷ ᠰᠠᠨᠳᠤᠷᠬᠤ ᠳ᠋ᠠᠭᠠᠨ ᠰᠠᠪᠠᠨ ( ᠨᠠᠩᠭᠢ ) ᠳ᠋ᠤ᠌ ᠪᠠᠢᠭᠰᠠᠨ ᠬᠠᠢᠴᠢ ᠪᠠᠨ ᠠᠪᠤᠭᠠᠳ ᠬᠠᠢᠴᠢᠯᠠᠵᠤ ᠣᠷᠬᠢᠭᠰᠠᠨ ᠴᠢᠨᠢ ᠪᠠᠢᠬᠤ ᠤᠤ ! ᠵᠣᠨᠤᠩ ᠬᠠᠷ᠎ᠠ ᠨᠢ ᠲᠡᠷᠡ ᠳᠣᠣᠷ᠎ᠠ ᠪᠠᠨ ᠦᠬᠦᠴᠢᠬᠡᠵᠦ ᠭᠡᠨ᠎ᠡ᠃ ᠡᠭᠦᠨ ᠳ᠋ᠦ᠍ ᠡᠷᠡᠭᠲᠡᠢ ᠨᠢ ᠭᠣᠮᠣᠷᠬᠠᠵᠤ ᠰᠢᠨᠠᠯᠤᠭᠠᠳ᠂ ᠮᠣᠷᠢᠨ ᠤ᠋ ᠪᠠᠨ ᠬᠡᠭᠦᠷ ᠢ᠋ ᠥᠨᠳᠥᠷ ᠭᠠᠵᠠᠷ ᠠᠪᠠᠴᠢᠨ ᠲᠠᠯᠪᠢᠵᠤ᠂ ᠡᠳᠦᠷ ᠪᠦᠷᠢ ᠡᠷᠭᠢᠵᠦ ᠤᠶᠠᠷᠠᠭᠰᠠᠭᠠᠷ ᠪᠠᠢᠵᠤ ᠭᠡᠨᠡᠳᠲᠡ ᠨᠢᠭᠡ ᠶ᠋ᠢ ᠰᠠᠨᠠᠵᠤ᠂ ᠬᠠᠷ᠎ᠠ ᠽᠠᠨᠳᠠᠨ ᠮᠣᠳᠣ  ᠪᠠᠷ ᠵᠣᠨᠤᠩ ᠬᠠᠷ᠎ᠠ ᠶ᠋ᠢᠨ ᠢ᠋ᠶ᠋ᠡᠨ ᠪᠤᠴᠠᠨ ᠬᠠᠷᠠᠵᠤ ᠪᠠᠢᠭ᠎ᠠ ᠲᠣᠯᠣᠭᠠᠢ ᠶ᠋ᠢ ᠳᠠᠭᠤᠷᠢᠶᠠᠨ ᠰᠡᠢᠯᠵᠦ᠂ ᠳᠥᠷᠪᠡᠨ ᠬᠥᠯ ᠢ᠋ ᠨᠢ ᠳᠠᠭᠤᠷᠢᠶᠠᠵᠤ᠂ ᠰᠡᠭᠦᠯ ᠢ᠋ ᠨᠢ ᠳᠠᠭᠤᠷᠢᠶᠠᠵᠤ ᠬᠢᠯᠭᠠᠰᠤ ᠪᠠᠷ ᠨᠢ ᠨᠤᠮᠤ ᠶ᠋ᠢᠨ ᠬᠥᠪᠴᠢ ᠬᠢᠵᠦ᠂ ᠡᠵᠡᠨ ᠢ᠋ᠶ᠋ᠡᠨ ᠡᠷᠭᠢᠨ ᠬᠠᠷᠠᠵᠤ ᠪᠠᠢᠭ᠎ᠠ ᠰᠢᠨᠵᠢᠲᠡᠢ ᠮᠣᠷᠢᠨ ᠬᠤᠭᠤᠷ ᠵᠣᠬᠢᠶᠠᠵᠤ ᠭᠡᠨ᠎ᠡ᠃ ᠲᠡᠭᠡᠭᠡᠳ ᠲᠡᠷᠡ ᠬᠤᠭᠤᠷ ᠢ᠋ᠶ᠋ᠠᠷ  ᠢ᠋ᠶ᠋ᠠᠨ  《ᠵᠣᠨᠤᠩ ( ᠵᠠᠨᠠᠨ ) ᠬᠠᠷ᠎ᠠ 》ᠭᠡᠳᠡᠭ ᠴᠢᠳᠬᠤᠯᠠᠮ᠎ᠠ ᠵᠢᠷᠣᠭ᠎ᠠ ᠮᠣᠷᠢᠨ ᠤ᠋ ᠶᠠᠪᠤᠳᠠᠯ ᠢ᠋ ᠢᠯᠡᠷᠡᠭᠦᠯᠦᠭᠰᠡᠨ ᠠᠶᠠᠯᠭᠤ ᠶ᠋ᠢ ᠳᠠᠷᠤᠵᠤ ᠭᠡᠨ᠎ᠡ᠃ ᠲᠡᠭᠡᠬᠦ  ᠳ᠋ᠦ᠍ᠨᠢ ᠵᠢᠭᠦᠷᠲᠡᠨ ᠨᠢᠰᠬᠦ ᠪᠡᠨ ᠪᠠᠢᠵᠤ ᠵᠢᠷᠭᠢᠨ ᠴᠢᠩᠨᠠᠵᠤ᠂ ᠵᠠᠮ ᠤ᠋ᠨ ᠬᠥᠮᠦᠨ ᠶᠠᠪᠤᠬᠤ ᠪᠠᠨ ᠪᠠᠢᠵᠤ ᠵᠣᠭᠰᠣᠨ ᠬᠣᠷᠭᠣᠳᠠᠵᠤ ᠭᠡᠨ᠎ᠡ᠃ ᠲᠡᠢᠨ ᠬᠦ᠌ ᠮᠣᠷᠢᠨ ᠬᠤᠭᠤᠷᠴᠢᠳ ᠴᠥᠮ ᠬᠤᠭᠤᠷ ᠢ᠋ᠶ᠋ᠠᠨ ᠳᠠᠷᠤᠭᠰᠠᠭᠠᠷ ᠵᠠᠪᠠᠯ ᠤᠷᠢᠳ ᠢ᠋ᠶ᠋ᠠᠷ 《ᠵᠣᠨᠤᠩ ᠬᠠᠷ᠎ᠠ 》 ᠶ᠋ᠢᠨ ᠠᠶᠠᠰ ᠳᠠᠷᠤᠴᠢᠬᠠᠭᠠᠳ ᠰᠠᠢ ᠥᠭᠡᠷ᠎ᠡ ᠶ᠋ᠢ ᠬᠥᠭᠵᠢᠮᠳᠡᠳᠡᠭ ᠨᠢ ᠡᠢᠮᠦ ᠤᠯᠠᠮᠵᠢᠯᠠᠯᠲᠠᠢ ᠭᠡᠨ᠎ᠡ ᠪᠢᠯᠡ᠃ ᠡᠨᠡ ᠮᠡᠲᠦ ᠰᠠᠢᠨ ᠰᠠᠢᠬᠠᠨ ᠴᠣᠯᠠ ᠲᠠᠢ ᠮᠣᠷᠢᠳ ᠭᠡᠪᠡᠯ᠂ ᠥᠭᠡᠳᠡᠩ ᠬᠠᠷ᠎ᠠ ᠂ ᠬᠢᠯᠢᠩ ᠬᠠᠷ᠎ᠠ ᠂  ᠬᠦ ᠬᠠᠷ᠎ᠠ ᠂ ᠪᠡᠬᠡ ᠬᠠᠷ᠎ᠠ ᠂ ᠭᠠᠩᠭᠠᠩ ᠬᠠᠷ᠎ᠠ ᠃ ᠪᠢᠯᠢᠭ ᠦ᠋ᠨ ᠬᠡᠭᠡᠷ ( ᠭᠡᠰᠡᠷ ᠦ᠋ᠨ ᠬᠡᠭᠡᠷ ) ᠂ ᠠᠷᠪᠠᠢ ᠬᠡᠭᠡᠷ ( ᠠᠷᠪᠠᠭᠠᠷ ᠬᠡᠭᠡᠷ ) ᠂ ᠡᠯᠪᠡᠭ ᠬᠡᠭᠡᠷ ( ᠭᠠᠯᠰᠢᠷᠠ ᠶ᠋ᠢᠨ ᠤᠨᠠᠭ᠎ᠠ ) ᠂ ᠰᠣᠶᠣᠩ ᠬᠡᠭᠡᠷ᠂ ᠮᠣᠭᠠᠢ ᠬᠡᠭᠡᠷ᠂ ᠭᠠᠯᠵᠠᠭᠤ ᠬᠡᠭᠡᠷ᠂ ᠬᠤᠷᠳᠤᠨ ᠬᠡᠭᠡᠷ᠃ ᠬᠤᠶᠠᠭᠲᠤ ᠬᠠᠯᠲᠠᠷ ( ᠴᠣᠭᠲᠤ ᠲᠠᠢᠵᠢ ᠶ᠋ᠢᠨ ᠬᠦᠯᠦᠭ ) ᠂ ᠬᠡᠭᠡᠷ ᠬᠠᠯᠲᠠᠷ ( ᠪᠠᠭᠠᠷᠢᠨ ᠨᠤᠲᠤᠭ ᠤ᠋ᠨ ᠳᠠᠭᠤᠤ ) ᠃  ᠠᠷᠠᠨᠵᠢᠯ ᠬᠦᠷᠡᠩ ( ᠭᠡᠰᠡᠷ ᠦ᠋ᠨ ᠬᠦᠯᠦᠭ ) ᠂ ᠡᠨᠡ ᠮᠣᠷᠢᠨ ᠤ᠋ ᠡᠮᠦᠨ᠎ᠡ ᠣᠯᠣᠩ ᠢ᠋ ᠲᠠᠲᠠᠨ᠎ᠠ ᠭᠡᠵᠦ ᠡᠳᠦᠷ ᠦ᠋ᠨ ᠭᠠᠵᠠᠷ ᠶᠠᠪᠤᠵᠤ᠂ ᠬᠣᠢᠲᠤ ᠣᠯᠣᠩ ᠢ᠋ ᠲᠠᠲᠠᠨ᠎ᠠ ᠭᠡᠵᠦ ᠬᠣᠨᠣᠭ ᠤ᠋ᠨ ᠭᠠᠵᠠᠷ ᠡᠴᠢᠳᠡᠭ ᠭᠡᠵᠦ ᠭᠡᠰᠡᠷ ᠦ᠋ᠨ ᠦᠯᠢᠭᠡᠷ ᠲᠦ᠍ ᠪᠠᠢᠳᠠᠭ᠃ ᠡᠯᠢᠭᠡᠨ ᠬᠦᠷᠡᠩ᠂ ᠳᠡᠭᠦᠯᠢᠬᠡᠷ ᠬᠦᠷᠡᠩ᠂ ᠡᠪᠡᠷᠲᠦ ᠬᠦᠷᠡᠩ᠂ ᠰᠣᠯᠢᠷ ᠬᠦᠷᠡᠩ᠂ ᠽᠠᠨᠳᠠᠨ ᠬᠦᠷᠡᠩ᠂ ᠰᠢᠩᠭᠡᠨ ᠲᠣᠭᠣᠰᠣᠲᠤ ᠬᠦᠷᠡᠩ᠃ ᠰᠠᠯᠬᠢᠨ ᠵᠡᠭᠡᠷᠳᠡ᠂ ᠰᠤᠮᠤᠨ ᠵᠡᠭᠡᠷᠳᠡ᠂ ᠴᠢᠰᠤᠨ ᠵᠡᠭᠡᠷᠳᠡ᠂ ᠴᠢᠪᠠᠭᠠᠨ ᠵᠡᠭᠡᠷᠳᠡ ( ᠭᠤᠸᠠᠨ ᠬᠦᠩ ᠦ᠋ᠨ ᠬᠦᠯᠦᠭ ) ᠂ ᠥᠨᠳᠡᠭᠡᠨ ᠴᠠᠭᠠᠨ ( ᠴᠢᠩᠭᠢᠰ ᠦ᠋ᠨ ᠬᠦᠯᠦᠭ ) ᠂ ᠯᠤᠤ ᠴᠠᠭᠠᠨ᠂ ᠴᠢᠨᠳᠠᠭᠠᠨ ᠴᠠᠭᠠᠨ᠂ ᠪᠥᠬᠡ ᠴᠠᠭᠠᠨ ( ᠲᠠᠩᠰᠤᠭ ᠯᠠᠮᠠ ᠶ᠋ᠢᠨ ᠤᠨᠤᠭ᠎ᠠ ) ᠂ ᠲᠤᠩ ᠴᠠᠭᠠᠨ᠃ ᠰᠡᠢᠭ ᠤᠯᠠᠭᠠᠨ᠂ ᠰᠢᠩᠬᠤᠨ ᠤᠯᠠᠭᠠᠨ᠂ ᠬᠢᠷᠭᠤᠢ ᠤᠯᠠᠭᠠᠨ᠂ ᠰᠢᠪᠠᠭᠤᠨ ᠰᠠᠭᠠᠷᠠᠯ (ᠰᠥᠷᠥᠩᠭᠦᠦ  ᠶ᠋ᠢᠨ ᠤᠨᠤᠭ᠎ᠠ ) ᠂ ᠠᠯᠢᠶ᠎ᠠ ᠰᠠᠭᠠᠷᠠᠯ᠂ ᠢᠯᠭᠤᠨ ᠰᠠᠭᠠᠷᠠᠯ᠂ ᠣᠪᠣᠭᠠᠨ ᠰᠠᠭᠠᠷᠠᠯ  ( ᠣᠪᠣᠭᠠᠨ ᠨᠠᠢᠷ ᠲᠤ᠌ ᠲᠡᠷᠢᠭᠦᠯᠡᠭᠰᠡᠨ ᠰᠠᠭᠠᠷᠠᠯ ) ᠂ ᠬᠡᠦᠬᠡᠨ ᠰᠠᠭᠠᠷᠠᠯ᠃ ᠡᠭᠦᠯᠡᠨ ᠪᠣᠷᠣ ( ᠥᠪᠥᠷ 49 ᠳ᠋ᠦ᠍ ᠨᠡᠷ᠎ᠡ ᠠᠯᠳᠠᠷᠰᠢᠭᠰᠠᠨ ᠮᠣᠷᠢ ) ᠂  ᠴᠣᠬᠣᠷ ᠪᠣᠷᠣ᠂ ᠴᠡᠩᠬᠡᠷ ᠪᠣᠷᠣ᠂ ᠰᠤᠮᠤᠨ ᠪᠣᠷᠣ᠂ ᠬᠤᠢ ᠪᠣᠷᠣ᠃ ᠠᠷᠭᠤᠮᠠᠭ ( ᠶᠡᠬᠡ ᠲᠣᠮᠣ  ᠪᠡᠶᠡᠲᠦ ) ᠂ ᠬᠤᠯᠠᠨ ᠬᠣᠯᠠ᠂ ᠴᠠᠬᠢᠯᠭᠠ ᠬᠣᠯᠠ᠃ ᠵᠤᠯᠠ ᠬᠣᠩᠭᠣᠷ᠂ ᠣᠷᠣᠭ᠎ᠠ ᠬᠣᠩᠭᠣᠷ᠂ ᠰᠣᠯᠣᠩᠭᠠᠲᠤ ᠬᠣᠩᠭᠣᠷ᠃ ᠱᠠᠩᠬᠤᠲᠠᠢ ᠰᠢᠷᠭ᠎ᠠ᠂ ᠨᠠᠷᠢᠨ ᠰᠢᠷᠭ᠎ᠠ᠂  ᠠᠯᠲᠠᠨ ᠰᠢᠷᠭ᠎ᠠ᠂  ᠬᠤᠯᠤᠰᠤᠨ ᠰᠢᠷᠭ᠎ᠠ᠃ ᠣᠳᠣᠨ ᠴᠣᠬᠣᠷ᠂ ᠥᠲᠥᠨ ᠴᠣᠬᠣᠷ᠂ ᠰᠠᠯᠬᠢᠨ ᠴᠣᠬᠣᠷ᠃ ᠨᠢᠰᠬᠡᠯ ᠠᠯᠠᠭ ( ᠣᠳᠣ ᠶ᠋ᠢᠨ ᠨᠡᠷᠡᠢᠳᠦᠯ ) ᠃  ᠲᠦᠮᠡᠨ ᠦ᠌ ᠡᠬᠢ᠂ ᠠᠵᠢᠨᠠᠢ ᠬᠦᠯᠦᠭ᠂ ᠬᠤᠪᠢᠯᠭᠠᠨ ᠬᠦᠯᠦᠭ᠂  ᠬᠤᠷᠳᠤᠨ ᠰᠤᠭᠤᠨᠠᠭ ᠭᠡᠬᠦ ᠮᠡᠲᠦ᠃  

               ᠵᠢᠭᠦᠷᠲᠡᠨ ᠠᠷᠢᠶᠠᠲᠠᠨ ᠢ᠋ᠶ᠋ᠠᠷ ᠨᠡᠷᠡᠯᠡᠬᠦ ᠵᠦᠢᠯ 

       ᠠᠷᠰᠯᠠᠨ ᠪᠣᠷᠣ᠂ ᠯᠤᠤ ᠴᠠᠭᠠᠨ᠂ ᠴᠢᠨᠳᠠᠭᠠᠨ ᠴᠠᠭᠠᠨ᠂ ᠪᠠᠷᠰ ᠴᠣᠬᠣᠷ᠂ ᠢᠳᠡᠷ ᠵᠠᠭᠠᠨ᠂ ᠪᠤᠭᠤᠨ ᠴᠣᠬᠣᠷ᠂ ᠭᠣᠪᠢ ᠶ᠋ᠢᠨ ᠴᠢᠬᠢᠲᠡᠢ᠂ ᠲᠠᠯ᠎ᠠ ᠶ᠋ᠢᠨ ᠳᠠᠬᠢ᠂ ᠬᠤᠯᠠᠨ ᠲᠣᠭᠣᠰᠣᠲᠤ᠂ ᠵᠡᠭᠡᠷ᠎ᠡ ᠳᠠᠭᠰᠢᠭᠠᠲᠤ᠂ ᠢᠨᠵᠠᠭᠠᠨ ᠰᠠᠭᠠᠷᠠᠯ᠂ ᠲᠠᠤᠯᠠᠢ ᠪᠤᠭᠤᠷᠤᠯ᠂ ᠨᠠᠴᠢᠨ ᠬᠡᠭᠡᠷ᠂ ᠤᠷᠤᠭ ᠱᠣᠩᠬᠣᠷ᠂ ᠲᠣᠭᠣᠰ ᠪᠣᠷᠣ᠂ ᠡᠷᠡᠮᠡᠨ ᠬᠠᠷᠴᠠᠭᠠᠢ᠂ ᠳᠡᠭᠦᠯᠢᠭᠡ ᠬᠡᠭᠡᠷ᠂ ᠲᠣᠭᠣᠰ ᠴᠡᠩᠬᠡᠷ᠂ ᠲᠣᠭᠣᠳᠠᠭ ᠰᠠᠭᠠᠷᠠᠯ᠂ ᠬᠠᠷᠴᠠᠭᠠᠢ ᠬᠠᠯᠢᠭᠤᠨ᠂ ᠰᠢᠪᠠᠭᠤᠨ ᠰᠠᠭᠠᠷᠠᠯ᠂ ᠭᠠᠷᠤᠳᠢ ᠬᠦᠷᠡᠩ᠂ ᠵᠢᠷᠭᠢᠭᠡ ᠬᠡᠭᠡᠷ᠂ ᠵᠡᠷᠭᠡᠯᠭᠡᠨ ᠪᠣᠷᠣ᠂ ᠢᠷᠭᠤᠢ ᠬᠠᠯᠲᠠᠷ ᠭᠡᠬᠦ ᠮᠡᠲᠦ᠃  

               ᠭᠠᠵᠠᠷ ᠨᠤᠲᠤᠭ ᠢ᠋ᠶ᠋ᠠᠷ ᠨᠡᠷᠡᠯᠡᠬᠦ ᠵᠦᠢᠯ  

       ᠬᠥᠭᠰᠢᠨ ᠬᠣᠣᠬᠠᠩ ( ᠬᠣᠣᠬᠠᠩ ᠭᠡᠵᠦ ᠲᠥᠪ ᠠᠽᠢᠶ᠎ᠠ ᠶ᠋ᠢᠨ ᠠᠼᠢᠷᠪᠠᠢᠳᠠᠵᠢᠨ ᠤ᠋ ᠨᠢᠭᠡᠨ ᠭᠠᠵᠠᠷ ᠤ᠋ᠨ ᠨᠡᠷ᠎ᠡ ᠭᠡᠨ᠎ᠡ ) ᠂ ᠢᠯᠢ ᠪᠣᠷᠣ ( ᠰᠢᠨᠵᠢᠶᠠᠩ ᠤ᠋ᠨ ᠢᠯᠢ ᠨᠤᠲᠤᠭ ᠤ᠋ᠨ ᠪᠣᠷᠣ ) ᠂ ᠳᠥᠷᠪᠡᠳ ᠬᠡᠭᠡᠷ᠂ ᠤᠷᠠᠳ ᠬᠠᠷ᠎ᠠ᠂ ᠦᠵᠦᠮᠦᠴᠢᠨ ᠰᠠᠭᠠᠷᠠᠯ᠂ ᠪᠠᠭᠠᠷᠢᠨ ᠵᠡᠭᠡᠷᠳᠡ᠂ ᠪᠠᠶᠠᠠᠡᠷᠳᠡᠨᠢ ᠶ᠋ᠢᠨ ᠴᠠᠭᠠᠨ ᠠᠵᠢᠷᠭ᠎ᠠ᠂ ᠵᠠᠷᠤᠳ ᠤᠯᠠᠭᠠᠨ᠂ ᠬᠣᠷᠴᠢᠨ ᠪᠣᠷᠣ᠂ ᠳᠠᠷᠬᠠᠨ ᠬᠠᠯᠲᠠᠷ᠂ ᠬᠥᠯᠥᠨ ᠪᠤᠢᠷ ᠬᠡᠭᠡᠷ᠂ ᠳᠠᠷᠢᠭᠠᠩᠭ᠎ᠠ ᠬᠠᠯᠢᠭᠤᠨ᠂  ᠤᠯᠠᠭᠠᠨᠨᠷᠭᠢ ᠬᠡᠭᠡᠷ᠂  ᠪᠠᠢᠳᠤᠩ ᠤ᠋ᠨ ᠰᠠᠷᠠᠲᠤ ᠬᠠᠷ᠎ᠠ᠂ ᠬᠠᠩᠭᠠᠢ ᠶ᠋ᠢᠨ ᠪᠤᠭᠤᠷᠤᠯ ᠂᠂᠂᠂ ᠭᠡᠬᠦ ᠮᠡᠲᠦ᠃ 

               ᠠᠭᠤᠯᠠ ᠬᠠᠢᠷᠬᠠᠨ ᠢ᠋ᠶ᠋ᠠᠷ ᠨᠡᠷᠡᠯᠡᠬᠦ ᠵᠦᠢᠯ 

       ᠬᠠᠢᠷᠬᠠᠨ ᠤ᠋ ᠬᠠᠷ᠎ᠠ᠂ ᠳ᠋ᠠᠭᠠᠨ ᠳᠡᠯ ᠦ᠋ᠨ ᠬᠠᠷᠠᠯᠠᠭ᠂ ᠳᠤᠭᠤᠯᠵᠢ ᠬᠤᠸᠠ᠂ ᠬᠣᠶᠠᠷ ᠪᠣᠭᠳᠠ ᠶ᠋ᠢᠨ ᠬᠡᠭᠡᠷ᠂ ᠠᠷᠰᠯᠠᠩᠲᠤ ᠶ᠋ᠢᠨ ᠴᠣᠬᠣᠷ᠂ ᠰᠢᠷ᠎ᠠ ᠲᠠᠯ᠎ᠠ ᠶ᠋ᠢᠨ ᠰᠢᠷᠭ᠎ᠠ᠂ ᠠᠷᠴᠠ ᠰᠡᠷᠪᠡᠩ ᠦ᠋ᠨ ᠬᠡᠭᠡᠷ᠂  ᠰᠣᠯᠣᠨ ᠤ᠋ ᠴᠠᠪᠢᠳᠠᠷ᠂  ᠰᠢᠯᠣᠬᠠᠢ ᠬᠠᠷ᠎ᠠ᠂ ᠬᠠᠪᠲᠠᠭᠠᠢ ᠵᠣ᠌ ᠶ᠋ᠢᠨ ᠬᠠᠮᠠᠷ ᠪᠣᠷᠣ ᠭᠡᠬᠦ ᠮᠡᠲᠦ᠃  

               ᠭᠣᠣᠯ ᠮᠥᠷᠡᠨ ᠢ᠋ᠶ᠋ᠡᠷ ᠨᠡᠷᠡᠯᠡᠬᠦ ᠵᠦᠢᠯ  

       ᠬᠤᠳᠳᠤᠭ ᠤ᠋ᠨ ᠬᠡᠭᠡᠷ᠂ ᠨᠠᠭᠤᠷ ᠤ᠋ᠨ ᠪᠣᠷᠣ᠂ ᠤᠨᠤᠨ ᠤ᠋ ᠰᠠᠭᠠᠷᠠᠯ᠂ ᠣᠷᠬᠣᠨ ᠤ᠋ ᠬᠦᠷᠡᠩ᠂ ᠬᠠᠯᠢᠭᠤᠲᠤ ᠶ᠋ᠢᠨ ᠬᠠᠯᠢᠭᠤᠨ᠂ ᠭᠣᠣᠯ ᠤ᠋ᠨ ᠬᠠᠷ᠎ᠠ ᠂ ᠮᠦᠷᠡᠨ ᠰᠢᠷ᠎ᠠ ᠬᠡᠭᠡᠷ᠂ ᠬᠥᠯᠥᠨ ᠬᠠᠷᠠᠯᠠᠭ᠂ ᠪᠤᠢᠷ ᠤ᠋ᠨ ᠪᠣᠷᠣ ᠰᠢᠷᠭ᠎ᠠ᠂ ᠴᠠᠭᠠᠨ ᠨᠠᠭᠤᠷ ᠤ᠋ᠨ ᠴᠠᠭᠠᠨ ᠭᠡᠬᠦ ᠮᠡᠲᠦ᠃  

               ᠪᠠᠢᠭᠠᠯᠢ ᠶ᠋ᠢᠨ ᠦᠵᠡᠭᠳᠡᠯ ᠢ᠋ᠶ᠋ᠡᠷ ᠨᠡᠷᠡᠯᠡᠬᠦ ᠵᠦᠢᠯ  

       ᠭᠢᠯᠪᠢᠭᠡᠨ ᠬᠡᠭᠡᠷ᠂ ᠴᠠᠬᠢᠯᠭᠠᠨ ᠪᠣᠷᠣ᠂ ᠣᠳᠣᠨ ᠴᠣᠬᠣᠷ᠂ ᠰᠣᠯᠢᠷ ᠬᠦᠷᠡᠩ᠂ ᠰᠠᠯᠬᠢᠨ ᠵᠡᠭᠡᠷᠳᠡ᠂ ᠬᠤᠢ ᠬᠣᠯᠠ᠂ ᠡᠭᠦᠯᠡᠨ ᠬᠥᠬᠡ᠂ ᠰᠣᠯᠣᠩᠭᠠᠲᠤ ᠤᠯᠠᠭᠠᠨ᠂ ᠰᠢᠭᠤᠷᠭᠠᠨ ᠬᠠᠷ᠎ᠠ ᠭᠡᠬᠦ ᠮᠡᠲᠦ᠃  

               ᠡᠵᠡᠨ ᠦ᠌ ᠬᠢᠨᠢ ᠨᠡᠷ᠎ᠡ ᠪᠡᠷ ᠨᠡᠷᠡᠯᠡᠬᠦ ᠵᠦᠢᠯ  

       ᠪᠣᠭᠳᠠ ᠶ᠋ᠢᠨ ᠬᠠᠷ᠎ᠠ ᠂ ᠨᠣᠶᠠᠨ ᠤ᠋ ᠬᠠᠯᠲᠠᠷ ᠂ ᠯᠠᠮᠠ ᠶ᠋ᠢᠨ ᠰᠠᠭᠠᠷᠠᠯ ᠂ ᠪᠠᠶᠠᠨ ᠤ᠋ ᠬᠡᠭᠡᠷ ᠂ ᠲᠤᠰᠠᠯᠠᠭᠴᠢ ᠶ᠋ᠢᠨ ᠴᠠᠪᠢᠳᠠᠷ ᠂ ᠭᠠᠯᠰᠢᠷᠠ ᠶ᠋ᠢᠨ ᠽᠠᠨᠳᠠᠨ ᠬᠦᠷᠡᠩ᠂ ᠡᠷᠳᠡᠨᠢ ᠶ᠋ᠢᠨ ᠰᠠᠷᠠᠲᠤ ᠬᠠᠷ᠎ᠠ ᠂ ᠨᠡᠮᠡᠭᠦᠪᠠᠶᠠᠷ ᠤ᠋ᠨ ᠴᠠᠭᠠᠨ ᠂ ᠠᠩᠰᠠᠭᠠᠷ ᠤ᠋ᠨ ᠬᠤᠸᠠ ᠂ ᠵᠢᠷᠠᠨᠲᠠᠢ ᠶ᠋ᠢᠨ ᠵᠢᠷᠭᠢᠭᠡ ᠬᠡᠭᠡᠷ᠂  ᠵᠣᠷᠢᠭᠲᠤ ᠶ᠋ᠢᠨ ᠬᠠᠯᠲᠠᠷ᠂  ᠤᠳᠬᠤᠨ ᠤ᠋ ᠰᠢᠷᠭ᠎ᠠ᠂  ᠸᠠᠩᠵᠢᠯ ᠤ᠋ᠨ ᠬᠤᠯᠤᠭᠠᠨ᠎ᠠ ᠪᠣᠷᠣ ᠭᠡᠬᠦ ᠮᠡᠲᠦ᠃  

               ᠪᠠᠢᠳᠠᠯ ᠲᠥᠷᠬᠦ ᠂  ᠶᠠᠪᠤᠳᠠᠯ ᠢ᠋ᠶ᠋ᠠᠷ ᠨᠡᠷᠡᠯᠡᠬᠦ ᠵᠦᠢᠯ  

       ᠬᠤᠷᠳᠤᠨ ᠰᠤᠭᠤᠨᠠᠭ᠂ ᠬᠤᠯᠠᠨ ᠲᠣᠭᠣᠰᠣᠲᠤ᠂ ᠣᠷᠣᠭ᠎ᠠ ᠶ᠋ᠢᠨ ᠣᠷᠣᠭ᠎ᠠ ᠂ ᠵᠢᠷᠣᠭ᠎ᠠ ᠶ᠋ᠢᠨ ᠵᠢᠷᠣᠭ᠎ᠠ᠂ ᠨᠣᠢᠷᠮᠤᠭ ᠬᠠᠯᠢᠭᠤᠨ᠂ ᠤᠨᠲᠠᠩᠬᠠᠢ ᠪᠤᠳᠠᠩ᠂ ᠳᠠᠬᠢᠳᠠᠢ ᠪᠣᠷᠣ᠂ ᠡᠷᠡᠮᠡᠨ ᠳᠡᠭᠦᠯᠢᠭᠡ᠂ ᠱᠠᠯᠳᠠᠩ ᠬᠤᠸᠠ᠂ ᠵᠠᠯᠭᠢᠳᠠᠭ ᠪᠣᠷᠣ ᠭᠡᠬᠦ ᠮᠡᠲᠦ᠃  

               ᠮᠣᠳᠣ ᠤᠷᠭᠤᠮᠠᠯ ᠂ ᠪᠣᠳᠠᠰ ᠢ᠋ᠶ᠋ᠠᠷ ᠨᠡᠷᠡᠯᠡᠬᠦ ᠵᠦᠢᠯ  

       ᠽᠠᠨᠳᠠᠨ ᠬᠦᠷᠡᠩ᠂ ᠬᠤᠯᠤᠰᠤᠨ ᠰᠢᠷᠭ᠎ᠠ᠂ ᠴᠢᠪᠠᠭᠠᠨ ᠬᠦᠷᠡᠩ᠂ ᠰᠢᠩᠬᠤᠨ ᠵᠡᠭᠡᠷᠳᠡ᠂  ᠬᠦ ᠬᠠᠷ᠎ᠠ᠂ ᠬᠢᠯᠢᠩ ᠬᠠᠷ᠎ᠠ᠂ ᠥᠭᠡᠳᠡᠩ ᠬᠠᠷ᠎ᠠ᠂ ᠰᠤᠬᠠᠢ ᠬᠦᠷᠡᠩ ᠭᠡᠬᠦ ᠮᠡᠲᠦ᠃  

               ᠨᠠᠰᠤ ᠰᠢᠳᠦ ᠪᠡᠷ ᠨᠡᠷᠡᠯᠡᠬᠦ ᠵᠦᠢᠯ 

       ᠤᠨᠠᠭᠠᠨ ᠬᠡᠭᠡᠷ᠂ ᠲᠡᠭᠡᠨ ᠰᠠᠭᠠᠷᠠᠯ᠂ ᠦᠷᠢᠶᠡᠨ ᠵᠡᠭᠡᠷᠳᠡ᠂ ᠠᠵᠢᠷᠭᠠᠨ ᠪᠣᠷᠣ ᠭᠡᠬᠦ ᠮᠡᠲᠦ᠃