ᠮᠠᠯᠴᠢᠨ ᠪᠥᠬᠡᠴᠦᠳ ᠲᠡᠭᠡᠨМалчин бөхчүүддээ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠪᠥᠬᠡᠴᠦᠳ ᠲᠡᠭᠡᠨМалчин бөхчүүддээ

ᠮᠠᠯᠴᠢᠨ ᠪᠥᠬᠡᠴᠦᠳ ᠲᠡᠭᠡᠨМалчин бөхчүүддээ

2023-12-17

358

ᠮᠠᠯᠴᠢᠨ ᠪᠥᠬᠡᠴᠦᠳ ᠲᠡᠭᠡᠨ

    ᠷᠢ᠊· ᠬᠥᠭᠵᠢᠯᠲᠦ 

ᠮᠣᠷᠢᠨ ᠨᠢᠷᠤᠭᠤᠨ ᠳᠡᠭᠡᠷ᠎ᠡ 
ᠭᠠᠵᠠᠷ ᠤ᠋ᠨ ᠲᠤᠨᠤᠭ᠎ᠠ ᠶ᠋ᠢ ᠭᠠᠷᠭᠠᠵᠤ 
ᠨᠠᠢᠷ ᠤ᠋ᠨ ᠳᠡᠪᠵᠢᠶᠡᠨ ᠳᠡᠭᠡᠷ᠎ᠡ 
ᠣᠯᠠᠨ ᠤ᠋ ᠰᠡᠳᠬᠢᠯ ᠳ᠋ᠦ᠍ ᠲᠠᠭᠠᠯᠠᠭᠳᠠᠯ᠎ᠠ 

ᠬᠦᠷᠢᠶᠡᠯᠡᠵᠦ ᠰᠠᠭᠤᠭᠰᠠᠨ ᠨᠠᠭᠠᠳᠤᠮᠴᠢᠳ ᠢ᠋ 
ᠬᠦᠯᠢᠶᠡᠯᠭᠡᠵᠦ ᠶᠡᠷᠦᠨᠢ ᠦᠵᠡᠭᠡ ᠦᠭᠡᠢ 
ᠬᠦᠴᠦ ᠡᠷᠳᠡᠮ ᠲᠡᠩᠴᠡᠭᠰᠡᠨ ᠴᠦ᠍ 
ᠬᠥᠮᠦᠨ ᠢ᠋ᠶ᠋ᠡᠷ ᠪᠠᠷᠢᠴᠠ ᠰᠤᠩᠭᠠᠭᠤᠯᠤᠭ᠎ᠠ ᠦᠭᠡᠢ 

ᠭᠤᠷᠪᠠᠨ ᠳᠠᠭᠤᠨ ᠤ᠋ ᠲᠦᠷᠡᠯᠭᠡ ᠳᠡᠭᠡᠷ᠎ᠡ
ᠭᠤᠢᠪᠢᠭ᠎ᠠ ᠦᠭᠡᠢ ᠰᠠᠢᠬᠠᠨ ᠭᠦᠶᠦᠳᠡᠭ
ᠭᠤᠲᠤᠯ ᠤ᠋ᠨ ᠢ᠋ᠶ᠋ᠠᠨ ᠤᠯᠠ ᠠ᠋ᠴᠠ ᠲᠣᠭᠣᠰᠣ ᠪᠣᠰᠬᠠᠨ
ᠭᠠᠢᠬᠠᠰᠢ ᠠᠯᠳᠠᠮ᠎ᠠ ᠬᠡᠢᠮᠣᠷᠢᠯᠢᠭ ᠳᠡᠪᠢᠳᠡᠭ

ᠡᠵᠢ ᠶ᠋ᠢᠨ ᠣᠶᠣᠭᠰᠠᠨ ᠡᠷᠢᠶᠡᠨ ᠲᠤᠤᠱᠤᠤ ᠶ᠋ᠢᠨ
ᠡᠪᠡᠰᠦᠨ ᠯᠤᠤ ᠶ᠋ᠢ ᠨᠢ ᠪᠠᠷᠠᠭᠳᠠᠲᠠᠯ᠎ᠠ ᠡᠮᠦᠰᠦᠭᠰᠡᠨ
ᠡᠯᠪᠡᠭ ᠠᠭᠤᠵᠢᠮ ᠲᠦᠷᠡᠢᠲᠡᠢ ᠭᠤᠲᠤᠯ ᠢ᠋ᠶ᠋ᠠᠨ
ᠡᠪ ᠢ᠋ ᠨᠢ ᠲᠠᠭᠠᠷᠠᠭᠤᠯᠵᠤ ᠨᠣᠭᠲᠣᠯᠠᠵᠤ ᠬᠦᠯᠢᠭᠰᠡᠨ

ᠣᠪᠣᠭᠠᠨ ᠨᠠᠢᠷ ᠢ᠋ᠶ᠋ᠠᠷ ᠴᠢᠩᠭᠠᠷᠠᠵᠤ
ᠣᠳᠣᠯᠠᠵᠤ ᠤᠷᠠᠨ ᠪᠠᠷᠢᠯᠳᠤᠭᠠᠳ
ᠣᠨᠴᠠᠭᠠᠢ ᠪᠣᠯᠪᠠᠰᠤᠷᠠᠯ ᠬᠦᠷᠲᠡᠭᠡ ᠦᠭᠡᠢ
ᠣᠯᠠᠨ ᠳ᠋ᠠᠭᠠᠨ ᠬᠦᠨᠳᠦᠲᠡᠢ ᠮᠠᠯᠴᠢᠨ ᠪᠥᠬᠡᠴᠦᠳ ᠠ᠋

                 2023.12.14
   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠳᠬᠠᠨᠰᠤ᠎ᠠ᠂ ᠰᠡᠬᠡᠭᠡᠷᠡᠯ᠂ ᠵ᠂ ᠪᠤᠶᠠᠨᠲᠣᠭᠲᠠᠬᠤ᠂ ᠬᠣᠩ ᠸᠧᠢ᠂ ᠮᠥᠩᠬᠡ ᠭᠠᠯ