ᠬᠣᠨᠢᠨ ᠠᠷᠴᠠХонин арц ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠨ ᠠᠷᠴᠠХонин арц

ᠬᠣᠨᠢᠨ ᠠᠷᠴᠠХонин арц

2023-12-17

606

ᠬᠣᠨᠢᠨ ᠠᠷᠴᠠ

   ᠬᠣᠨᠢᠨ ᠠᠷᠴᠠ ᠨᠡᠩ ᠬᠣᠪᠣᠷ ᠤᠷᠭᠤᠮᠠᠯ ᠨᠢ ᠬᠥᠪᠰᠥᠭᠥᠯ᠂ ᠬᠡᠨᠲᠡᠢ᠂ ᠬᠠᠩᠭᠠᠢ᠂ ᠮᠣᠩᠭᠣᠯ ᠳᠠᠭᠤᠷ᠂ ᠮᠣᠩᠭᠣᠯ ᠠᠯᠲᠠᠢ᠂ ᠳᠤᠮᠳᠠ ᠬᠠᠯᠬ᠎ᠠ᠂ ᠭᠣᠪᠢ-ᠠᠯᠲᠠᠢ ᠶ᠋ᠢᠨ ᠲᠣᠭᠣᠷᠢᠭ ᠲᠤ᠌ ᠲᠠᠷᠬᠠᠭᠰᠠᠨ ᠪᠠᠢᠳᠠᠭ᠃ ᠬᠣᠨᠢᠨ ᠠᠷᠴᠠ ᠨᠠᠮ ᠳᠣᠣᠷ᠎ᠠ ᠭᠠᠵᠠᠷ ᠤᠷᠭᠤᠨ᠎ᠠ ᠭᠡᠵᠦ ᠪᠠᠷᠤᠭ ᠦᠭᠡᠢ᠃ ᠥᠨᠳᠥᠷ ᠠᠭᠤᠯᠠ ᠶ᠋ᠢᠨ ᠲᠠᠭ ᠤ᠋ᠨ ᠪᠦᠰᠡᠯᠡᠭᠦᠷ ᠦ᠋ᠨ ᠨᠤᠷᠠᠭ ᠬᠠᠳᠠ᠂ ᠣᠢ ᠶ᠋ᠢᠨ ᠳᠡᠭᠡᠳᠦ ᠵᠠᠬ᠎ᠠ ᠶ᠋ᠢᠨ ᠬᠤᠰᠢᠩ ᠣᠢ᠂ ᠰᠢᠷᠢᠩᠭᠢᠨ ᠳ᠋ᠦ᠍ ᠤᠷᠭᠤᠳᠠᠭ ᠪᠠᠢᠨ᠎ᠠ᠃ ᠲᠡᠭᠦᠨ ᠢ᠋ ᠦᠷ᠎ᠡ ᠪᠡᠷ ᠪᠣᠯᠤᠨ ᠮᠥᠴᠢᠷ ᠢ᠋ᠶ᠋ᠡᠷ ᠦᠷᠡᠵᠢᠭᠦᠯᠳᠡᠭ ᠲᠡᠳᠦᠢ ᠦᠭᠡᠢ 200 ᠵᠢᠯ ᠤᠷᠭᠤᠳᠠᠭ ᠤᠷᠲᠤ ᠨᠠᠰᠤᠲᠠᠢ ᠤᠷᠭᠤᠮᠠᠯ ᠶᠤᠮ᠃ ᠡᠨᠡᠬᠦ ᠤᠷᠭᠤᠮᠠᠯ ᠨᠢ ᠮᠥᠨ ᠬᠦᠢᠲᠡᠨᠳᠡ ᠲᠡᠰᠪᠦᠷᠢᠲᠡᠢ ᠪᠡᠷ ᠢ᠋ᠶ᠋ᠡᠨ ᠳᠠᠪᠠᠭᠤ ᠲᠠᠯ᠎ᠠ ᠲᠠᠢ᠃ ᠮᠥᠨ ᠠᠩᠬᠢᠯᠤᠭᠤᠨ ᠦᠨᠦᠷ ᠲᠡᠢ ᠡᠹᠢᠷ ᠦ᠋ᠨ ᠲᠣᠰᠣ ᠠᠭᠤᠯᠳᠠᠭ᠂ ᠥᠩᠭᠡ ᠨᠢ ᠭᠦᠨ ᠨᠣᠭᠣᠭᠠᠨ᠂ᠤᠤᠭᠤᠬᠤ ᠳ᠋ᠤ᠌ ᠬᠤᠷᠴᠠ ᠦᠨᠦᠷ ᠦᠭᠡᠢ ᠠᠵᠤ᠃ ᠲᠤᠰ ᠠᠷᠴᠠ ᠶ᠋ᠢ ᠲᠡᠭᠦᠬᠦ ᠳ᠋ᠦ᠍ ᠵᠠᠯᠠᠭᠤ ᠠᠷᠴᠠ ᠶ᠋ᠢ ᠬᠥᠨᠳᠡᠬᠦ ᠦᠭᠡᠢ᠂ ᠬᠥᠭᠰᠢᠷᠡᠵᠦ᠂ ᠬᠠᠲᠠᠵᠤ ᠪᠠᠢᠭ᠎ᠠ ᠠ᠋ᠴᠠ ᠨᠢ ᠦᠨᠳᠦᠰᠦ ᠮᠥᠴᠢᠷ ᠢ᠋ ᠭᠡᠮᠲᠦᠭᠡᠬᠦ ᠦᠭᠡᠢ ᠠᠪᠬᠤ ᠶᠤᠮ᠃ ᠲᠤᠰ ᠠᠷᠴᠠ ᠶ᠋ᠢ ᠤᠤᠭᠤᠵᠤ ᠬᠡᠷᠡᠭᠯᠡᠭᠰᠡᠨ ᠢ᠋ᠶ᠋ᠡᠷ ᠠᠮᠢᠰᠬᠤᠯ ᠤ᠋ᠨ ᠵᠠᠮ ᠢ᠋ ᠴᠡᠪᠡᠷᠰᠢᠭᠦᠯᠬᠦ᠂ ᠲᠠᠰᠤᠯᠭᠠᠨ ᠳ᠋ᠠᠬᠢ ᠴᠢᠭᠢᠭ ᠢ᠋ ᠳᠠᠷᠤᠬᠤ ᠳᠠᠪᠠᠭᠤ ᠲᠠᠯ᠎ᠠ ᠲᠠᠢ ᠪᠠᠢᠨ᠎ᠠ᠃ ᠬᠠᠷᠢᠨ ᠰᠦᠰᠦᠭ ᠪᠢᠰᠢᠷᠡᠯ ᠦ᠋ᠨ ᠲᠠᠯ᠎ᠠ ᠠ᠋ᠴᠠ ᠪᠠᠨ ᠪᠣᠯ ᠠᠷᠢᠭᠤᠰᠬᠠᠬᠤ᠂ ᠮᠠᠭᠤ ᠮᠠᠭᠤᠬᠠᠢ ᠵᠦᠢᠯ ᠢ᠋ ᠬᠥᠭᠡᠬᠦ᠂ ᠠᠭᠠᠷ ᠲᠠᠬᠢ ᠪᠠᠺᠲ᠋ᠧᠷᠢ ᠶᠢ ᠤᠰᠠᠳᠬᠠᠬᠤ ᠵᠡᠷᠭᠡ ᠦᠢᠯᠡᠴᠢᠯᠡᠭᠡ ᠦᠵᠡᠭᠦᠯᠳᠡᠭ ᠠᠴᠢ ᠲᠤᠰᠠ ᠲᠠᠢ ᠪᠠᠢᠨ᠎ᠠ᠃
   ᠲᠤᠰ ᠤᠷᠭᠤᠮᠠᠯ ᠠ᠋ᠴᠠ ᠡᠳᠦᠷ ᠲᠦ᠍ ᠨᠢᠭᠡ ᠰᠢᠷᠬᠡᠭ ᠪᠤᠷᠴᠠᠭ ᠵᠠᠵᠢᠯᠵᠤ ᠢᠳᠡᠬᠦ ᠪᠥᠭᠡᠳ ᠤᠯᠠᠮ ᠢ᠋ᠶ᠋ᠠᠷ ᠲᠣᠭ᠎ᠠ ᠬᠡᠮᠵᠢᠶᠡᠨ ᠦ᠌ ᠬᠤᠪᠢ ᠳ᠋ᠤ᠌ ᠨᠢᠭᠡ ᠪᠡᠷ ᠨᠡᠮᠡᠭᠳᠡᠭᠦᠯᠵᠦ᠂ 15 ᠪᠣᠯᠭᠠᠭᠠᠳ᠂ ᠪᠤᠴᠠᠭᠠᠵᠤ ᠪᠠᠭᠤᠷᠠᠭᠤᠯᠵᠤ ᠲᠡᠭ ᠪᠣᠯᠭᠠᠳᠠᠭ ᠪᠠᠢᠨ᠎ᠠ᠃