ᠬᠠᠢᠷ᠎ᠠ ᠶ᠋ᠢᠨ ᠰᠣᠪᠢᠩ- ᠮ ᠪᠢᠮᠪᠠᠵᠠᠪ᠂ ᠠ᠊· ᠪᠠᠰᠠᠩᠳᠡᠯᠭᠡᠷХайрын совин-М. Бямбажав А. Баасандэлгэр
ᠬᠠᠢᠷ᠎ᠠ ᠶ᠋ᠢᠨ ᠰᠣᠪᠢᠩ
ᠦᠭᠡ᠄ ᠱ· ᠭᠦᠷᠦᠪᠠᠽᠠᠷ
ᠠᠶ᠎ᠠ᠄ ᠶᠣ· ᠰᠦᠬᠡᠪᠠᠭᠠᠲᠤᠷ
ᠳᠠᠭᠤᠴᠢᠨ᠄ᠮ ᠪᠢᠮᠪᠠᠵᠠᠪ᠂ ᠠ᠊· ᠪᠠᠰᠠᠩᠳᠡᠯᠭᠡᠷ
ᠳᠡᠯᠡᠬᠡᠢ ᠶ᠋ᠢᠨ ᠡᠯᠢᠭᠡᠨ ᠳᠡᠭᠡᠷ᠎ᠡ ᠨᠠᠷᠠᠨ ᠦᠭᠡᠢ ᠰᠠᠨ ᠪᠣᠯᠪᠠᠯ
ᠳᠡᠨᠵᠢ ᠶ᠋ᠢᠨ ᠡᠷᠪᠡᠬᠡᠢ ᠬᠠᠮᠢᠭ᠎ᠠ ᠪᠠᠨ ᠴᠤ᠌ ᠡᠷᠭᠢᠬᠦ ᠪᠢᠯᠡ
ᠳᠡᠭᠳᠡᠭᠡᠳ ᠢᠷᠡᠳᠡᠭ ᠰᠠᠯᠬᠢ ᠨᠢ ᠦᠭᠡᠢ ᠰᠠᠨ ᠪᠣᠯᠪᠠᠯ
ᠲᠩᠷᠢ ᠶ᠋ᠢᠨ ᠰᠢᠪᠠᠭᠤᠬᠠᠢ ᠬᠠᠮᠢᠭ᠎ᠠ ᠪᠠᠨ ᠴᠤ᠌ ᠵᠢᠷᠭᠢᠬᠦ ᠪᠢᠯᠡ
ᠳᠡᠭᠳᠡᠭᠡᠳ ᠢᠷᠡᠳᠡᠭ ᠰᠠᠯᠬᠢ ᠨᠢ ᠦᠭᠡᠢ ᠰᠠᠨ ᠪᠣᠯᠪᠠᠯ
ᠲᠩᠷᠢ ᠶ᠋ᠢᠨ ᠰᠢᠪᠠᠭᠤᠬᠠᠢ ᠬᠠᠮᠢᠭ᠎ᠠ ᠪᠠᠨ ᠴᠤ᠌ ᠵᠢᠷᠭᠢᠬᠦ ᠪᠢᠯᠡ
ᠨᠡᠷᠡᠲᠦ ᠡᠯᠢᠭᠡᠨ ᠳᠡᠭᠡᠷ᠎ᠡ ᠬᠠᠢᠷ᠎ᠠ ᠨᠢ ᠦᠭᠡᠢ ᠰᠠᠨ ᠪᠣᠯᠪᠠᠯ
ᠨᠠᠮ᠎ᠠ ᠶ᠋ᠢ ᠴᠢᠮ᠎ᠠ ᠲᠠᠢ ᠶᠠᠭᠤᠨ ᠳ᠋ᠤ᠌ ᠪᠠᠨ ᠴᠤ᠌ ᠳᠠᠰᠬᠠᠬᠤ ᠪᠢᠯᠡ
ᠨᠠᠰᠤᠯᠠᠬᠤ ᠶ᠋ᠢᠨ ᠦᠨᠡᠨ ᠳ᠋ᠦ᠍ ᠴᠢ ᠮᠢᠨᠢ ᠦᠭᠡᠢ ᠰᠠᠨ ᠪᠣᠯᠪᠠᠯ
ᠨᠠᠮᠤᠷ ᠤ᠋ᠨ ᠰᠠᠷ᠎ᠠ ᠶ᠋ᠢ ᠴᠤ᠌ ᠶᠠᠭᠤᠨ ᠳ᠋ᠤ᠌ ᠪᠠᠨ ᠴᠤ᠌ ᠬᠦᠯᠢᠶᠡᠬᠦ ᠪᠢᠯᠡ
ᠨᠠᠰᠤᠯᠠᠬᠤ ᠶ᠋ᠢᠨ ᠦᠨᠡᠨ ᠳ᠋ᠦ᠍ ᠴᠢ ᠮᠢᠨᠢ ᠦᠭᠡᠢ ᠰᠠᠨ ᠪᠣᠯᠪᠠᠯ
ᠨᠠᠮᠤᠷ ᠤ᠋ᠨ ᠰᠠᠷ᠎ᠠ ᠶ᠋ᠢ ᠴᠤ᠌ ᠶᠠᠭᠤᠨ ᠳ᠋ᠤ᠌ ᠪᠠᠨ ᠴᠤ᠌ ᠬᠦᠯᠢᠶᠡᠬᠦ ᠪᠢᠯᠡ
ᠬᠠᠷᠠᠵᠠ ᠪᠠᠨ ᠳᠠᠭᠠᠭᠠᠰᠤᠲᠠᠢ ᠦᠨᠳᠦᠰᠦ ᠨᠢ ᠦᠭᠡᠢ ᠰᠠᠨ ᠪᠣᠯᠪᠠᠯ
ᠬᠠᠪᠤᠷ ᠤ᠋ᠨ ᠰᠠᠷ᠎ᠠ ᠶ᠋ᠢ ᠴᠤ᠌ ᠶᠠᠭᠤᠨ ᠳ᠋ᠤ᠌ ᠪᠠᠨ ᠬᠦᠯᠢᠶᠡᠬᠦ ᠪᠢᠯᠡ
ᠬᠠᠷᠠᠴᠠ ᠪᠠᠨ ᠳᠠᠭᠠᠳᠠᠭ ᠦᠨᠡᠨ ᠨᠢ ᠦᠭᠡᠢ ᠰᠠᠨ ᠪᠣᠯᠪᠠᠯ
ᠬᠠᠢᠷ᠎ᠠ ᠶ᠋ᠢᠨ ᠰᠣᠪᠢᠩ ᠢ᠋ᠶ᠋ᠠᠨ ᠬᠡᠨ ᠡᠴᠡ ᠪᠡᠨ ᠴᠤ᠌ ᠡᠷᠢᠬᠦ ᠪᠢᠯᠡ
ᠬᠠᠷᠠᠴᠠ ᠪᠠᠨ ᠳᠠᠭᠠᠳᠠᠭ ᠦᠨᠡᠨ ᠨᠢ ᠦᠭᠡᠢ ᠰᠠᠨ ᠪᠣᠯᠪᠠᠯ
ᠬᠠᠢᠷ᠎ᠠ ᠶ᠋ᠢᠨ ᠰᠣᠪᠢᠩ ᠢ᠋ᠶ᠋ᠠᠨ ᠬᠡᠨ ᠡᠴᠡ ᠪᠡᠨ ᠴᠤ᠌ ᠡᠷᠢᠬᠦ ᠪᠢᠯᠡ
ᠬᠠᠢᠷ᠎ᠠ ᠶ᠋ᠢᠨ ᠰᠣᠪᠢᠩ ᠢ᠋ᠶ᠋ᠠᠨ ᠬᠡᠨ ᠡᠴᠡ ᠪᠡᠨ ᠴᠤ᠌ ᠡᠷᠢᠬᠦ ᠪᠢᠯᠡ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ᠄ ᠪᠦᠷᠢᠨᠵᠢᠷᠭᠠᠯ
ᠬᠢᠨᠠᠭᠴᠢ᠄ ᠶ᠋ᠢᠨ ᠬᠠᠢ·ᠣᠳᠬᠤᠩᠬᠤᠸᠠᠷ
