ᠴᠠᠢᠪᠤᠷ ᠵᠢᠰᠦᠮ ᠦ᠋ᠨ ᠠᠳᠤᠭᠤ
ᠵᠠᠷᠢᠮ ᠭᠠᠵᠠᠷ ᠪᠦᠭᠡᠭᠡᠨ ᠵᠢᠰᠦᠮ ᠦ᠋ᠨ ᠴᠦ᠍ ᠭᠡᠳᠡᠭ ᠃ ᠡᠭᠦᠨ ᠳ᠋ᠦ᠍ ᠪᠠᠭᠲᠠᠬᠤ ᠵᠢᠰᠦᠮ ᠦ᠋ᠳ ᠭᠡᠪᠡᠯ ᠂ ᠴᠠᠭᠠᠨ ᠂ ᠰᠠᠭᠠᠷᠠᠯ ᠂ ᠪᠣᠷᠣ ᠂ ᠴᠡᠩᠬᠡᠷ ᠂ ᠤᠯᠠᠭᠠᠨ ᠂ ᠰᠢᠷᠭ᠎ᠠ ᠂ ᠬᠣᠯᠠ ᠂ ᠬᠤᠸᠠ ( ᠬᠣᠩᠭᠣᠷ ) ᠵᠡᠷᠭᠡ ᠡᠴᠡ ᠭᠠᠳᠠᠨ᠎ᠠ ᠬᠠᠯᠢᠭᠤᠨ ᠠ᠋ᠴᠠ ᠴᠠᠭᠠᠨ ᠬᠠᠯᠢᠭᠤᠨ᠂ ᠪᠤᠭᠤᠷᠤᠯ ᠠ᠋ᠴᠠ ᠴᠠᠭᠠᠨ ᠪᠤᠭᠤᠷᠤᠯ ᠂ ᠴᠣᠬᠣᠷ ᠠ᠋ᠴᠠ ᠴᠠᠭᠠᠨ ᠴᠣᠬᠣᠷ ᠵᠡᠷᠭᠡ ᠵᠢᠰᠦᠮ ᠪᠠᠭᠲᠠᠨ᠎ᠠ᠃
ᠪᠠᠷᠠᠭᠠᠨ ᠵᠢᠰᠦᠮ ᠦ᠋ᠨ ᠠᠳᠤᠭᠤ
ᠡᠭᠦᠨ ᠳ᠋ᠦ᠍ ᠪᠠᠭᠲᠠᠬᠤ ᠵᠢᠰᠦᠮ ᠦ᠋ᠳ ᠭᠡᠪᠡᠯ᠂ ᠬᠠᠷ᠎ᠠ᠂ ᠬᠡᠭᠡᠷ᠂ ᠬᠠᠯᠲᠠᠷ ᠬᠦᠷᠡᠩ᠂ ᠵᠡᠭᠡᠷᠳᠡ᠂ ᠴᠠᠪᠢᠳᠠᠷ ᠵᠡᠷᠭᠡ ᠡᠴᠡ ᠭᠠᠳᠠᠨ᠎ᠠ ᠬᠤᠸᠠ ᠠ᠋ᠴᠠ ᠬᠡᠭᠡᠷ ᠬᠣᠩᠭᠣᠷ᠂ ᠬᠤᠸᠠ ᠬᠣᠩᠭᠣᠷ᠂ ᠬᠣᠯᠠ ᠬᠣᠩᠭᠣᠷ᠃ ᠬᠠᠯᠢᠭᠤᠨ ᠠ᠋ᠴᠠ ᠬᠠᠷ᠎ᠠ ᠬᠠᠯᠢᠭᠤᠨ᠂ ᠰᠢᠷ᠎ᠠ ᠬᠠᠯᠢᠭᠤᠨ᠂ ᠬᠥᠬᠡ ᠬᠠᠯᠢᠭᠤᠨ᠃ ᠪᠤᠭᠤᠷᠤᠯ ᠠ᠋ᠴᠠ ᠬᠠᠷ᠎ᠠ ᠪᠤᠭᠤᠷᠤᠯ᠂ ᠬᠦᠷᠡᠩ ᠪᠤᠭᠤᠷᠤᠯ᠂ ᠬᠥᠬᠡ ᠪᠤᠭᠤᠷᠤᠯ᠂ ᠤᠯᠠᠭᠠᠨ ᠪᠤᠭᠤᠷᠤᠯ᠃ ᠴᠣᠬᠣᠷ ᠠ᠋ᠴᠠ ᠬᠠᠷ᠎ᠠ ᠴᠣᠬᠣᠷ᠂ ᠬᠦᠷᠡᠩ ᠴᠣᠬᠣᠷ᠂ ᠬᠡᠭᠡᠷ ᠴᠣᠬᠣᠷ ᠵᠡᠷᠭᠡ ᠵᠢᠰᠦᠮ ᠪᠠᠭᠲᠠᠨ᠎ᠠ᠃
ᠳᠠᠩ ᠵᠢᠰᠦᠮ
ᠬᠣᠯᠢᠯᠴᠠᠭ᠎ᠠ ᠦᠭᠡᠢ᠂ ᠨᠢᠭᠡᠨ ᠵᠦᠢᠯ ᠦ᠋ᠨ ᠦᠰᠦᠲᠡᠢ᠃ ᠡᠭᠦᠨ ᠳ᠋ᠦ᠍ ᠪᠠᠭᠲᠠᠬᠤ ᠵᠢᠰᠦᠮ ᠭᠡᠪᠡᠯ᠂ ᠴᠠᠭᠠᠨ᠂ ᠬᠠᠷ᠎ᠠ᠂ ᠬᠡᠭᠡᠷ᠂ ᠵᠡᠭᠡᠷᠳᠡ᠂ ᠰᠢᠷᠭ᠎ᠠ᠂ ᠬᠦᠷᠡᠩ᠃
ᠳᠠᠪᠬᠤᠷ ᠵᠢᠰᠦᠮ
ᠬᠣᠶᠠᠷ ᠠ᠋ᠴᠠ ᠳᠡᠭᠡᠭᠰᠢ ᠦᠰᠦ ᠬᠣᠯᠢᠯᠳᠤᠨ ᠤᠷᠭᠤᠭᠰᠠᠨ ᠦᠰᠦ ᠪᠦᠬᠦᠢ ᠠᠳᠤᠭᠤ᠃ ᠡᠭᠦᠨ ᠳ᠋ᠦ᠍ ᠪᠠᠭᠲᠠᠬᠤ ᠵᠢᠰᠦᠮ ᠭᠡᠪᠡᠯ᠂ ᠠᠯᠠᠭ᠂ ᠴᠣᠬᠣᠷ᠂ ᠪᠤᠭᠤᠷᠤᠯ᠂ ᠰᠠᠭᠠᠷᠠᠯ᠂ ᠬᠣᠯᠠ᠂ ᠬᠠᠯᠢᠭᠤᠨ᠂ ᠴᠠᠪᠢᠳᠠᠷ᠂ ᠪᠣᠷᠣ᠃
ᠴᠠᠭᠠᠨ ( ᠵᠢᠩᠬᠢᠨᠢ ᠳᠠᠩ ᠵᠢᠰᠦᠮ )
ᠳᠠᠩ ᠵᠢᠰᠦᠮ ᠳ᠋ᠦ᠍ ᠪᠠᠰᠠ ᠵᠢᠩᠬᠢᠨᠢ ᠪᠠ ᠵᠢᠩᠬᠢᠨᠢ ᠪᠤᠰᠤ ᠳᠠᠩ ᠵᠢᠰᠦᠮ ᠭᠡᠵᠦ ᠨᠠᠷᠢᠨ ᠢᠯᠭᠠᠨ᠎ᠠ᠃ ᠡᠬᠢ ᠥᠩᠭᠡ ᠴᠠᠰᠤ ᠮᠡᠲᠦ ᠥᠩᠭᠡ ᠶ᠋ᠢ ᠴᠠᠭᠠᠨ ᠭᠡᠨ᠎ᠡ᠃ ᠤᠭ ᠦᠰᠦ ᠴᠠᠭᠠᠨ ᠪᠥᠭᠡᠳ ᠳᠡᠯ ᠰᠡᠭᠦᠯ ᠴᠦ᠍ ᠴᠠᠭᠠᠨ᠃ ᠰᠤᠷ ᠤ᠋ᠨ ᠳᠣᠲᠣᠷ᠎ᠠ ᠴᠠᠭᠠᠨ ᠲᠤᠶᠠᠭ᠎ᠠ ( ᠭᠢᠯᠪᠠᠭ᠎ᠠ ) ᠲᠠᠲᠠᠨ᠎ᠠ ᠃ ᠲᠤᠩ ᠴᠠᠭᠠᠨ ᠮᠣᠷᠢ ( ᠲᠤᠩ ᠮᠡᠲᠦ ᠴᠠᠭᠠᠨ ᠮᠣᠷᠢ ) ᠂ ᠪᠥᠬᠡ (бөө) ᠴᠠᠭᠠᠨ ᠮᠣᠷᠢ ( ᠬᠢᠯᠮᠠᠩ ᠴᠠᠭᠠᠨ ᠮᠣᠷᠢ ) ᠃
ᠰᠠᠭᠠᠷᠠᠯ ( ᠵᠢᠩᠬᠢᠨᠢ ᠪᠤᠰᠤ ᠳᠠᠩ ᠵᠢᠰᠦᠮ )
ᠬᠣᠶᠠᠷ ᠠ᠋ᠴᠠ ᠳᠡᠭᠡᠭᠰᠢ ᠵᠦᠢᠯ ᠦ᠋ᠨ ᠦᠰᠦ ᠨᠢᠭᠲᠠ ᠤᠶᠠᠯᠳᠤᠨ ᠤᠷᠭᠤᠵᠠᠢ᠃ ᠤᠭ ᠦᠰᠦ ᠨᠢ ᠴᠥᠭᠡᠨ ᠪᠤᠶᠤ ᠪᠦᠳᠡᠭᠢ ᠴᠡᠭᠡᠨ᠂ ᠰᠤᠷ ᠨᠢ ᠪᠣᠷᠣ᠂ ᠰᠢᠷᠭᠠᠯ᠂ ᠬᠠᠷ᠎ᠠ ᠶᠠᠩᠵᠤ ᠪᠦᠷᠢ ᠪᠠᠢᠳᠠᠭ᠃ ᠤᠭ ᠦᠰᠦ ᠰᠤᠷ ᠬᠣᠶᠠᠷ ᠤ᠋ᠨ ᠳᠤᠮᠳᠠ ᠲᠤᠰ ᠲᠤᠰ ᠤ᠋ᠨ ᠲᠤᠶᠠᠭ᠎ᠠ ᠭᠢᠯᠪᠠᠯᠵᠠᠳᠠᠭ᠃
ᠴᠠᠭᠠᠨ ᠰᠠᠭᠠᠷᠠᠯ
ᠤᠭ ᠦᠰᠦ ᠪᠠᠷᠤᠭ ᠴᠠᠭᠠᠨ ᠰᠢᠬᠠᠭᠤ ᠴᠡᠭᠡᠨ᠂ ᠰᠤᠷ ᠨᠢ ᠭᠦᠶᠦᠭᠡᠨ ᠪᠣᠷᠣ᠂ ᠲᠡᠢᠨ ᠬᠦ᠌ ᠲᠤᠶᠠᠭ᠎ᠠ ᠨᠢ ᠪᠠᠭᠤᠷᠠᠩᠭᠤᠢ ( ᠠᠷᠠᠢ ᠴᠠᠭᠠᠨ ᠪᠢᠰᠢ) ᠴᠠᠭᠠᠪᠲᠤᠷ ᠳᠡᠯ ᠰᠡᠭᠦᠯ ᠳ᠋ᠦ᠍ᠨᠢ ᠵᠢᠭᠠᠬᠠᠨ ᠪᠣᠷᠣ ᠦᠰᠦᠲᠡᠢ᠃
ᠬᠠᠷ᠎ᠠ ᠰᠠᠭᠠᠷᠠᠯ
ᠤᠭ ᠦᠰᠦ ᠨᠢ ᠴᠡᠭᠡᠨ ᠬᠠᠷᠠᠪᠲᠤᠷ ᠴᠤ᠌ ᠦᠰᠦ ᠶ᠋ᠢᠨ ᠤᠭ ᠢ᠋ᠶ᠋ᠠᠷ ᠴᠡᠭᠡᠬᠡᠨ᠂ ᠰᠤᠷ ᠨᠢ ᠬᠠᠷᠠᠪᠲᠤᠷ᠂ ᠲᠤᠶᠠᠭ᠎ᠠ ᠨᠢ ᠭᠡᠭᠡᠨ ᠬᠠᠷᠠᠪᠲᠤᠷ ᠭᠢᠯᠪᠠᠭᠠᠲᠠᠢ᠃ ᠪᠣᠷᠣ ᠰᠠᠭᠠᠷᠠᠯ
ᠤᠭ ᠦᠰᠦ ᠨᠢ ᠭᠦᠨ᠎ᠡ ᠰᠢᠭ ᠴᠡᠭᠡᠨ᠂ ᠰᠤᠷ ᠨᠢ ᠪᠣᠷᠣ᠂ ᠲᠤᠶᠠᠭ᠎ᠠ ᠨᠢ ᠴᠠᠭᠠᠪᠲᠤᠷ ᠬᠥᠬᠡ ᠭᠢᠯᠪᠠᠭᠠᠲᠠᠢ᠃
ᠬᠥᠬᠡ ᠰᠠᠭᠠᠷᠠᠯ
ᠤᠭ ᠦᠰᠦ ᠦᠨᠡᠰᠦᠨ ᠥᠩᠭᠡᠲᠡᠢ᠂ ᠰᠤᠷ ᠤ᠋ᠨ ᠦᠵᠦᠭᠦᠷ ᠦᠯᠦ ᠮᠡᠳᠡᠭ ᠬᠠᠷᠠᠪᠲᠤᠷ᠂ ᠲᠤᠶᠠᠭ᠎ᠠ ᠨᠢ ᠪᠠᠭᠤᠷᠠᠩᠭᠤᠢ ᠬᠥᠬᠡᠪᠦᠷ᠃
ᠴᠡᠩᠬᠡᠷ ᠰᠠᠭᠠᠷᠠᠯ
ᠠᠷᠠᠢ ᠴᠠᠭᠠᠨ ᠪᠣᠷᠣ ᠪᠢᠰᠢ᠂ ᠤᠭ ᠦᠰᠦ ᠨᠢ ᠴᠠᠭᠠᠪᠲᠤᠷ᠃ ᠴᠡᠭᠡᠨ ᠰᠤᠷ ᠨᠢ ᠦᠵᠦᠭᠦᠷ ᠵᠦᠭ ᠢ᠋ᠶ᠋ᠡᠨ ᠦᠯᠦ ᠮᠡᠳᠡᠭ ᠪᠣᠷᠣᠪᠲᠤᠷ᠂ ᠴᠠᠭᠠᠨ ᠰᠠᠭᠠᠷᠠᠯ ᠢ ᠪᠣᠳᠣᠪᠠᠯ ᠴᠠᠭᠠᠪᠲᠤᠷ ᠴᠡᠩᠬᠡᠷᠳᠡᠭᠦᠦ ᠲᠤᠶᠠᠭ᠎ᠠ ᠲᠠᠢ᠃
ᠬᠤᠸᠠ ᠰᠠᠭᠠᠷᠠᠯ
ᠤᠭ ᠦᠰᠦ ᠨᠢ ᠳᠤᠭᠤᠷᠠᠭᠳᠠᠬᠤ ᠴᠡᠭᠡᠨ᠂ ᠰᠤᠷ ᠨᠢ ᠬᠤᠸᠠ ᠴᠤ᠌ ᠦᠵᠦᠭᠦᠷ ᠵᠦᠭ ᠢ᠋ᠶ᠋ᠡᠨ ᠦᠯᠦ ᠮᠡᠳᠡᠭᠳᠡᠮ᠎ᠡ ᠤᠯᠠᠭᠠᠪᠲᠤᠷ᠂ ᠲᠤᠶᠠᠭ᠎ᠠ ᠨᠢ ᠦᠯᠦ ᠮᠡᠳᠡᠭᠳᠡᠮ᠎ᠡ ᠤᠯᠠᠪᠤᠷᠲᠠᠭᠤ ᠬᠣᠩᠭᠣᠷ ᠭᠢᠯᠪᠠᠭᠠᠲᠠᠢ᠃
ᠬᠠᠯᠢᠭᠤᠨ ᠰᠠᠭᠠᠷᠠᠯ
ᠡᠬᠡ ᠪᠡᠶ᠎ᠡ ᠬᠠᠯᠢᠭᠤᠨ᠂ ᠳᠡᠯ ᠰᠡᠭᠦᠯ ᠬᠠᠷ᠎ᠠ ᠪᠢᠰᠢ ᠰᠠᠭᠠᠷᠠᠯᠳᠠᠭᠤ᠂ ᠲᠤᠶᠠᠭ᠎ᠠ ᠨᠢ ᠬᠠᠯᠢᠭᠤᠨ ᠢ ᠰᠠᠨᠠᠭᠳᠠᠭᠤᠯᠬᠤ ᠭᠢᠯᠪᠠᠭᠠᠲᠠᠢ᠃
ᠤᠯᠠᠭᠠᠨ ᠰᠠᠭᠠᠷᠠᠯ
ᠤᠭ ᠦᠰᠦ ᠴᠠᠭᠠᠪᠲᠤᠷ ᠴᠡᠭᠡᠨ᠂ ᠰᠤᠷ ᠨᠢ ᠤᠯᠠᠪᠤᠷᠲᠠᠭᠤ ᠪᠣᠷᠣ᠂ ᠲᠤᠶᠠᠭ᠎ᠠ ᠨᠢ ᠴᠡᠭᠡᠨ ᠤᠯᠠᠪᠤᠷ ᠬᠣᠶᠠᠷ ᠤ᠋ᠨ ᠳᠤᠮᠳᠠᠭᠤᠷ ᠲᠤᠭᠤᠷᠬᠠᠲᠠᠨ ᠥᠯᠥᠨ ᠰᠠᠭᠠᠷᠠᠯ ᠭᠢᠯᠪᠠᠭᠠᠳᠤᠬᠤ᠃
ᠤᠷᠤᠭ ᠰᠠᠭᠠᠷᠠᠯ
ᠤᠭ ᠪᠡᠶ᠎ᠡ ᠴᠠᠭᠠᠨ ᠰᠠᠭᠠᠷᠠᠯ ᠂ ᠭᠠᠭᠴᠠ ᠬᠦ᠌ ᠨᠢᠷᠤᠭᠤ ᠵᠣ ᠪᠠᠷ ᠢ᠋ᠶ᠋ᠠᠨ ᠬᠠᠷ᠎ᠠ ᠭᠣᠣᠯ ( ᠰᠤᠳᠠᠯ ) ᠲᠠᠢ ᠳᠡᠯ ᠰᠡᠭᠦᠯ ᠦ᠋ᠨ ᠭᠣᠣᠯ ᠢ᠋ᠶ᠋ᠠᠷ ᠬᠠᠷ᠎ᠠ ᠰᠤᠳᠠᠯ ᠲᠠᠢ᠃
ᠬᠥᠬᠡᠪᠯᠡᠢ ᠰᠠᠭᠠᠷᠠᠯ
ᠭᠦᠨ᠎ᠡ ᠰᠢᠭ ᠭᠣᠣᠯ ᠲᠠᠢ ᠪᠣᠷᠣ ᠰᠠᠭᠠᠷᠠᠯ᠂ ᠳᠥᠷᠪᠡᠨ ᠮᠥᠴᠢ ᠨᠢ ᠪᠠᠭᠤᠤ ᠵᠡᠭᠦᠭᠰᠡᠨ ᠮᠡᠲᠦ ᠬᠥᠨᠳᠡᠯᠡᠨ ᠬᠥᠬᠡ ᠪᠤᠶᠤ ᠬᠠᠷ᠎ᠠ ᠡᠷᠢᠶᠡᠨᠲᠡᠢ᠂ ᠵᠠᠷᠢᠮ ᠭᠠᠵᠠᠷ ᠮᠥᠨ ᠤᠷᠤᠭ ᠰᠠᠭᠠᠷᠠᠯ ᠭᠡᠵᠦ ᠬᠡᠯᠡᠳᠡᠭ᠃
ᠪᠣᠷᠣ ( ᠵᠢᠩᠬᠢᠨᠢ ᠪᠤᠰᠤ ᠳᠠᠩ ᠵᠢᠰᠦᠮ )
ᠤᠭ ᠦᠰᠦ ᠨᠢ ᠴᠠᠭᠠᠨ ᠪᠤᠶᠤ ᠴᠠᠭᠠᠪᠲᠤᠷᠬᠠᠨ᠂ ᠳᠡᠯ ᠰᠡᠭᠦᠯ ᠨᠢ ᠪᠣᠷᠣ ᠪᠤᠶᠤ ᠪᠣᠷᠣᠪᠲᠣᠷᠬᠠᠨ᠂ ᠰᠤᠷ ᠨᠢ ᠦᠵᠦᠭᠦᠷ ᠵᠦᠭ ᠢ᠋ᠶ᠋ᠡᠨ ᠪᠣᠷᠣ ᠭᠣᠣᠯᠳᠠᠵᠤ ᠬᠠᠷ᠎ᠠ ᠵᠢᠭᠠᠬᠠᠨ ᠬᠣᠯᠢᠯᠳᠤᠭᠰᠠᠨ ᠰᠢᠭ᠋᠂ ᠲᠤᠶᠠᠭ᠎ᠠ ᠨᠢ ᠴᠡᠭᠡᠬᠡᠨ ᠬᠥᠬᠡᠪᠦᠷ ᠭᠢᠯᠪᠠᠭᠠᠲᠠᠢ᠃ ᠪᠣᠷᠣ ᠮᠣᠷᠢᠨ ᠤ᠋ ᠵᠢᠰᠦᠮ ᠬᠤᠪᠢᠷᠠᠯᠲᠠ ᠶᠡᠬᠡᠲᠡᠢ᠂ ᠪᠠᠭ᠎ᠠ ᠳ᠋ᠠᠭᠠᠨ ᠬᠠᠷ᠎ᠠ ᠪᠣᠷᠣ ᠪᠠᠢᠭᠰᠠᠨ ᠢ᠋ᠶ᠋ᠠᠨ ᠮᠣᠷᠢ ᠪᠣᠯᠵᠤ ᠪᠦᠳᠦᠭᠦᠷᠡᠬᠦ ᠲᠣᠰᠤᠮ ᠴᠠᠢᠵᠤ᠂ ᠵᠠᠷᠢᠮ ᠨᠢ ᠲᠤᠩ ᠴᠠᠭᠠᠨ ᠴᠤ᠌ ᠪᠣᠯᠳᠠᠭ᠃ ᠴᠡᠩᠬᠡᠷ ᠪᠣᠷᠣ ᠮᠣᠷᠢ ᠪᠦᠳᠦᠭᠦᠷᠡᠬᠦ ᠲᠣᠰᠤᠮ ᠢ᠋ᠶ᠋ᠠᠨ ᠴᠠᠭᠠᠨ ᠪᠣᠷᠣ ᠪᠣᠯᠵᠤ ᠬᠥᠭᠰᠢᠷᠡᠬᠦ ᠳ᠋ᠡᠭᠡᠨ ᠪᠡᠶ᠎ᠡ ᠳ᠋ᠦ᠍ᠨᠢ ᠪᠤᠭᠤᠳᠠᠢ ᠰᠠᠭᠤᠵᠤ᠂ ᠪᠤᠭᠤᠳᠠᠢ ᠪᠣᠷᠣ ᠶᠤᠮ ᠤᠤ᠂ ᠤᠯᠠᠭᠠᠨ ᠪᠣᠷᠣ ᠪᠣᠯᠵᠤ ᠬᠤᠪᠢᠷᠠᠳᠠᠭ᠃
ᠬᠠᠷ᠎ᠠ ᠪᠣᠷᠣ
ᠪᠠᠰᠠ ᠬᠥᠬᠡ ᠭᠡᠬᠦ ᠪᠤᠶᠤ ᠡᠭᠦᠯᠡᠨ ᠬᠥᠬᠡ ᠴᠦ᠍ ᠭᠡᠳᠡᠭ᠃ ᠦᠰᠦᠨ ᠦ᠌ ᠤᠭ ᠨᠢ ᠴᠡᠭᠡᠨ᠂ ᠦᠰᠦᠨ ᠦᠵᠦᠭᠦᠷ ᠪᠣᠯᠤᠨ ᠰᠤᠷ ᠨᠢ ᠬᠥᠬᠡ᠃ ᠲᠤᠶᠠᠭ᠎ᠠ ᠨᠢ ᠭᠦᠨ᠎ᠡ ᠬᠠᠷᠠᠪᠲᠤᠷ ᠬᠥᠬᠡ ᠭᠢᠯᠪᠠᠭᠠᠲᠠᠢ᠃
ᠴᠠᠭᠠᠨ ᠪᠣᠷᠣ
ᠳᠡᠯ ᠰᠡᠭᠦᠯ ᠨᠢ ᠵᠢᠭᠠᠬᠠᠨ ᠪᠣᠷᠣᠪᠲᠤᠷ ᠴᠠᠭᠠᠨ ᠮᠣᠷᠢ ᠶ᠋ᠢ ᠬᠡᠯᠡᠨ᠎ᠡ᠃
ᠴᠡᠩᠬᠡᠷ ᠪᠣᠷᠣ
ᠬᠠᠷ᠎ᠠ ᠪᠣᠷᠣ ᠠ᠋ᠴᠠ ᠪᠠᠨ ᠭᠡᠭᠡᠬᠡᠨ ᠴᠡᠩᠬᠡᠷᠲᠡᠭᠦᠦ ᠬᠥᠬᠡ᠂ ᠲᠤᠶᠠᠭ᠎ᠠ ᠨᠢ ᠦᠰᠦ ᠰᠤᠷ ᠤ᠋ᠨ ᠦᠵᠦᠭᠦᠷ ᠢ᠋ᠶ᠋ᠡᠷ ᠴᠡᠩᠬᠡᠷᠲᠡᠭᠥᠥ (ᠲᠡᠭᠷᠢ ᠶ᠋ᠢᠨ ) ᠭᠢᠯᠪᠠᠭᠠᠲᠠᠢ᠃
ᠵᠢᠪᠡᠨ ᠪᠣᠷᠣ
ᠤᠭ ᠦᠰᠦ ᠨᠢ ᠴᠡᠭᠡᠨ ᠪᠣᠷᠣ᠂ ᠦᠰᠦ ᠶ᠋ᠢᠨ ᠦᠵᠦᠭᠦᠷ ᠪᠣᠯᠤᠨ ᠰᠤᠷ ᠨᠢ ᠤᠯᠠᠪᠤᠷᠲᠠᠭᠤ ᠪᠣᠷᠣ᠂ ᠲᠤᠶᠠᠭ᠎ᠠ ᠨᠢ ᠪᠣᠷᠣ ᠥᠩᠭᠡ᠂ ᠵᠢᠪᠡ ᠶ᠋ᠢᠨ ᠥᠩᠭᠡ ᠮᠡᠲᠦ ᠤᠯᠠᠪᠤᠷᠲᠠᠭᠤ ᠭᠢᠯᠪᠠᠭ᠎ᠠ ᠬᠣᠯᠢᠴᠠᠯᠳᠤᠨ ᠳᠤᠭᠤᠷᠠᠭᠳᠠᠨ ᠬᠠᠷᠠᠭᠳᠠᠨ᠎ᠠ᠃
ᠤᠯᠠᠭᠠᠨ ᠪᠣᠷᠣ
ᠴᠠᠭᠠᠨ ᠪᠣᠷᠣ ᠮᠣᠷᠢ ᠲᠠᠢ ᠲᠥᠰᠦᠭᠡᠲᠡᠢ ᠪᠣᠯᠤᠭᠠᠳ ᠦᠰᠦ ᠰᠤᠷ ᠤ᠋ᠨ ᠦᠵᠦᠭᠦᠷ ᠲᠡᠭᠡᠨ ᠬᠠᠷᠢᠨ ᠦᠯᠦ ᠮᠡᠳᠡᠭᠳᠡᠮ᠎ᠡ ᠤᠯᠪᠤᠷᠳᠠᠭᠤ ᠭᠢᠯᠪᠠᠭᠠᠲᠠᠢ ᠬᠠᠷᠠᠭᠳᠠᠬᠤ ᠪᠤᠶᠤ ᠡᠰᠡᠬᠦᠯ᠎ᠡ ᠴᠠᠭᠠᠨ ᠪᠣᠷᠣ ᠮᠣᠷᠢᠨ ᠳ᠋ᠤ᠌ ᠤᠯᠠᠭᠠᠨ ᠪᠤᠭᠤᠳᠠᠢ ᠰᠠᠭᠤᠭᠰᠠᠨ᠃
ᠬᠥᠬᠡ ᠪᠣᠷᠣ
ᠬᠠᠷ᠎ᠠ ᠪᠣᠷᠣ ᠶ᠋ᠢ ᠪᠣᠳᠣᠪᠠᠯ ᠤᠭ ᠦᠰᠦ ᠰᠤᠷ ᠨᠢ ᠴᠡᠯᠭᠡᠷ ᠬᠥᠬᠡ ᠮᠥᠷᠲᠡᠭᠡᠨ ᠰᠤᠷ ᠨᠢ ᠠᠬᠤᠷ ᠰᠣᠢᠷ ᠦᠰᠦᠲᠡᠢ ᠰᠢᠭ ᠲᠤᠶᠠᠭ᠎ᠠ ᠮᠠᠭᠤᠲᠠᠢ ᠬᠠᠷᠠᠭᠳᠠᠳᠠᠭ᠃
ᠡᠭᠦᠯᠡᠨ ᠪᠣᠷᠣ
ᠴᠡᠭᠡᠪᠲᠦᠷ ᠬᠠᠷ᠎ᠠ ᠪᠣᠷᠣ ᠂ ᠭᠦᠨ᠎ᠡ ᠪᠣᠷᠣ ᠂ ᠴᠡᠭᠡᠨ ᠪᠣᠷᠣ ᠬᠣᠶᠠᠷ ᠴᠣᠬᠣᠷᠳᠠᠨ ᠠᠯᠠᠭᠯᠠᠬᠤ ᠮᠡᠲᠦ ᠬᠠᠷᠠᠭᠳᠠᠬᠤ᠃
ᠴᠡᠩᠬᠡᠷ
ᠴᠡᠩᠬᠡᠷ ᠪᠣᠷᠣ ᠠ᠋ᠴᠠ ᠠᠷᠠᠢ ᠰᠢᠩᠭᠡᠨ ᠴᠠᠭᠠᠪᠲᠤᠷ᠃ ᠬᠥᠬᠡ᠂ ᠤᠭ ᠦᠰᠦ ᠴᠡᠭᠡᠬᠡᠨ ᠪᠥᠭᠡᠳ ᠥᠳᠬᠡᠨ᠂ ᠰᠤᠷ ᠨᠢ ᠡᠬᠢ ᠦᠰᠦᠨ ᠳ᠋ᠡᠭᠡᠨ ᠰᠢᠩᠭᠡᠳᠡᠭᠰᠡᠨ ᠬᠥᠬᠡ ᠤᠴᠢᠷ ᠠ᠋ᠴᠠ ᠬᠠᠷᠠᠬᠤ ᠳ᠋ᠤ᠌ ᠴᠡᠩᠬᠡᠷ ᠲᠤᠶᠠᠭ᠎ᠠ ᠭᠢᠯᠪᠠᠯᠵᠠᠳᠠᠭ᠃
ᠬᠤᠸᠠ ( ᠵᠢᠩᠬᠢᠨᠢ ᠪᠤᠰᠤ ᠳᠠᠩ ᠵᠢᠰᠦᠮ )
ᠬᠠᠯᠬ᠎ᠠ ᠳ᠋ᠤ᠌ ᠬᠣᠩᠭᠣᠷ ᠭᠡᠳᠡᠭ᠃ ᠤᠭ ᠦᠰᠦ ᠨᠢ ᠴᠠᠭᠠᠪᠲᠤᠷ ᠠᠯᠲᠠᠯᠢᠭ ᠰᠢᠷᠭᠠᠯ᠂ ᠬᠣᠯᠠ ᠶ᠋ᠢ ᠪᠣᠳᠣᠪᠠᠯ ᠭᠦᠶᠥᠪᠲᠦᠷ ᠰᠢᠷ᠎ᠠ ᠪᠥᠭᠡᠳ ᠵᠣ ᠨᠢᠷᠤᠭᠤ ᠪᠠᠨ ᠳᠠᠭᠠᠵᠤ ᠭᠦᠨ᠎ᠡ ᠤᠯᠠᠪᠤᠷ ᠭᠣᠣᠯ (ᠰᠤᠳᠠᠯ ) ᠲᠠᠢ ᠮᠥᠷᠲᠡᠭᠡᠨ ᠲᠠᠯᠤᠨ ᠳ᠋ᠠᠭᠠᠨ ᠪᠢᠳᠠᠷ ᠪᠠᠢᠴᠠ ᠲᠠᠢ ᠴᠤ᠌ ᠪᠠᠢᠳᠠᠭ᠃ ᠬᠥᠯ ᠦ᠋ᠨ ᠳᠣᠣᠷᠠᠲᠤ ᠬᠡᠰᠡᠭ ᠲᠡᠭᠡᠨ ᠪᠠᠭᠤᠤ ᠵᠡᠭᠦᠭᠰᠡᠨ ᠮᠡᠲᠦ ᠭᠦᠨ᠎ᠡ ᠤᠯᠠᠪᠤᠷᠲᠠᠭᠤ ᠰᠤᠳᠠᠯ ᠲᠠᠢ᠂ ᠳᠡᠯ ᠰᠡᠭᠦᠯ ᠨᠢ ᠬᠤᠸᠠ ᠠ᠋ᠴᠠ ᠭᠦᠨ᠎ᠡ ᠤᠯᠠᠪᠤᠷ ᠥᠩᠭᠡᠲᠡᠢ ᠪᠠᠢᠳᠠᠭ᠃
ᠤᠯᠠᠭᠠᠨ ᠬᠤᠸᠠ
ᠤᠭ ᠦᠰᠦ ᠴᠠᠢᠪᠤᠷᠳᠠᠭᠤ ᠰᠢᠷ᠎ᠠ᠂ ᠰᠤᠷ ᠨᠢ ᠤᠯᠠᠪᠤᠷ ᠰᠢᠷ᠎ᠠ᠂ ᠲᠤᠶᠠᠭ᠎ᠠ ᠨᠢ ᠰᠢᠷ᠎ᠠ ᠴᠡᠭᠡᠨ ᠦ᠌ ᠳᠤᠮᠳᠠᠭᠤᠷ ᠭᠢᠯᠪᠠᠳᠠᠭ᠃
ᠴᠠᠭᠠᠨ ᠬᠤᠸᠠ
ᠤᠯᠠᠭᠠᠨ ᠬᠤᠸᠠ ᠶ᠋ᠢ ᠪᠣᠳᠣᠪᠠᠯ ᠭᠡᠭᠡᠪᠲᠦᠷ᠂ ᠡᠬᠢ ᠪᠡᠶ᠎ᠡ ᠪᠣᠯᠤᠨ ᠦᠰᠦ ᠶ᠋ᠢᠨ ᠦᠵᠦᠭᠦᠷ ᠨᠢ ᠴᠠᠢᠪᠤᠷᠳᠠᠭᠤ᠂ ᠦᠰᠦ ᠶ᠋ᠢᠨ ᠦᠵᠦᠭᠦᠷ ᠪᠣᠯᠤᠨ ᠰᠤᠷ ᠨᠢ ᠤᠯᠠᠪᠤᠷ ᠰᠢᠷ᠎ᠠ ᠤᠴᠢᠷ ᠠ᠋ᠴᠠ ᠴᠠᠭᠠᠨ ᠰᠢᠷ᠎ᠠ ᠲᠤᠶᠠᠭ᠎ᠠ ᠭᠢᠯᠪᠠᠳᠠᠭ᠃
ᠬᠣᠯᠠ ( ᠵᠢᠩᠬᠢᠨᠢ ᠪᠤᠰᠤ ᠳᠠᠩ ᠵᠢᠰᠦᠮ )
ᠡᠬᠢ ᠪᠡᠶ᠎ᠡ ᠨᠢ ᠬᠤᠸᠠ ᠶ᠋ᠢ ᠪᠣᠳᠣᠪᠠᠯ ᠭᠦᠨ᠎ᠡ ᠤᠯᠠᠪᠤᠷᠲᠠᠭᠤ ᠃ ᠵᠣ ᠨᠢᠷᠤᠭᠤ ᠪᠠᠨ ᠳᠠᠭᠠᠵᠤ ᠬᠠᠷ᠎ᠠ ᠭᠣᠣᠯ ( ᠰᠤᠳᠠᠯ ) ᠲᠠᠢ ᠮᠥᠷᠲᠡᠭᠡᠨ ᠵᠠᠷᠢᠮ ᠨᠢ ᠲᠠᠯᠤᠨ ᠳ᠋ᠠᠭᠠᠨ ᠪᠢᠳᠡᠷ ( ᠪᠠᠩᠼᠠ ) ᠲᠠᠢ ᠪᠠᠢᠳᠠᠭ᠃ ᠳᠡᠯ ᠰᠡᠭᠦᠯ ᠨᠢ ᠬᠠᠷ᠎ᠠ ᠪᠤᠶᠤ ᠬᠠᠷ᠎ᠠ ᠭᠣᠣᠯ ᠲᠠᠢ᠃ ᠲᠡᠷᠡᠴᠢᠯᠡᠨ ᠬᠥᠯ ᠦ᠋ᠨ ᠳᠣᠣᠷᠠᠲᠤ ᠬᠡᠰᠡᠭ ᠬᠠᠷ᠎ᠠ ᠥᠩᠭᠡᠲᠡᠢ ᠪᠤᠶᠤ ᠬᠠᠷ᠎ᠠ ᠡᠷᠢᠶᠡᠨ ᠪᠠᠢᠳᠠᠭ᠃ ᠬᠠᠶᠠ ᠨᠢᠭᠡ ᠦᠰᠦᠯᠢᠭ ᠬᠣᠯᠠ ᠮᠣᠷᠢ ᠪᠣᠯ ᠴᠢᠷᠠᠢ ᠨᠢ ᠬᠠᠯᠲᠠᠷᠲᠠᠭᠤ ᠪᠠᠢᠳᠠᠭ᠃
ᠬᠠᠷ᠎ᠠ ᠬᠣᠯᠠ
ᠳᠡᠯ ᠰᠡᠭᠦᠯ ᠰᠤᠷ ᠨᠢ ᠭᠦᠨ᠎ᠡ ᠬᠠᠷ᠎ᠠ ᠪᠣᠯᠵᠤ᠂ ᠡᠬᠢ ᠦᠨᠳᠦᠰᠦᠨ ᠥᠩᠭᠡ ᠤᠯᠠᠪᠤᠷ ᠰᠢᠷ᠎ᠠ ᠪᠥᠭᠡᠳ ᠬᠥᠨᠡᠪᠲᠦᠷ ᠰᠢᠷ᠎ᠠ ᠬᠡᠭᠡᠷᠳᠡᠭᠦᠦ ᠪᠣᠯᠭᠠᠭᠰᠠᠨ᠃
ᠬᠠᠯᠲᠠᠷ ᠬᠣᠯᠠ
ᠡᠬᠢ ᠪᠡᠶ᠎ᠡ ᠦᠨᠳᠦᠰᠦᠨ ᠥᠩᠭᠡ ᠪᠡᠷ ᠢ᠋ᠶ᠋ᠡᠨ ᠭᠣᠣᠯ ᠰᠤᠳᠠᠯ ᠪᠦᠷ ᠡᠩ ᠦ᠋ᠨ ᠬᠣᠯᠠ ᠲᠠᠢ ᠠᠳᠠᠯᠢ᠂ ᠭᠠᠭᠴᠠ ᠲᠣᠯᠣᠭᠠᠢ ᠶ᠋ᠢᠨ ᠬᠡᠰᠡᠭ ᠨᠢᠭᠤᠷ ᠴᠢᠷᠠᠢ ᠳ᠋ᠤᠨᠢ ᠬᠠᠷᠠᠪᠲᠤᠷ ᠬᠠᠯᠲᠠᠷ ᠪᠠᠢᠳᠠᠯ ᠢᠯᠡᠷᠡᠭᠰᠡᠨ᠃
ᠵᠡᠭᠡᠷᠳᠡ ᠬᠣᠯᠠ
ᠵᠡᠭᠡᠷᠳᠡ ᠳ᠋ᠦ᠍ ᠶᠡᠬᠡ ᠣᠢᠷᠠᠯᠴᠠᠭ᠎ᠠ᠂ ᠭᠠᠭᠴᠠ ᠬᠦ᠌ ᠬᠠᠷ᠎ᠠ ᠭᠣᠣᠯ᠂ ᠳᠡᠯ᠂ ᠰᠡᠭᠦᠯ ᠲᠡᠢ ᠬᠣᠯᠠ ᠮᠣᠷᠢ᠃
ᠴᠠᠭᠠᠨ ᠬᠣᠯᠠ
ᠬᠤᠸᠠ ᠳ᠋ᠤ᠌ ᠶᠡᠬᠡ ᠣᠢᠷᠠᠯᠴᠠᠭ᠎ᠠ᠂ ᠭᠠᠭᠴᠠ ᠨᠢᠷᠤᠭᠤᠨ ᠰᠤᠳᠠᠯ ᠪᠠ ᠰᠡᠭᠦᠯ ᠨᠢ ᠬᠠᠷ᠎ᠠ ᠪᠤᠶᠤ ᠬᠠᠷᠠᠪᠲᠤᠷᠬᠠᠨ᠃
ᠬᠣᠩᠭᠣᠷ ᠬᠣᠯᠠ
ᠬᠤᠸᠠ ᠳ᠋ᠤ᠌ ᠣᠢᠷᠠᠯᠴᠠᠭ᠎ᠠ ᠴᠤ᠌ ᠳᠡᠯ ᠰᠡᠭᠦᠯ ᠬᠢᠭᠡᠳ ᠨᠢᠷᠤᠭᠤᠨ ᠰᠤᠳᠠᠯ ᠨᠢ ᠬᠠᠷ᠎ᠠ ᠪᠣᠯᠤᠭᠰᠠᠨ ᠢ᠋ᠶ᠋ᠠᠷ ᠬᠣᠯᠠ ᠪᠣᠯᠵᠠᠢ᠃
ᠰᠢᠷᠭ᠎ᠠ ( ᠵᠢᠩᠬᠢᠨᠢ ᠪᠤᠰᠤ ᠳᠠᠩ ᠵᠢᠰᠦᠮ )
ᠡᠬᠢ ᠪᠡᠶ᠎ᠡ ᠂ ᠲᠣᠯᠣᠭᠠᠢ ᠨᠢ ᠰᠢᠷᠭᠠᠯ ᠂ ᠳᠡᠯ ᠰᠡᠭᠦᠯ ᠨᠢ ᠰᠢᠷᠭᠠᠯ ᠴᠡᠭᠡᠨ᠃
ᠤᠯᠠᠭᠠᠨ ᠰᠢᠷᠭ᠎ᠠ
ᠡᠬᠢ ᠪᠡᠶ᠎ᠡ ᠶ᠋ᠢᠨ ᠦᠰᠦ ᠰᠢᠷᠭᠠᠯ᠂ ᠰᠤᠷ ᠪᠠ ᠦᠰᠦᠨ ᠦ᠌ ᠦᠵᠦᠭᠦᠷ ᠨᠢ ᠨᠡᠯᠢᠶᠡᠳ ᠤᠯᠠᠪᠤᠷᠲᠠᠭᠤ ᠪᠣᠯᠬᠣᠷ ᠦᠰᠦ ᠰᠤᠷ ᠤ᠋ᠨ ᠦᠵᠦᠭᠦᠷ ᠲᠦ᠍ ᠤᠯᠠᠭᠠᠨ ᠰᠢᠷᠭᠠᠯ ᠲᠤᠶᠠᠭ᠎ᠠ ᠭᠢᠯᠪᠠᠭᠠᠲᠠᠨᠠ᠃ ᠶᠠᠭ ᠨᠠᠮᠤᠷ ᠤ᠋ᠨ ᠰᠢᠷ᠎ᠠ ᠲᠣᠰᠣ ᠰᠢᠭ᠋ ᠥᠩᠭᠡᠲᠡᠢ᠃
ᠴᠠᠭᠠᠨ ᠰᠢᠷᠭ᠎ᠠ
ᠤᠯᠠᠭᠠᠨ ᠰᠢᠷᠭ᠎ᠠ ᠶ᠋ᠢ ᠪᠣᠳᠣᠪᠠᠯ ᠨᠡᠯᠢᠶᠡᠳ ᠴᠡᠭᠡᠬᠡᠨ ᠰᠢᠷ᠎ᠠ᠃
ᠪᠣᠷᠣ ᠰᠢᠷᠭ᠎ᠠ
ᠡᠬᠢ ᠪᠡᠶ᠎ᠡ ᠨᠢ ᠴᠡᠭᠡᠨ ᠰᠠᠭᠠᠷᠠᠯᠳᠠᠭᠤ᠂ ᠦᠰᠦᠨ ᠦ᠌ ᠦᠵᠦᠭᠦᠷ ᠪᠣᠯᠤᠨ ᠰᠤᠷ ᠨᠢ ᠠᠯᠲᠠᠨ ᠰᠢᠷᠭᠠᠯ ᠴᠤ᠌ ᠮᠡᠷᠭᠡᠨ ᠦᠵᠦᠭᠦᠷ ᠲᠡᠭᠡᠨ ᠪᠣᠷᠣ ᠪᠠᠢᠳᠠᠭ ᠠ᠋ᠴᠠ ᠪᠣᠷᠣ ᠰᠢᠷᠭᠠᠯ ᠬᠣᠯᠢᠴᠠᠯᠳᠤᠨ ᠳᠤᠭᠤᠷᠠᠭᠳᠠᠨ ᠭᠢᠯᠪᠠᠭᠠᠲᠠᠨᠠ᠃
ᠤᠲᠤᠭᠠᠨ ᠰᠢᠷᠭ᠎ᠠ
ᠪᠣᠷᠣ ᠰᠢᠷᠭ᠎ᠠ ᠶ᠋ᠢ ᠪᠣᠳᠣᠪᠠᠯ ᠪᠣᠷᠣᠪᠲᠤᠷ᠂ ᠰᠢᠷᠭᠠᠯ ᠨᠢ ᠭᠦᠨ᠎ᠡ ᠰᠢᠭ᠃ ᠶᠠᠭ ᠰᠠᠶᠢ ᠲᠦᠯᠡᠭᠰᠡᠨ ᠠᠷᠭᠠᠯ ᠤ᠋ᠨ ᠭᠠᠯ ᠤ᠋ᠨ ᠤᠲᠤᠭ᠎ᠠ ᠰᠢᠭ᠋ ᠵᠢᠪᠡ ᠲᠡᠢ ᠰᠠᠭᠠᠷᠠᠯ ᠰᠢᠷᠭᠠᠯ ᠥᠩᠭᠡᠲᠡᠢ᠃
ᠬᠤᠯᠤᠰᠤᠨ ᠰᠢᠷᠭ᠎ᠠ
ᠬᠤᠯᠤᠰᠤᠨ ᠤ᠋ ᠥᠩᠭᠡ ᠮᠡᠲᠦ ᠰᠢᠷᠭᠠᠯ᠃
ᠬᠣᠩᠭᠣᠷ ᠰᠢᠷᠭ᠎ᠠ
ᠬᠤᠸᠠ ᠰᠢᠷᠭ᠎ᠠ᠂ ᠴᠠᠭᠠᠨ ᠬᠤᠸᠠ ᠳ᠋ᠤ᠌ ᠣᠢᠷᠠᠯᠴᠠᠭ᠎ᠠ ᠰᠢᠷᠭᠠᠯ᠃
ᠬᠠᠯᠢᠭᠤᠨ ( ᠵᠢᠩᠬᠢᠨᠢ ᠪᠤᠰᠤ ᠳᠠᠩ ᠵᠢᠰᠦᠮ )
ᠡᠬᠢ ᠪᠡᠶ᠎ᠡ ᠨᠢ ᠴᠡᠭᠡᠪᠲᠦᠷ᠂ ᠬᠥᠬᠡᠪᠲᠦᠷ᠂ ᠬᠡᠭᠡᠷᠳᠡᠭᠦᠤ ᠪᠠᠢᠵᠤ᠂ ᠳᠡᠯ ᠰᠡᠭᠦᠯ ᠨᠢ ᠬᠠᠷ᠎ᠠ᠃ ᠵᠠᠷᠢᠮ ᠨᠢ ᠨᠢᠷᠤᠭᠤ ᠪᠠᠷ ᠢ᠋ᠶ᠋ᠠᠨ ᠬᠠᠷ᠎ᠠ ᠰᠤᠳᠠᠯ ᠲᠠᠢ ᠴᠤ᠌ ᠪᠠᠢᠳᠠᠭ᠃
ᠴᠠᠭᠠᠨ ᠬᠠᠯᠢᠭᠤᠨ
ᠡᠬᠢ ᠪᠡᠶ᠎ᠡ ᠨᠢ ᠴᠡᠭᠡᠨ ᠂ ᠳᠡᠯ ᠰᠡᠭᠦᠯ ᠬᠠᠷ᠎ᠠ ᠳᠥᠷᠪᠡᠨ ᠬᠥᠯ ᠦ᠋ᠨ ᠰᠢᠯᠪᠢ ᠰᠠᠭᠠᠭ ᠢ᠋ᠶ᠋ᠠᠷ ᠢ᠋ᠶ᠋ᠠᠨ ᠬᠠᠷ᠎ᠠ᠃
ᠬᠥᠬᠡ ᠬᠠᠯᠢᠭᠤᠨ
ᠡᠬᠢ ᠪᠡᠶ᠎ᠡ ᠨᠢ ᠴᠡᠭᠡᠬᠡᠨ ᠪᠣᠷᠣ᠂ ᠰᠤᠷ ᠨᠢ ᠤᠷᠲᠤ ᠤᠷᠲᠤ ᠬᠠᠷ᠎ᠠ᠂ ᠲᠡᠷᠡᠴᠢᠯᠡᠨ ᠳᠡᠯ ᠰᠡᠭᠦᠯ ᠴᠦ᠍ ᠬᠠᠷ᠎ᠠ᠂ ᠦᠰᠦ ᠰᠤᠷ ᠤ᠋ᠨ ᠦᠵᠦᠭᠦᠷ ᠲᠦ᠍ ᠪᠣᠷᠣ ᠰᠠᠭᠠᠷᠠᠯᠳᠠᠭᠤ ᠳᠤᠭᠤᠷᠠᠭᠳᠠᠪᠠᠴᠤ᠂ ᠡᠬᠢ ᠪᠡᠶ᠎ᠡ ᠶ᠋ᠢᠨ ᠬᠠᠯᠢᠭᠤᠨ ᠥᠩᠭᠡ ᠳ᠋ᠦ᠍ ᠠᠷᠭ᠎ᠠ ᠦᠭᠡᠢ ᠬᠠᠯᠢᠭᠤᠨ ᠮᠡᠳᠡᠭᠳᠡᠨ ᠬᠠᠷᠠᠭᠳᠠᠨ᠎ᠠ᠃
ᠰᠢᠷ᠎ᠠ ᠬᠠᠯᠢᠭᠤᠨ
ᠡᠬᠢ ᠪᠡᠶ᠎ᠡ ᠨᠢ ᠶᠠᠭ ᠰᠢᠷ᠎ᠠ ᠬᠡᠭᠡᠷ ᠮᠣᠷᠢ ᠳ᠋ᠤ᠌ ᠣᠢᠷᠠᠳᠠᠭᠤ ᠴᠤ᠌ ᠲᠡᠭᠦᠨ ᠡᠴᠡ ᠭᠡᠭᠡᠪᠲᠦᠷ᠂ ᠦᠰᠦ ᠰᠤᠷ ᠤ᠋ᠨ ᠳᠤᠮᠳᠠ ᠠ᠋ᠴᠠ ᠬᠠᠯᠢᠭᠤᠨ ᠥᠩᠭᠡ ᠲᠤᠶᠠᠭᠠᠲᠠᠨᠠ᠃ ᠳᠡᠯ ᠰᠡᠭᠦᠯ ᠬᠠᠷ᠎ᠠ᠃
ᠬᠠᠷ᠎ᠠ ᠬᠠᠯᠢᠭᠤᠨ
ᠡᠬᠢ ᠪᠡᠶ᠎ᠡ ᠨᠢ ᠬᠦᠷᠡᠩ ᠰᠠᠭᠠᠷᠠᠯᠲᠠᠭᠤ᠂ ᠰᠤᠷ ᠨᠢ ᠤᠷᠲᠤ ᠤᠷᠲᠤ ᠬᠠᠷ᠎ᠠ ᠪᠣᠯᠬᠣᠷ ᠰᠠᠭᠠᠷᠠᠯᠲᠠᠭᠤ ᠬᠠᠯᠢᠭᠤᠨ ᠲᠤᠶᠠᠭ᠎ᠠ ᠭᠢᠯᠪᠠᠭᠠᠲᠠᠨᠠ᠃ ᠡᠭᠦᠨ ᠢ ᠵᠠᠷᠢᠮ ᠭᠠᠵᠠᠷ ᠪᠠᠰᠠ ᠮᠠᠩᠭᠢᠰᠤᠨ ᠬᠠᠯᠢᠭᠤᠨ ᠴᠤ᠌ ᠭᠡᠳᠡᠭ᠃
ᠤᠷᠤᠭ ᠬᠠᠯᠢᠭᠤᠨ
ᠨᠢᠷᠤᠭᠤᠨ ᠤ᠋ ᠬᠠᠷ᠎ᠠ ᠰᠤᠳᠠᠯ ᠨᠢ ᠥᠷᠭᠡᠪᠲᠦᠷ᠂ ᠳᠥᠷᠪᠡᠨ ᠮᠥᠴᠢ ᠳᠤᠮᠳᠠ ᠠ᠋ᠴᠠ ᠳᠣᠭᠣᠭᠰᠢ ᠬᠥᠨᠳᠡᠯᠡᠨ ᠬᠠᠷ᠎ᠠ ᠡᠷᠢᠶᠡᠨ ᠵᠡᠷᠭᠡ ᠨᠢ ᠤᠷᠤᠭ ᠰᠠᠭᠠᠷᠠᠯ ᠲᠠᠢ ᠠᠳᠠᠯᠢ᠂ ᠭᠠᠭᠴᠠ ᠬᠦ᠌ ᠡᠬᠢ ᠪᠡᠶ᠎ᠡ ᠶ᠋ᠢᠨ ᠦᠰᠦ ᠰᠤᠷ ᠠ᠋ᠴᠠ ᠬᠠᠯᠢᠭᠤᠨ ᠲᠤᠶᠠᠭ᠎ᠠ ᠭᠢᠯᠪᠠᠵᠤ ᠰᠠᠭᠠᠷᠠᠯ ᠪᠢᠰᠢ ᠬᠠᠯᠢᠭᠤᠨ ᠭᠡᠳᠡᠭ ᠢ᠋ᠶ᠋ᠡᠨ ᠮᠡᠳᠡᠭᠳᠡᠨ᠎ᠡ᠃
ᠬᠠᠯᠲᠠᠷ ᠬᠠᠯᠢᠭᠤᠨ
ᠬᠣᠩᠰᠢᠶᠠᠷ ᠬᠣᠰᠢᠭᠤ ᠨᠢ ᠴᠠᠭᠠᠪᠲᠤᠷ ᠬᠠᠯᠢᠭᠤᠨ ᠮᠣᠷᠢ᠃
ᠤᠯᠠᠭᠠᠨ ᠮᠣᠷᠢ ( ᠵᠢᠩᠬᠢᠨᠢ ᠪᠤᠰᠤ ᠳᠠᠩ ᠵᠢᠰᠦᠮ )
ᠦᠰᠦ ᠰᠤᠷ ᠤ᠋ᠨ ᠬᠢᠨᠢ ᠦᠵᠦᠭᠦᠷ ᠲᠦ᠍ ᠦᠯᠦ ᠮᠡᠳᠡᠭ ᠤᠯᠠᠪᠤᠷ ᠲᠤᠶᠠᠭ᠎ᠠ ᠭᠢᠯᠪᠠᠭᠠᠲᠠᠭᠰᠠᠨ ᠴᠠᠭᠠᠨ ᠪᠣᠷᠣ ᠮᠣᠷᠢ᠃
ᠪᠤᠭᠤᠳᠠᠢ ᠤᠯᠠᠭᠠᠨ
ᠡᠬᠢ ᠪᠡᠶ᠎ᠡ ᠴᠡᠭᠡᠬᠡᠨ᠂ ᠳᠡᠭᠡᠷ᠎ᠡ ᠨᠢ ᠲᠣᠪ ᠲᠣᠪ ᠪᠤᠭᠤᠳᠠᠢ ᠰᠠᠭᠤᠭᠰᠠᠨ ᠴᠠᠭᠠᠨ ᠪᠣᠷᠣ᠃
ᠪᠤᠭᠤᠷᠤᠯ ( ᠵᠢᠩᠬᠢᠨᠢ ᠪᠤᠰᠤ ᠳᠠᠪᠬᠤᠷ ᠵᠢᠰᠦᠮ )
ᠤᠤᠯ ᠥᠩᠭᠡᠨ ᠳ᠋ᠦ᠍ᠨᠢ ᠴᠠᠭᠠᠨ ᠦᠰᠦ ᠨᠢᠭᠲᠠ ᠬᠣᠯᠢᠯᠳᠤᠭᠰᠠᠨ᠂ ᠲᠣᠯᠣᠭᠠᠢ ᠳᠥᠷᠪᠡᠨ ᠬᠥᠯ ᠡᠴᠡ ᠪᠤᠰᠤᠳ ᠬᠡᠰᠡᠭ᠂ ᠪᠦᠬᠦ ᠪᠡᠶ᠎ᠡ ᠳᠡᠭᠡᠭᠦᠷᠬᠢ ᠵᠡᠭᠡᠷᠳᠡ᠂ ᠬᠠᠷ᠎ᠠ᠂ ᠬᠡᠭᠡᠷ ᠵᠡᠷᠭᠡ ᠦᠨᠳᠦᠰᠦᠨ ᠥᠩᠭᠡ ᠶ᠋ᠢᠨ ᠦᠰᠦᠨ ᠳᠣᠣᠭᠤᠷ᠂ ᠴᠠᠭᠠᠨ ᠦᠰᠦ ᠨᠢᠭᠲᠠ ᠵᠢᠭᠳᠡᠬᠡᠨ ᠲᠠᠷᠬᠠᠵᠤ ᠤᠷᠭᠤᠭᠰᠠᠨ᠃
ᠬᠠᠷ᠎ᠠ ᠪᠤᠭᠤᠷᠤᠯ
ᠬᠠᠷ᠎ᠠ ᠦᠰᠦ ᠭᠣᠣᠯᠯᠠᠵᠤ ᠂ ᠳᠡᠭᠡᠭᠦᠷ ᠨᠢ ᠴᠠᠭᠠᠨ ᠦᠰᠦ ᠰᠤᠷ ᠰᠢᠩᠭᠡᠪᠲᠦᠷ ᠲᠠᠷᠬᠠᠭᠰᠠᠨ᠃
ᠬᠥᠬᠡ ᠪᠤᠭᠤᠷᠤᠯ
ᠡᠬᠢ ᠪᠡᠶ᠎ᠡ ᠳ᠋ᠦ᠍ᠨᠢ ᠴᠡᠭᠡᠪᠲᠦᠷ ᠪᠣᠷᠣ ᠦᠰᠦ ᠭᠤᠤᠯᠠᠯᠵᠤ᠂ ᠪᠣᠷᠣ ᠤᠭ ᠲᠠᠢ ᠬᠠᠷ᠎ᠠ ᠦᠵᠦᠭᠦᠷ ᠲᠡᠢ ᠰᠤᠷ ᠲᠠᠷᠬᠠᠭᠰᠠᠨ᠃
ᠬᠦᠷᠡᠩ ᠪᠤᠭᠤᠷᠤᠯ
ᠡᠬᠢ ᠪᠡᠶ᠎ᠡ ᠳ᠋ᠦ᠍ᠨᠢ ᠬᠦᠷᠡᠩ ᠭᠣᠣᠯᠯᠠᠵᠤ ᠴᠠᠭᠠᠨ ᠦᠰᠦ ᠰᠤᠷ ᠰᠢᠩᠭᠡᠨ ᠲᠠᠷᠬᠠᠭᠰᠠᠨ᠃
ᠶᠠᠭᠠᠨ ᠪᠤᠭᠤᠷᠤᠯ
ᠵᠡᠭᠡᠷᠳᠡ ᠦᠰᠦ ᠡᠬᠢ ᠪᠡᠶ᠎ᠡ ᠳ᠋ᠦ᠍ ᠭᠤᠤᠯᠠᠯᠵᠤ᠂ ᠴᠠᠭᠠᠨ ᠦᠰᠦ ᠰᠤᠷ ᠰᠢᠩᠭᠡᠪᠲᠦᠷ ᠲᠠᠷᠬᠠᠭᠰᠠᠨ᠃
ᠴᠣᠬᠣᠷ ( ᠳᠠᠪᠬᠤᠷ ᠵᠢᠰᠦᠮ )
ᠡᠬᠢ ᠪᠡᠶ᠎ᠡ ᠶ᠋ᠢᠨ ᠦᠨᠳᠦᠰᠦᠨ ᠥᠩᠭᠡᠨ ᠳᠡᠭᠡᠭᠦᠷ ᠵᠢᠵᠢᠭᠬᠡᠨ ( ᠬᠠᠷ᠎ᠠ᠂ ᠬᠡᠭᠡᠷ᠂ ᠵᠡᠭᠡᠷᠳᠡ᠂ ᠴᠠᠭᠠᠨ ) ᠲᠣᠯᠪᠣ ᠨᠤᠭᠤᠳ ᠲᠠᠷᠬᠠᠭᠰᠠᠨ᠃
ᠬᠠᠷ᠎ᠠ ᠴᠣᠬᠣᠷ
ᠬᠠᠷ᠎ᠠ ᠳᠡᠭᠡᠷ᠎ᠡ ᠴᠠᠭᠠᠨ ᠲᠣᠯᠪᠣ ᠨᠤᠭᠤᠳ ᠲᠠᠢ᠃
ᠬᠦᠷᠡᠩ ᠴᠣᠬᠣᠷ
ᠬᠦᠷᠡᠩ ᠳᠡᠭᠡᠷ᠎ᠡ ᠴᠠᠭᠠᠨ ᠲᠣᠯᠪᠣ ᠨᠤᠭᠤᠳ ᠲᠠᠢ᠃
ᠰᠢᠷ᠎ᠠ ᠴᠣᠬᠣᠷ
ᠴᠠᠭᠠᠨ ᠳᠡᠭᠡᠷ᠎ᠡ ᠵᠡᠭᠡᠷᠳᠡ ( ᠶᠡᠬᠡ) ᠲᠣᠯᠪᠣ ᠨᠤᠭᠤᠳ ᠲᠠᠢ᠃
ᠴᠠᠭᠠᠨ ᠴᠣᠬᠣᠷ
ᠴᠠᠭᠠᠨ ᠳᠡᠭᠡᠭᠦᠷ ᠬᠠᠷ᠎ᠠ᠂ ᠵᠡᠭᠡᠷᠳᠡ᠂ ᠬᠡᠭᠡᠷ ᠲᠣᠯᠪᠣ ᠨᠤᠭᠤᠳ ᠲᠠᠢ᠃
ᠪᠣᠷᠣ ᠴᠣᠬᠣᠷ
ᠪᠣᠷᠣ ᠳᠡᠭᠡᠷ᠎ᠡ ᠴᠠᠭᠠᠨ ᠲᠣᠯᠪᠣ ᠨᠤᠭᠤᠳ ᠲᠠᠢ᠃
ᠬᠤᠸᠠ ᠴᠣᠬᠣᠷ
ᠬᠣᠩᠭᠣᠷ ᠳᠡᠭᠡᠭᠦᠷ ᠴᠠᠭᠠᠨ ᠲᠣᠯᠪᠣᠲᠠᠢ᠃
ᠪᠤᠭᠤᠷᠤᠯ ᠴᠣᠬᠣᠷ
ᠠᠯᠢᠪᠠ ᠪᠤᠭᠤᠷᠤᠯ ᠳᠡᠭᠡᠭᠦᠷ ᠴᠠᠭᠠᠨ ᠲᠣᠯᠪᠣᠲᠠᠢ᠃
ᠬᠠᠯᠢᠭᠤᠨ ᠴᠣᠬᠣᠷ
ᠠᠯᠢᠪᠠ ᠬᠠᠯᠢᠭᠤᠨ ᠳᠡᠭᠡᠷ᠎ᠡ ᠴᠠᠭᠠᠨ ᠲᠣᠯᠪᠣᠲᠠᠢ᠃ ᠴᠣᠬᠣᠷ ᠲᠤ᠌ ᠪᠠᠰᠠ ᠪᠦᠬᠦ ᠪᠡᠶ᠎ᠡ ᠴᠣᠬᠣᠷ᠂ ᠬᠣᠨᠳᠣᠯᠠᠢ ᠴᠣᠬᠣᠷ ᠭᠡᠵᠦ ᠪᠣᠢ᠃
ᠬᠠᠷ᠎ᠠ ( ᠵᠢᠩᠬᠢᠨᠢ ᠳᠠᠩ ᠵᠢᠰᠦᠮ )
ᠮᠠᠰᠢ ᠪᠠᠷᠠᠭᠠᠨ᠂ ᠡᠬᠢ ᠪᠡᠶ᠎ᠡ ᠳᠡᠯ᠂ ᠰᠡᠭᠦᠯ ᠪᠦᠷ ᠬᠠᠷ᠎ᠠ ᠥᠩᠭᠡᠲᠡᠢ᠃ ᠠᠩᠬ᠎ᠠ ᠲᠥᠷᠥᠬᠦ ᠳ᠋ᠡᠭᠡᠨ ᠪᠣᠷᠣ ᠰᠠᠭᠠᠷᠠᠯ ᠵᠢᠰᠦᠮ ᠲᠡᠢ᠃
ᠥᠭᠡᠳᠡᠩ ᠬᠠᠷ᠎ᠠ
ᠬᠠᠷ᠎ᠠ ᠥᠭᠡᠳᠡᠩ ᠮᠡᠲᠦ ᠭᠥᠯᠢᠭᠡᠨᠡᠭᠰᠡᠨ ᠵᠢᠰᠦᠮ᠃
ᠬᠢᠯᠢᠩ ᠬᠠᠷ᠎ᠠ
ᠥᠭᠡᠳᠡᠩ ᠬᠠᠷ᠎ᠠ᠃
ᠭᠠᠩᠭᠠᠩ ᠬᠠᠷ᠎ᠠ
ᠮᠠᠰᠢ ᠰᠠᠢᠬᠠᠨ ᠪᠡᠶ᠎ᠡ ᠰᠢᠨᠵᠢᠲᠡᠢ ᠬᠠᠷ᠎ᠠ᠃
ᠤᠰᠤᠨ ᠬᠠᠷ᠎ᠠ
ᠤᠰᠤ ᠮᠡᠲᠦ ᠬᠦᠯᠲᠦᠭᠡᠨᠡᠭᠰᠡᠨ ᠬᠠᠷ᠎ᠠ᠃
ᠬᠦᠷᠡᠩ ᠬᠠᠷ᠎ᠠ
ᠬᠠᠷ᠎ᠠ ᠮᠣᠷᠢᠨ ᠤ᠋ ᠦᠰᠦ ᠰᠤᠷ ᠤ᠋ᠨ ᠦᠵᠦᠭᠦᠷ ᠢ᠋ᠶ᠋ᠡᠷ ᠦᠯᠦ ᠮᠡᠳᠡᠭᠳᠡᠮ᠎ᠡ ᠤᠯᠠᠪᠤᠷᠲᠠᠭᠤ ᠪᠤᠶᠤ ᠰᠢᠷᠠᠯᠠᠭᠰᠠᠨ ᠭᠢᠯᠪᠠᠭ᠎ᠠ ᠲᠤᠶᠠᠭᠠᠷᠠᠬᠤ ᠶ᠋ᠢ ᠬᠦᠷᠡᠩ ᠬᠠᠷ᠎ᠠ ᠭᠡᠨ᠎ᠡ᠃
ᠨᠣᠭᠣᠭᠠᠨ ᠮᠣᠷᠢ
ᠡᠳ᠋ᠯᠡᠭᠡ ᠬᠡᠲᠦᠷᠡᠵᠦ ᠰᠣᠢᠯᠭ᠎ᠠ ᠠᠯᠠᠳᠠᠭᠰᠠᠨ ᠠ᠋ᠴᠠ ᠪᠣᠯᠵᠤ ᠰᠢᠷᠠᠯᠠᠭᠰᠠᠨ ᠬᠠᠷ᠎ᠠ ᠮᠣᠷᠢᠨ ᠤ᠋ ᠦᠰᠦ ᠰᠤᠷ ᠤ᠋ᠨ ᠳᠤᠮᠳᠠ ᠨᠣᠭᠣᠭᠠᠨ ᠲᠤᠶᠠᠭ᠎ᠠ ᠭᠢᠯᠪᠠᠭᠠᠲᠠᠳᠠᠭ᠃ ᠡᠭᠦᠨ ᠡᠴᠡ ᠪᠣᠯᠵᠤ ᠨᠣᠭᠣᠭᠠᠨ ᠮᠣᠷᠢ ᠭᠡᠳᠡᠭ᠃ ᠲᠥᠷᠥᠯᠬᠢ ᠡᠢᠮᠦ ᠲᠤᠶᠠᠭᠠᠲᠠᠢ ᠮᠣᠷᠢ ᠪᠣᠢ ᠭᠡᠵᠦ ᠴᠦ᠍ ᠬᠡᠯᠡᠯᠴᠡᠳᠡᠭ᠃ ᠭᠡᠶ᠎ᠡ 《 ᠣᠨᠴᠠ ᠪᠠᠢᠳᠠᠯ 》 ᠪᠠᠢᠬ᠎ᠠ᠃ ᠬᠠᠷᠢᠨ ᠭᠠᠭᠴᠠ ᠬᠦ᠌ ᠬᠠᠷ᠎ᠠ ᠵᠢᠰᠦᠮ ᠳᠡᠭᠡᠷ᠎ᠡ ᠯᠡ ᠰᠠᠶᠢ ᠨᠣᠭᠣᠭᠠᠨ ᠵᠢᠰᠦᠮ ᠢ᠋ ᠶᠠᠷᠢᠳᠠᠭ᠃ ᠭᠣᠣᠯᠳᠠᠭᠤ ᠰᠢᠯᠢ ᠶ᠋ᠢᠨ ᠭᠣᠣᠯ ᠳ᠋ᠤ᠌ ᠯᠠ ᠶᠡᠬᠡ ᠶᠠᠷᠢᠳᠠᠭ᠃
ᠬᠡᠭᠡᠷ ( ᠵᠢᠩᠬᠢᠨᠢ ᠪᠤᠰᠤ ᠳᠠᠩ ᠵᠢᠰᠦᠮ ) ᠬᠦᠷᠡᠩ ᠡᠴᠡ ᠪᠠᠬᠠᠨ ᠤᠯᠠᠭᠠᠪᠲᠤᠷ᠂ ᠳᠡᠯ ᠰᠡᠭᠦᠯ ᠬᠠᠷ᠎ᠠ᠂ ᠡᠬᠢ ᠪᠡᠶ᠎ᠡ ᠲᠣᠯᠣᠭᠠᠢ ᠨᠢ ᠶᠠᠩᠵᠤ ᠪᠦᠷᠢ ᠶ᠋ᠢᠨ ᠲᠤᠶᠠᠭ᠎ᠠ ᠪᠦᠬᠦᠢ ᠤᠯᠠᠭᠠᠨ ᠥᠩᠭᠡᠲᠡᠢ᠂ ᠬᠠᠭᠳᠠ ᠦᠶ᠎ᠡ᠂ ᠪᠣᠷᠪᠢ ᠠ᠋ᠴᠠ ᠳᠣᠭᠣᠭᠰᠢ ᠬᠠᠷ᠎ᠠ ᠪᠠᠢᠳᠠᠭ᠃
ᠬᠠᠷ᠎ᠠ ᠬᠡᠭᠡᠷ
ᠬᠡᠭᠡᠷᠯᠢᠭ ᠥᠩᠭᠡ ᠨᠢ ᠭᠦᠨ᠎ᠡ ᠬᠠᠷᠠᠪᠲᠤᠷ᠃
ᠤᠯᠠᠭᠠᠨ ᠭᠡᠷ
ᠬᠡᠭᠡᠷᠯᠢᠭ ᠥᠩᠭᠡ ᠶ᠋ᠢᠨ ᠦᠰᠦ ᠰᠤᠷ ᠤ᠋ᠨ ᠦᠵᠦᠭᠦᠷ ᠲᠦ᠍ ᠨᠡᠯᠢᠶᠡᠳ ᠤᠯᠠᠭᠠᠬᠠᠨ ᠲᠤᠶᠠᠭ᠎ᠠ ᠭᠢᠯᠪᠠᠳᠠᠭ᠃
ᠰᠢᠷ᠎ᠠ ᠬᠡᠭᠡᠷ
ᠰᠤᠭᠤ᠂ ᠴᠠᠪᠢ᠂ ᠭᠡᠳᠡᠰᠦ᠂ ᠡᠩᠭᠡᠯᠵᠡᠭᠦᠷ ᠢ᠋ᠶ᠋ᠡᠷ ᠢ᠋ᠶ᠋ᠡᠨ ᠰᠢᠷᠠᠪᠲᠤᠷ ᠦᠰᠦ ᠪᠦᠬᠦᠢ ᠬᠡᠭᠡᠷ᠃
ᠬᠠᠯᠲᠠᠷ ᠬᠡᠭᠡᠷ
ᠭᠣᠣᠯᠳᠠᠭᠤ ᠠᠮᠠ ᠬᠣᠰᠢᠭᠤ ᠴᠠᠭᠠᠨ᠂ ᠲᠡᠷᠡᠴᠢᠯᠡᠨ ᠡᠩᠭᠡᠯᠵᠡᠭᠦᠷ᠂ ᠴᠠᠪᠢ ᠰᠤᠭᠤ ᠪᠠᠷ ᠢ᠋ᠶ᠋ᠠᠨ ᠴᠠᠭᠠᠪᠲᠤᠷ ᠦᠰᠦᠲᠡᠢ ᠴᠦ᠍ ᠪᠠᠢᠵᠤ ᠮᠡᠳᠡᠬᠦ ᠬᠡᠭᠡᠷ᠃
ᠪᠣᠷᠣ ᠬᠡᠭᠡᠷ
ᠬᠡᠭᠡᠷᠯᠢᠭ ᠦᠰᠦ ᠰᠤᠷ ᠤ᠋ᠨ ᠦᠵᠦᠭᠦᠷ ᠲᠦ᠋ᠨᠢ ᠤᠯᠠᠪᠤᠷ᠂ ᠪᠣᠷᠣ ᠬᠣᠶᠠᠷ ᠥᠩᠭᠡ ᠳᠤᠭᠤᠷᠠᠭᠳᠠᠨ ᠬᠥᠭᠡᠪᠦᠷ ᠲᠤᠶᠠᠭ᠎ᠠ ᠭᠢᠯᠪᠠᠭᠠᠲᠠᠳᠠᠭ᠃
ᠪᠤᠭᠤᠷᠤᠯ ᠬᠡᠭᠡᠷ
ᠬᠡᠭᠡᠷᠯᠢᠭ ᠪᠡᠶ᠎ᠡ ᠳᠡᠭᠡᠭᠦᠷ ᠮᠠᠰᠢ ᠰᠢᠩᠭᠡᠪᠲᠦᠷ ᠴᠠᠭᠠᠨ ᠦᠰᠦ ᠰᠤᠷ ᠬᠠᠷᠠᠭᠳᠠᠬᠤ ᠶ᠋ᠢ ᠬᠡᠯᠡᠨ᠎ᠡ᠃
ᠬᠠᠯᠲᠠᠷ ( ᠵᠢᠩᠬᠢᠨᠢ ᠪᠤᠰᠤ ᠳᠠᠩ ᠵᠢᠰᠦᠮ )
ᠡᠬᠢ ᠪᠡᠶ᠎ᠡ ᠨᠢ ᠬᠡᠭᠡᠷ ᠂ ᠭᠣᠣᠯᠳᠠᠭᠤ ᠬᠣᠰᠢᠭᠤ ᠠᠮᠠ ᠨᠢ ᠴᠠᠭᠠᠨ᠂ ᠴᠢᠨᠠᠭᠰᠢᠯᠠᠪᠠᠯ ᠵᠠᠷᠢᠮ ᠨᠢ ᠰᠤᠭᠤ ᠴᠠᠪᠢ ᠡᠩᠭᠡᠯᠵᠡᠭᠦᠷ ᠢ᠋ᠶ᠋ᠡᠷ ᠢ᠋ᠶ᠋ᠡᠨ ᠴᠠᠢᠪᠤᠷᠳᠠᠭᠤ᠂ ᠳᠡᠯ ᠰᠡᠭᠦᠯ ᠨᠢ ᠬᠠᠷ᠎ᠠ᠃
ᠬᠠᠷ᠎ᠠ ᠬᠠᠯᠲᠠᠷ
ᠬᠠᠷ᠎ᠠ ᠮᠣᠷᠢᠨ ᠤ᠋ ᠬᠣᠰᠢᠭᠤ ᠴᠠᠭᠠᠨ᠂ ᠵᠠᠷᠢᠮ ᠤ᠋ᠨ ᠬᠢᠨᠢ ᠰᠤᠭᠤ ᠴᠠᠪᠢ ᠪᠠᠷ ᠴᠠᠢᠪᠤᠷᠳᠠᠭᠤ ᠴᠠᠭᠠᠨ᠃
ᠬᠡᠭᠡᠷ ᠬᠠᠯᠲᠠᠷ
ᠬᠡᠭᠡᠷ ᠠᠳᠤᠭᠤᠨ ᠤ᠋ ᠬᠣᠰᠢᠭᠤ ᠨᠢ ᠴᠠᠭᠠᠨ ᠪᠤᠶᠤ ᠰᠤᠭᠤ ᠴᠠᠪᠢ ᠨᠢ ᠴᠠᠢᠪᠤᠷᠳᠠᠭᠤ᠃
ᠰᠢᠷ᠎ᠠ ᠬᠠᠯᠲᠠᠷ
ᠰᠢᠷ᠎ᠠ ᠬᠡᠭᠡᠷ ᠮᠣᠷᠢᠨ ᠤ᠋ ᠬᠣᠰᠢᠭᠤ ᠪᠤᠶᠤ ᠰᠤᠭᠤ ᠴᠠᠪᠢ ᠨᠢ ᠴᠠᠢᠪᠤᠷᠳᠠᠭᠤ᠃
ᠬᠦᠷᠡᠩ ᠬᠠᠯᠲᠠᠷ
ᠬᠦᠷᠡᠩ ᠮᠣᠷᠢᠨ ᠤ᠋ ᠬᠣᠰᠢᠭᠤ ᠪᠤᠶᠤ ᠰᠤᠭᠤ ᠴᠠᠪᠢ ᠪᠠᠷ ᠴᠠᠢᠪᠤᠷᠳᠠᠭᠤ᠃
ᠬᠠᠯᠢᠭᠤᠨ ᠬᠠᠯᠲᠠᠷ
ᠬᠠᠯᠢᠭᠤᠨ ᠮᠣᠷᠢᠨ ᠤ᠋ ᠬᠣᠰᠢᠭᠤ ᠪᠤᠶᠤ ᠰᠤᠭᠤ ᠴᠠᠪᠢ ᠪᠠᠷ ᠴᠠᠢᠪᠤᠷᠳᠠᠭᠤ᠃
ᠬᠠᠯᠲᠠᠷ ᠬᠤᠸᠠ
ᠴᠠᠭᠠᠨ ᠬᠣᠰᠢᠭᠤᠲᠠᠢ ᠬᠤᠸᠠ ᠠᠳᠤᠭᠤ᠃
ᠬᠣᠯᠠ ᠬᠠᠯᠲᠠᠷ
ᠬᠣᠰᠢᠭᠤ ᠴᠠᠭᠠᠨ ᠬᠣᠯᠠ ᠠᠳᠤᠭᠤ᠃
ᠬᠠᠯᠲᠠᠷ ᠴᠠᠪᠢᠳᠠᠷ
ᠠᠮᠠ ᠴᠠᠭᠠᠨ ᠴᠠᠪᠢᠳᠠᠷ ᠮᠣᠷᠢ᠃
ᠪᠣᠷᠣ ᠬᠠᠯᠲᠠᠷ
ᠪᠣᠷᠣ ᠮᠣᠷᠢᠨ ᠤ᠋ ᠬᠣᠰᠢᠭᠤ ᠰᠤᠭᠤ ᠪᠠᠷ ᠴᠠᠢᠪᠤᠷᠳᠠᠭᠤ᠃
ᠪᠤᠭᠤᠷᠤᠯ ᠬᠠᠯᠲᠠᠷ
ᠴᠠᠭᠠᠨ ᠠᠮᠠ ᠲᠠᠢ ᠪᠤᠭᠤᠷᠤᠯ ᠮᠣᠷᠢ᠃
ᠬᠦᠷᠡᠩ ( ᠵᠢᠩᠬᠢᠨᠢ ᠪᠤᠰᠤ ᠳᠠᠩ ᠵᠢᠰᠦᠮ )
ᠵᠡᠭᠡᠷᠳᠡ ᠥᠩᠭᠡ ᠨᠢ ᠨᠡᠯᠢᠶᠡᠳ ᠭᠦᠨ᠎ᠡ ᠬᠠᠷᠠᠪᠲᠤᠷᠬᠠᠨ ᠤᠯᠠᠭᠠᠨ᠃
ᠬᠠᠷ᠎ᠠ ᠬᠦᠷᠡᠩ
ᠬᠦᠷᠡᠩ ᠥᠩᠭᠡ ᠨᠢ ᠪᠦᠷ ᠭᠦᠨ᠎ᠡ ᠪᠣᠯᠵᠤ ᠬᠠᠷ᠎ᠠ ᠳ᠋ᠤ᠌ ᠣᠢᠷᠠᠲᠤᠨ ᠵᠠᠪᠳᠤᠭᠰᠠᠨ ᠴᠤ᠌ ᠦᠰᠦ ᠰᠤᠷ ᠬᠣᠶᠠᠷ ᠤ᠋ᠨ ᠳᠣᠲᠣᠷ᠎ᠠ ᠠ᠋ᠴᠠ ᠤᠯᠠᠪᠤᠷ ᠬᠦᠷᠡᠩᠳᠡᠭᠦᠦ ᠲᠤᠶᠠᠭ᠎ᠠ ᠭᠢᠯᠪᠠᠭᠠᠲᠠᠳᠠᠭ᠃
ᠲᠣᠰᠣᠨ ᠬᠦᠷᠡᠩ
ᠮᠠᠭᠠᠵᠢᠨ ᠲᠣᠰᠣᠨ ᠤ᠋ ᠥᠩᠭᠡᠲᠡᠢ ᠬᠦᠷᠡᠩ᠃
ᠽᠠᠨᠳᠠᠨ ᠬᠦᠷᠡᠩ
ᠽᠠᠨᠳᠠᠨ ᠮᠣᠳᠣ ᠮᠡᠲᠦ ᠥᠩᠭᠡᠲᠡᠢ ᠬᠦᠷᠡᠩ᠃
ᠤᠯᠠᠭᠠᠨ ᠬᠦᠷᠡᠩ
ᠠᠷᠠᠢ ᠵᠡᠭᠡᠷᠳᠡ ᠪᠣᠯᠤᠭ᠎ᠠ ᠦᠭᠡᠢ ᠬᠦᠷᠡᠩ᠃
ᠵᠠᠭᠠᠯ ᠬᠦᠷᠡᠩ
ᠰᠡᠷᠪᠡᠭᠡ ᠡᠴᠡ ᠳᠣᠭᠣᠭᠰᠢ ᠳᠠᠯᠤ ᠳᠠᠭᠠᠤ ᠬᠠᠷ᠎ᠠ ᠪᠢᠳᠠᠷᠲᠠᠢ ᠬᠦᠷᠡᠩ᠃ ᠪᠠᠰᠠ ᠪᠠᠩᠼᠠᠲᠠᠢ ᠬᠦᠷᠡᠩ ᠭᠡᠨ᠎ᠡ᠃
ᠴᠠᠪᠢᠳᠠᠷ ᠬᠦᠷᠡᠩ
ᠬᠦᠷᠡᠩ ᠮᠣᠷᠢᠨ ᠤ᠋ ᠳᠡᠯ ᠰᠡᠭᠦᠯ ᠨᠢ ᠴᠡᠭᠡᠪᠲᠦᠷ᠃
ᠵᠡᠭᠡᠷᠳᠡ ( ᠵᠢᠩᠬᠢᠨᠢ ᠳᠠᠩ ᠵᠢᠰᠦᠮ )
ᠡᠬᠢ ᠪᠡᠶ᠎ᠡ᠂ ᠳᠡᠯ ᠰᠡᠭᠦᠯ ᠨᠢ ᠨᠢᠭᠡᠨ ᠵᠢᠭᠳᠡ ᠰᠢᠩᠭᠡᠨ ᠤᠯᠠᠭᠠᠪᠲᠤᠷ ᠥᠩᠭᠡᠲᠡᠢ ᠪᠤᠶᠤ ᠪᠠᠭ᠎ᠠ ᠵᠡᠷᠭᠡ ᠴᠠᠢᠪᠤᠷ ᠰᠢᠷᠠᠪᠲᠤᠷ ᠥᠩᠭᠡᠲᠡᠢ᠃ ᠥᠩᠭᠡ ᠤᠯᠠᠭᠠᠨ ᠪᠥᠭᠡᠲᠡᠯ᠎ᠡ ᠬᠣᠯᠠ ᠠ᠋ᠴᠠ ᠬᠠᠷᠠᠬᠤ ᠳ᠋ᠤ᠌ ᠪᠠᠷᠠᠭᠠᠨ ᠮᠡᠲᠦ ᠬᠠᠷᠠᠭᠳᠠᠨ᠎ᠠ᠃
ᠤᠯᠠᠭᠠᠨ ᠵᠡᠭᠡᠷᠳᠡ
ᠭᠠᠯ ᠵᠡᠭᠡᠷᠳᠡ᠂ ᠵᠡᠭᠡᠷᠳᠡ ᠥᠩᠭᠡ ᠨᠢ ᠭᠦᠨ᠎ᠡ ᠰᠢᠤᠬᠠᠨ ᠬᠤᠷᠴᠠ ᠤᠯᠠᠭᠠᠨ᠃
ᠶᠠᠭᠠᠨ ᠵᠡᠭᠡᠷᠳᠡ
ᠵᠡᠭᠡᠷᠳᠡ ᠥᠩᠭᠡ ᠨᠢ ᠭᠦᠶᠦᠪᠳᠦᠷ ᠤᠯᠠᠭᠠᠨ᠂ ᠦᠰᠦ ᠰᠤᠷ ᠤ᠋ᠨ ᠳᠤᠮᠳᠠ ᠴᠠᠢᠪᠤᠷᠳᠠᠭᠤ ᠤᠯᠠᠭᠠᠨ ᠲᠤᠶᠠᠭᠠᠲᠠᠢ᠃
ᠬᠦᠷᠡᠩ ᠵᠡᠭᠡᠷᠳᠡ
ᠬᠦᠷᠡᠩ ᠳ᠋ᠦ᠍ ᠣᠢᠷᠠᠳᠠᠭᠤ ᠵᠡᠭᠡᠷᠳᠡ᠂ ᠵᠡᠭᠡᠷᠳᠡ ᠥᠩᠭᠡ ᠨᠢ ᠨᠡᠯᠢᠶᠡᠳ ᠭᠦᠨ᠎ᠡ ᠪᠣᠯᠤᠭᠰᠠᠨ ᠴᠤ᠌ ᠠᠷᠠᠢ ᠬᠦᠷᠡᠩ ᠪᠣᠯᠤᠭ᠎ᠠ ᠦᠭᠡᠢ ᠬᠡᠮᠵᠢᠶᠡᠨ ᠦ᠌ ᠵᠡᠭᠡᠷᠳᠡ᠃
ᠬᠤᠸᠠ ᠵᠡᠭᠡᠷᠳᠡ
ᠨᠡᠯᠢᠶᠡᠳ ᠴᠠᠢᠪᠤᠷᠳᠠᠭᠤ ᠵᠡᠭᠡᠷᠳᠡ᠃
ᠴᠠᠪᠢᠳᠠᠷ ᠵᠡᠭᠡᠷᠳᠡ
ᠡᠬᠢ ᠪᠡᠶ᠎ᠡ ᠵᠡᠭᠡᠷᠳᠡ᠃ ᠳᠡᠯ ᠰᠡᠭᠦᠯ ᠨᠢ ᠪᠣᠷᠣᠪᠲᠤᠷ ᠪᠤᠶᠤ ᠴᠠᠢᠪᠤᠷ᠃
ᠬᠣᠩᠭᠣᠷ ᠵᠡᠭᠡᠷᠳᠡ
ᠬᠤᠸᠠ ᠵᠡᠭᠡᠷᠳᠡ᠃
ᠴᠠᠪᠢᠳᠠᠷ ( ᠵᠢᠩᠬᠢᠨᠢ ᠪᠤᠰᠤ ᠳᠠᠩ ᠵᠢᠰᠦᠮ )
ᠡᠬᠢ ᠪᠡᠶ᠎ᠡ ᠵᠡᠭᠡᠷᠳᠡ᠂ ᠳᠡᠯ ᠰᠡᠭᠦᠯ ᠪᠣᠷᠣᠪᠲᠤᠷ ᠪᠤᠶᠤ ᠴᠠᠢᠪᠤᠷ᠂ ᠰᠤᠭᠤ ᠴᠠᠪᠢ ᠪᠠᠷ ᠢ᠋ᠶ᠋ᠠᠨ ᠴᠠᠭᠠᠪᠲᠤᠷᠬᠠᠨ᠃
ᠴᠠᠪᠢᠳᠠᠷ ᠵᠡᠭᠡᠷᠳᠡ
ᠡᠬᠢ ᠪᠡᠶ᠎ᠡ ᠵᠡᠭᠡᠷᠳᠡ᠂ ᠳᠡᠯ ᠰᠡᠭᠦᠯ ᠪᠣᠷᠣᠪᠲᠤᠷ ᠪᠤᠶᠤ ᠴᠠᠢᠪᠤᠷ᠂ ᠰᠤᠭᠤ ᠴᠠᠪᠢ ᠪᠠᠷ ᠴᠠᠭᠠᠪᠲᠤᠷᠬᠠᠨ᠃
ᠴᠠᠪᠢᠳᠠᠷ ᠬᠦᠷᠡᠩ
ᠡᠬᠢ ᠪᠡᠶ᠎ᠡ ᠨᠢ ᠬᠦᠷᠡᠩ᠂ ᠳᠡᠯ ᠰᠡᠭᠦᠯ ᠨᠢ ᠪᠣᠷᠣᠪᠲᠤᠷ ᠪᠤᠶᠤ ᠴᠠᠢᠪᠤᠷ᠃
ᠬᠢᠯᠮᠠᠩ ( ᠵᠢᠩᠬᠢᠨᠢ ᠳᠠᠩ ᠵᠢᠰᠦᠮ )
ᠴᠣᠯ ᠴᠠᠭᠠᠨ ᠪᠥᠭᠡᠳ ᠨᠢᠳᠦ ᠤᠯᠠᠭᠠᠨ᠂ ᠴᠠᠪᠢ ᠰᠤᠭᠤ ᠶᠠᠭᠠᠨ᠂ ᠨᠠᠷᠠᠨ ᠳ᠋ᠤ᠌ ᠨᠢᠳᠦ ᠨᠢ ᠬᠢᠯᠪᠢᠭᠡᠳ ᠶᠠᠭᠤᠮ᠎ᠠ ᠦᠵᠡᠬᠦ ᠨᠢ ᠮᠠᠭᠤ᠂ ᠭᠡᠪᠡᠴᠦ ᠰᠥᠨᠢ ᠰᠠᠢᠨ ᠦᠵᠡᠳᠡᠭ᠃ ᠪᠠᠰᠠ ᠴᠢᠯᠪᠠᠩ ᠭᠡᠵᠦ ᠬᠡᠯᠡᠳᠡᠭ ᠭᠠᠵᠠᠷ ᠪᠣᠢ᠃
ᠴᠠᠬᠢᠷ ᠨᠢᠳᠦᠲᠦ
ᠨᠢᠳᠦᠨ ᠴᠡᠴᠡᠭᠡᠢ ᠨᠢ ᠴᠠᠭᠠᠨ ᠪᠤᠶᠤ ᠴᠡᠴᠡᠭᠡᠢ ᠳ᠋ᠦ᠍ᠨᠢ ᠴᠠᠭᠠᠨ ᠴᠠᠭᠠᠷᠢᠭ ᠮᠡᠲᠦ ᠡᠭᠦᠯᠡ ᠰᠠᠭᠤᠭᠰᠠᠨ᠃
ᠠᠯᠠᠭ
ᠵᠢᠩᠬᠢᠨᠢ ᠳᠠᠪᠬᠤᠷ ᠵᠢᠰᠦᠮ᠃
ᠰᠢᠯᠢ ᠠᠯᠠᠭ
ᠬᠦᠵᠦᠭᠦᠦ ᠳᠡᠯ ᠢ ᠨᠥᠮᠥᠷᠴᠦ ᠬᠠᠪᠴᠢᠭᠠᠳ ᠬᠡᠰᠡᠭ ᠴᠠᠭᠠᠨᠲᠠᠢ᠃
ᠳᠠᠯᠤ ᠠᠯᠠᠭ
ᠲᠠᠯᠤᠨ ᠬᠠᠪᠲᠠᠭᠠᠢ ᠳᠡᠭᠡᠷ᠎ᠡ ᠪᠡᠨ ᠬᠡᠰᠡᠭ ᠴᠠᠭᠠᠨᠲᠠᠢ᠃
ᠰᠡᠷᠪᠡᠭᠡ ᠠᠯᠠᠭ
ᠲᠠᠯᠤᠨ ᠤ᠋ ᠳᠡᠭᠡᠷ᠎ᠡ ᠪᠠᠢᠭ᠎ᠠ ᠰᠡᠷᠪᠡᠭᠡᠨ ᠳ᠋ᠦ᠍ ᠬᠡᠰᠡᠭ ᠴᠠᠭᠠᠨᠲᠠᠢ᠃
ᠴᠡᠭᠡᠵᠢ ᠠᠯᠠᠭ
ᠴᠡᠭᠡᠵᠢᠨ ᠪᠡᠶ᠎ᠡ ᠳ᠋ᠡᠭᠡᠨ ᠬᠡᠰᠡᠭ ᠴᠠᠭᠠᠨᠲᠠᠢ᠃
ᠲᠣᠬᠣᠮ ᠠᠯᠠᠭ
ᠲᠣᠬᠣᠮ ᠲᠠᠯᠪᠢᠳᠠᠭ ᠨᠢᠷᠤᠭᠤᠨ ᠳ᠋ᠠᠭᠠᠨ ᠬᠡᠰᠡᠭ ᠴᠠᠭᠠᠨᠲᠠᠢ᠃
ᠪᠦᠰᠡᠯᠡᠭᠦᠷ ᠠᠯᠠᠭ
ᠵᠣ᠌ ᠨᠢᠷᠤᠭᠤ ᠪᠠᠨ ᠨᠥᠮᠥᠷᠦᠭᠡᠳ ᠭᠡᠳᠡᠰᠦ ᠤᠷᠤᠭᠤ ᠪᠠᠨ ᠪᠠᠭᠤᠭᠰᠠᠨ ᠴᠠᠭᠠᠨᠲᠠᠢ᠃
ᠭᠡᠳᠡᠰᠦ ᠠᠯᠠᠭ
ᠭᠡᠳᠡᠰᠦᠨ ᠳᠡᠭᠡᠷ᠎ᠡ ᠪᠡᠨ ᠬᠡᠰᠡᠭ ᠴᠠᠭᠠᠨᠲᠠᠢ᠃
ᠬᠣᠨᠳᠣᠯᠠᠢ ᠠᠯᠠᠭ
ᠬᠣᠨᠳᠣᠯᠠᠢ ᠳᠡᠭᠡᠷ᠎ᠡ ᠪᠡᠨ ᠬᠡᠰᠡᠭ ᠴᠠᠭᠠᠨᠳᠠᠢ᠃
ᠬᠤᠳᠠᠷᠭ᠎ᠠ ᠠᠯᠠᠭ
ᠬᠣᠨᠳᠣᠯᠠᠢ ᠪᠤᠶᠤ ᠲᠡᠭᠦᠨ ᠦ᠌ ᠠᠷᠤᠬᠠᠨᠳᠠᠢ ᠠ᠋ᠴᠠ ᠳᠣᠭᠣᠭᠰᠢ ᠭᠤᠶ᠎ᠠ ᠤᠷᠤᠭᠤ ᠪᠠᠨ ᠪᠠᠭᠤᠭᠰᠠᠨ ᠬᠡᠰᠡᠭ ᠪᠤᠶᠤ ᠨᠠᠷᠢᠨ ᠴᠠᠭᠠᠨ ᠵᠣᠷᠪᠣᠰᠲᠠᠢ᠃
ᠰᠡᠭᠦᠯ ᠠᠯᠠᠭ
ᠰᠡᠭᠦᠯ ᠨᠢ ᠬᠡᠰᠡᠭ ᠴᠠᠭᠠᠨ ᠬᠢᠯᠭᠠᠰᠤᠲᠠᠢ᠃
ᠰᠢᠭᠢᠷ᠎ᠡ ᠠᠯᠠᠭ
ᠳᠥᠷᠪᠡᠨ ᠬᠥᠯ ᠦ᠋ᠨ ᠬᠠᠭᠳᠠ ᠦᠶ᠎ᠡ ᠪᠤᠶᠤ ᠪᠣᠷᠪᠢ ᠠ᠋ᠴᠠ ᠳᠣᠭᠣᠭᠰᠢ ᠬᠡᠰᠡᠭ ᠴᠠᠭᠠᠨᠲᠠᠢ᠃
ᠪᠥᠭᠡᠷ᠎ᠡ ᠠᠯᠠᠭ
ᠬᠤᠤᠬᠠᠨᠠᠭ ᠤ᠋ᠨ ᠣᠷᠴᠢᠮ ᠬᠡᠰᠡᠭ ᠴᠠᠭᠠᠨᠲᠠᠢ᠃
ᠬᠠᠷ᠎ᠠ ᠠᠯᠠᠭ
ᠡᠬᠢ ᠪᠡᠶ᠎ᠡ ᠬᠠᠷ᠎ᠠ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠬᠡᠭᠡᠷ ᠠᠯᠠᠭ
ᠡᠬᠢ ᠪᠡᠶ᠎ᠡ ᠬᠡᠭᠡᠷ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠬᠦᠷᠡᠩ ᠠᠯᠠᠭ
ᠡᠬᠢ ᠪᠡᠶ᠎ᠡ ᠬᠦᠷᠡᠩ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠵᠡᠭᠡᠷᠳᠡ ᠠᠯᠠᠭ
ᠡᠬᠢ ᠪᠡᠶ᠎ᠡ ᠵᠡᠭᠡᠷᠳᠡ᠂ ᠳᠡᠭᠡᠷ᠎ᠡ ᠨᠢ ᠡᠯᠳᠡᠪ ᠦ᠋ᠨ ᠴᠠᠭᠠᠨ ᠦᠰᠦᠲᠡᠢ᠃
ᠴᠠᠪᠢᠳᠠᠷ ᠠᠯᠠᠭ
ᠡᠬᠢ ᠪᠡᠶ᠎ᠡ ᠴᠠᠪᠢᠳᠠᠷ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠰᠠᠭᠠᠷᠠᠯ ᠠᠯᠠᠭ
ᠡᠬᠢ ᠪᠡᠶ᠎ᠡ ᠰᠠᠭᠠᠷᠠᠯ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠪᠣᠷᠣ ᠠᠯᠠᠭ
ᠡᠬᠢ ᠪᠡᠶ᠎ᠡ ᠪᠣᠷᠣ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠴᠡᠩᠬᠡᠷ ᠠᠯᠠᠭ
ᠡᠬᠢ ᠪᠡᠶ᠎ᠡ ᠴᠡᠩᠬᠡᠷ ᠪᠣᠷᠣ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠬᠣᠯᠠ ᠠᠯᠠᠭ
ᠡᠬᠢ ᠪᠡᠶ᠎ᠡ ᠨᠢ ᠬᠣᠯᠠ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠬᠤᠸᠠ ᠠᠯᠠᠭ
ᠡᠬᠢ ᠪᠡᠶ᠎ᠡ ᠨᠢ ᠬᠤᠸᠠ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠰᠢᠷᠭ᠎ᠠ ᠠᠯᠠᠭ
ᠡᠬᠢ ᠪᠡᠶ᠎ᠡ ᠨᠢ ᠰᠢᠷᠭ᠎ᠠ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠬᠠᠯᠢᠭᠤᠨ ᠠᠯᠠᠭ
ᠡᠬᠢ ᠪᠡᠶ᠎ᠡ ᠨᠢ ᠬᠠᠯᠢᠭᠤᠨ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃
ᠪᠤᠭᠤᠷᠤᠯ ᠠᠯᠠᠭ
ᠡᠬᠢ ᠪᠡᠶ᠎ᠡ ᠨᠢ ᠪᠤᠭᠤᠷᠤᠯ᠂ ᠳᠡᠭᠡᠷ᠎ᠡ ᠨᠢ ᠡᠯᠳᠡᠪ ᠦ᠋ᠨ ᠴᠠᠭᠠᠨ ᠬᠡᠰᠡᠭ ᠦᠰᠦ ᠤᠷᠭᠤᠭᠰᠠᠨ᠃ ᠴᠠᠭᠠᠰᠢ ᠠᠯᠠᠭ ᠢ᠋ ᠤᠯᠠᠮ ᠨᠠᠷᠢᠰᠬᠠᠨ ᠲᠣᠳᠣᠯᠠᠬᠤ ᠭᠡᠪᠡᠯ ᠳᠡᠭᠡᠷᠡᠬᠢ ᠡᠯ᠎ᠡ ᠵᠢᠰᠦᠮ ᠳᠡᠭᠡᠷ᠎ᠡ ᠮᠥᠨ ᠳᠡᠭᠡᠷᠡᠬᠢ ᠡᠯᠳᠡᠪ ᠦ᠋ᠨ ᠠᠯᠠᠭ ᠤ᠋ᠳ ᠢ᠋ ᠨᠡᠮᠡᠨ ᠲᠣᠳᠣᠳᠬᠠᠵᠤ ᠨᠡᠷᠡᠯᠡᠪᠡᠯ ᠨᠡᠩ ᠠᠷᠪᠢᠳᠴᠤ ᠪᠠᠰᠠ ᠬᠡᠳᠦᠨ ᠠᠷᠪᠠᠨ ᠵᠢᠰᠦᠮ ᠪᠣᠯᠵᠤ ᠭᠠᠷᠴᠤ ᠢᠷᠡᠨ᠎ᠡ᠃ ᠵᠢᠱ᠌ᠢᠶᠡᠯᠡᠪᠡᠯ : ᠰᠢᠯᠢ ᠠᠯᠠᠭ ᠬᠡᠭᠡᠷ᠂ ᠳᠠᠯᠤ ᠠᠯᠠᠭ ᠬᠠᠯᠢᠭᠤᠨ᠂ ᠲᠣᠬᠣᠮ ᠠᠯᠠᠭ ᠵᠡᠭᠡᠷᠳᠡ᠂ ᠬᠤᠳᠠᠷᠭ᠎ᠠ ᠠᠯᠠᠭ ᠬᠠᠷ᠎ᠠ᠂ ᠰᠡᠭᠦᠯ ᠠᠯᠠᠭ ᠬᠡᠭᠡᠷ᠂ ᠰᠢᠭᠢᠷ᠎ᠡ ᠠᠯᠠᠭ ᠬᠤᠸᠠ ᠭᠡᠬᠦ ᠮᠡᠲᠦᠴᠢᠯᠡᠨ ᠨᠡᠮᠡᠭᠡᠳ ᠪᠠᠢᠪᠠᠯ ᠪᠠᠢᠬᠤ ᠯᠠ ᠪᠢᠰᠢ ᠤᠤ᠃
ᠰᠠᠷᠠᠲᠠᠢ ( ᠳᠠᠪᠬᠤᠷ ᠵᠢᠰᠦᠮ )
ᠮᠠᠩᠨᠠᠢ ᠳ᠋ᠠᠭᠠᠨ ᠶᠠᠩᠵᠤ ᠪᠦᠷᠢ ᠶ᠋ᠢᠨ ᠬᠡᠯᠪᠡᠷᠢᠲᠡᠢ ᠵᠢᠵᠢᠭᠬᠡᠨ ᠴᠠᠭᠠᠨ ᠦᠰᠦ ᠪᠦᠬᠦᠢ ᠶ᠋ᠢ ᠬᠡᠯᠡᠨ᠎ᠡ᠃ ᠬᠠᠯᠬ᠎ᠠ ᠳ᠋ᠤ᠌ ᠳᠤᠬᠤᠨ ᠳ᠋ᠠᠭᠠᠨ ᠰᠠᠷᠠᠲᠠᠢ ᠭᠡᠳᠡᠭ᠃
ᠲᠣᠯᠢᠨ ᠰᠠᠷᠠᠲᠠᠢ
ᠵᠢᠵᠢᠭ ᠳᠤᠭᠤᠢ ᠲᠣᠯᠢ ᠮᠡᠲᠦ ᠰᠠᠷᠠᠲᠠᠢ (ᠴᠠᠭᠠᠨ ᠦᠰᠦᠲᠡᠢ ) ᠶ᠋ᠢ ᠬᠡᠯᠡᠨ᠎ᠡ᠃
ᠣᠳᠣᠨ ᠰᠠᠷᠠᠲᠠᠢ ᠵᠢᠵᠢᠭ ᠰᠠᠷᠠᠲᠠᠢ ᠶ᠋ᠢ ᠬᠡᠯᠡᠨ᠎ᠡ᠃
ᠭᠤᠷᠪᠠᠯᠵᠢᠨ ᠰᠡᠷᠠᠲᠡᠢ ᠴᠠᠭᠠᠨ ᠦᠰᠦ ᠨᠢ ᠭᠤᠷᠪᠠᠯᠵᠢᠨ ᠬᠡᠯᠪᠡᠷᠢᠲᠡᠢ᠃
ᠳᠥᠷᠪᠡᠯᠵᠢᠨ ᠰᠠᠷᠠᠲᠠᠢ ᠴᠠᠭᠠᠨ ᠦᠰᠦ ᠨᠢ ᠳᠥᠷᠪᠡᠯᠵᠢᠨ ᠬᠡᠯᠪᠡᠷᠢᠲᠡᠢ᠃
ᠲᠠᠯ᠎ᠠ ᠰᠠᠷᠠᠲᠠᠢ ᠴᠠᠭᠠᠨ ᠦᠰᠦ (ᠰᠠᠷ᠎ᠠ ) ᠨᠢ ᠰᠢᠨᠡᠳ ᠦ᠋ᠨ ᠰᠠᠷᠠᠨ ᠬᠡᠯᠪᠡᠷᠢᠲᠡᠢ᠃
ᠰᠠᠷᠠᠲᠠᠢ ᠬᠠᠷ᠎ᠠ ᠮᠠᠩᠨᠠᠢ ᠳ᠋ᠠᠭᠠᠨ ᠵᠢᠵᠢᠭ ᠴᠠᠭᠠᠨ ᠦᠰᠦᠲᠡᠢ ᠬᠠᠷ᠎ᠠ ᠮᠣᠷᠢ᠃
ᠰᠠᠷᠠᠲᠠᠢ ᠬᠡᠭᠡᠷ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠬᠡᠭᠡᠷ ᠮᠣᠷᠢ᠃
ᠰᠠᠷᠠᠲᠠᠢ ᠬᠦᠷᠡᠩ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠬᠦᠷᠡᠩ ᠮᠣᠷᠢ᠃
ᠰᠠᠷᠠᠲᠠᠢ ᠵᠡᠭᠡᠷᠳᠡ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠵᠡᠭᠡᠷᠳᠡ ᠮᠣᠷᠢ᠃
ᠰᠠᠷᠠᠲᠠᠢ ᠴᠠᠪᠢᠳᠠᠷ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠴᠠᠪᠢᠳᠠᠷ ᠮᠣᠷᠢ᠃
ᠰᠠᠷᠠᠲᠠᠢ ᠰᠠᠭᠠᠷᠠᠯ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠰᠠᠭᠠᠷᠠᠯ ᠮᠣᠷᠢ᠃
ᠰᠠᠷᠠᠲᠠᠢ ᠪᠣᠷᠣ ᠮᠠᠩᠨᠠᠢ ᠳ᠋ᠠᠭᠠᠨ ᠴᠠᠭᠠᠨ ᠦᠰᠦᠲᠡᠢ ( ᠵᠢᠵᠢᠭ ) ᠪᠣᠷᠣ ᠮᠣᠷᠢ᠃
ᠰᠠᠷᠠᠲᠤ ᠬᠤᠸᠠ ᠮᠠᠩᠨᠠᠢ ᠳ᠋ᠠᠭᠠᠨ ᠴᠠᠭᠠᠨ ᠦᠰᠦ ( ᠵᠢᠵᠢᠭ ) ᠪᠦᠬᠦᠢ ᠬᠤᠸᠠ ᠮᠣᠷᠢ᠃
ᠰᠠᠷᠠᠲᠤ ᠬᠣᠯᠠ ᠮᠠᠩᠨᠠᠢ ᠳ᠋ᠠᠭᠠᠨ ᠴᠠᠭᠠᠨ ᠦᠰᠦ ( ᠵᠢᠵᠢᠭ ) ᠪᠦᠬᠦᠢ ᠬᠣᠯᠠ ᠮᠣᠷᠢ᠃
ᠰᠠᠷᠠᠲᠤ ᠰᠢᠷᠭ᠎ᠠ ᠮᠠᠩᠨᠠᠢ ᠳ᠋ᠠᠭᠠᠨ ᠴᠠᠭᠠᠨ ᠦᠰᠦ ( ᠵᠢᠵᠢᠭ ) ᠪᠦᠬᠦᠢ ᠰᠢᠷᠭ᠎ᠠ ᠮᠣᠷᠢ᠃
ᠰᠠᠷᠠᠲᠤ ᠬᠠᠯᠢᠭᠤᠨ ᠮᠠᠩᠨᠠᠢ ᠳ᠋ᠠᠭᠠᠨ ᠴᠠᠭᠠᠨ ᠦᠰᠦ ( ᠵᠢᠵᠢᠭ ) ᠪᠦᠬᠦᠢ ᠬᠠᠯᠢᠭᠤᠨ ᠮᠣᠷᠢ᠃
ᠰᠠᠷᠠᠲᠤ ᠪᠤᠭᠤᠷᠤᠯ ᠮᠠᠩᠨᠠᠢ ᠳ᠋ᠠᠭᠠᠨ ᠴᠠᠭᠠᠨ ᠦᠰᠦᠲᠡᠢ ᠵᠢᠵᠢᠭ ᠪᠤᠭᠤᠷᠤᠯ ᠮᠣᠷᠢ᠃
ᠰᠠᠷᠠᠲᠤ ᠬᠠᠯᠲᠠᠷ ᠮᠠᠩᠨᠠᠢ ᠳ᠋ᠠᠭᠠᠨ ᠴᠠᠭᠠᠨ ᠦᠰᠦᠲᠡᠢ ᠵᠢᠵᠢᠭ ᠬᠠᠯᠲᠠᠷ ᠮᠣᠷᠢ᠃
ᠬᠠᠯᠵᠠᠨ ( ᠳᠠᠪᠬᠤᠷ ᠵᠢᠰᠦᠮ )
ᠮᠠᠩᠨᠠᠢ ᠠ᠋ᠴᠠ ᠬᠠᠮᠠᠷ ᠪᠤᠶᠤ ᠴᠣᠷᠪᠣ ᠬᠦᠷᠲᠡᠯ᠎ᠡ ᠴᠠᠭᠠᠨ ᠦᠰᠦᠲᠡᠢ ᠶ᠋ᠢ ᠬᠡᠯᠡᠨ᠎ᠡ᠃
ᠵᠤᠷᠪᠤᠰ ᠬᠠᠯᠵᠠᠨ
ᠮᠠᠩᠨᠠᠢ ᠠ᠋ᠴᠠ ᠬᠠᠮᠠᠷ ᠤ᠋ᠨ ᠦᠵᠦᠭᠦᠷ ᠬᠦᠷᠲᠡᠯ᠎ᠡ ᠨᠠᠷᠢᠬᠠᠨ ᠬᠠᠯᠵᠠᠨ ( ᠴᠠᠭᠠᠨ ᠦᠰᠦᠲᠡᠢ ) ᠶ᠋ᠢ ᠬᠡᠯᠡᠨ᠎ᠡ᠃
ᠦᠯᠦ ᠬᠠᠯᠵᠠᠨ
ᠪᠦᠬᠦ ᠨᠢᠭᠤᠷ ᠨᠡᠯᠦ ᠬᠠᠯᠵᠠᠨ ( ᠴᠠᠭᠠᠨ ᠦᠰᠦᠲᠡᠢ ) ᠶ᠋ᠢ ᠬᠡᠯᠡᠨ᠎ᠡ᠃
ᠮᠠᠩᠨᠠᠢ ᠬᠠᠯᠵᠠᠨ
ᠮᠠᠩᠨᠠᠢ ᠠ᠋ᠴᠠ ᠬᠠᠮᠠᠷ ᠤ᠋ᠨ ᠳᠡᠭᠡᠳᠦ ᠬᠡᠰᠡᠭ ᠬᠦᠷᠲᠡᠯ᠎ᠡ ᠴᠠᠭᠠᠨ ᠦᠰᠦᠲᠡᠢ ᠶ᠋ᠢ ᠬᠡᠯᠡᠨ᠎ᠡ᠃
ᠬᠠᠮᠠᠷ ᠬᠠᠯᠵᠠᠨ
ᠬᠠᠮᠠᠷ ᠤ᠋ᠨ ᠲᠡᠭᠡᠭᠡᠨᠳᠡᠢ ᠡᠴᠡ ᠴᠣᠷᠪᠣ ᠬᠦᠷᠲᠡᠯ᠎ᠡ ᠴᠠᠭᠠᠨᠳᠠᠢ ᠶ᠋ᠢ ᠬᠡᠯᠡᠨ᠎ᠡ᠃
ᠬᠠᠯᠵᠠᠨ ᠬᠠᠷ᠎ᠠ ᠨᠢᠭᠤᠷ ᠲᠠᠭᠠᠨ ᠴᠠᠭᠠᠨ ᠦᠰᠦᠲᠡᠢ ᠬᠠᠷ᠎ᠠ ᠮᠣᠷᠢ᠃
ᠬᠠᠯᠵᠠᠨ ᠬᠡᠭᠡᠷ ᠨᠢᠭᠤᠷ ᠲᠠᠭᠠᠨ ᠴᠠᠭᠠᠨ ᠦᠰᠦᠲᠡᠢ ᠬᠡᠭᠡᠷ ᠮᠣᠷᠢ᠃
ᠬᠠᠯᠵᠠᠨ ᠬᠦᠷᠡᠩ ᠨᠢᠭᠤᠷ ᠲᠠᠭᠠᠨ ᠴᠠᠭᠠᠨ ᠦᠰᠦᠲᠡᠢ ᠬᠦᠷᠡᠩ ᠮᠣᠷᠢ᠃
ᠬᠠᠯᠵᠠᠨ ᠵᠡᠭᠡᠷᠳᠡ ᠨᠢᠭᠤᠷ ᠲᠠᠭᠠᠨ ᠴᠠᠭᠠᠨ ᠦᠰᠦᠲᠡᠢ ᠵᠡᠭᠡᠷᠳᠡ ᠮᠣᠷᠢ᠃
ᠬᠠᠯᠵᠠᠨ ᠴᠠᠪᠢᠳᠠᠷ ᠨᠢᠭᠤᠷ ᠲᠠᠭᠠᠨ ᠴᠠᠭᠠᠨ ᠦᠰᠦᠲᠡᠢ ᠴᠠᠪᠢᠳᠠᠷ ᠮᠣᠷᠢ᠃
ᠬᠠᠯᠵᠠᠨ ᠰᠠᠭᠠᠷᠠᠯ ᠨᠢᠭᠤᠷ ᠲᠠᠭᠠᠨ ᠴᠠᠭᠠᠨ ᠦᠰᠦᠲᠡᠢ ᠰᠠᠭᠠᠷᠠᠯ ᠮᠣᠷᠢ᠃
ᠬᠠᠯᠵᠠᠨ ᠪᠣᠷᠣ ᠨᠢᠭᠤᠷ ᠲᠠᠭᠠᠨ ᠴᠠᠭᠠᠨ ᠦᠰᠦᠲᠡᠢ ᠪᠣᠷᠣ ᠮᠣᠷᠢ᠃
ᠬᠠᠯᠵᠠᠨ ᠬᠣᠯᠠ ᠨᠢᠭᠤᠷ ᠲᠠᠭᠠᠨ ᠴᠠᠭᠠᠨ ᠦᠰᠦᠲᠡᠢ ᠬᠣᠯᠠ ᠮᠣᠷᠢ᠃
ᠬᠠᠯᠵᠠᠨ ᠬᠤᠸᠠ ᠨᠢᠭᠤᠷ ᠲᠠᠭᠠᠨ ᠴᠠᠭᠠᠨ ᠦᠰᠦᠲᠡᠢ ᠬᠤᠸᠠ ᠮᠣᠷᠢ᠃
ᠬᠠᠯᠵᠠᠨ ᠰᠢᠷᠭ᠎ᠠ ᠨᠢᠭᠤᠷ ᠲᠠᠭᠠᠨ ᠴᠠᠭᠠᠨ ᠦᠰᠦᠲᠡᠢ ᠰᠢᠷᠭ᠎ᠠ ᠮᠣᠷᠢ᠃
ᠬᠠᠯᠵᠠᠨ ᠬᠠᠯᠢᠭᠤᠨ ᠨᠢᠭᠤᠷ ᠲᠠᠭᠠᠨ ᠴᠠᠭᠠᠨ ᠦᠰᠦᠲᠡᠢ ᠬᠠᠯᠢᠭᠤᠨ ᠮᠣᠷᠢ᠃
ᠬᠠᠯᠵᠠᠨ ᠪᠤᠭᠤᠷᠤᠯ ᠨᠢᠭᠤᠷ ᠲᠠᠭᠠᠨ ᠴᠠᠭᠠᠨ ᠦᠰᠦᠲᠡᠢ ᠪᠤᠭᠤᠷᠤᠯ ᠮᠣᠷᠢ᠃
ᠬᠠᠯᠵᠠᠨ ᠠᠯᠠᠭ ᠨᠢᠭᠤᠷ ᠲᠠᠭᠠᠨ ᠴᠠᠭᠠᠨ ᠦᠰᠦᠲᠡᠢ ᠠᠯᠠᠭ ᠮᠣᠷᠢ᠃
ᠬᠠᠯᠵᠠᠨ ᠴᠠᠬᠢᠷ ᠨᠢᠭᠤᠷ ᠲᠠᠭᠠᠨ ᠴᠠᠭᠠᠨ ᠦᠰᠦᠲᠡᠢ ᠴᠠᠬᠢᠷ ᠨᠢᠳᠦᠲᠦ ᠮᠣᠷᠢ᠃
ᠮᠣᠷᠢᠨ ᠤ᠋ ᠡᠨᠳᠡ ᠲᠡᠨᠳᠡᠬᠢ ᠴᠠᠭᠠᠨ ᠢ᠋ᠶ᠋ᠠᠷ ᠨᠢ ᠲᠣᠳᠣᠳᠬᠠᠨ ᠨᠡᠷᠡᠯᠡᠭᠰᠡᠨ ᠵᠢᠰᠦᠮ :
ᠴᠣᠷᠪᠣ ᠴᠠᠭᠠᠨ ( ᠳᠠᠪᠬᠤᠷ ᠵᠢᠰᠦᠮ )
ᠮᠣᠷᠢᠨ ᠤ᠋ ᠳᠡᠭᠡᠳᠦ ᠤᠷᠤᠭᠤᠯ ᠤ᠋ᠨ ᠦᠵᠦᠭᠦᠷ ᠬᠡᠰᠡᠭ᠂ ᠶᠠᠭ ᠡᠪᠡᠰᠦ ᠬᠠᠮᠤᠵᠤ ᠢᠳᠡᠳᠡᠭ ᠤᠷᠠᠨ ᠤᠷᠤᠭᠤᠯ ᠨᠢ ᠴᠠᠭᠠᠨ ᠦᠰᠦᠲᠡᠢ ᠶ᠋ᠢ ᠤᠷᠠᠨ ᠤᠷᠤᠭᠤᠯ ᠴᠠᠭᠠᠨ ᠭᠡᠳᠡᠭ᠃ ᠳᠥᠭᠥᠮᠴᠢᠯᠡᠭᠡᠳ ᠴᠣᠷᠪᠣ ᠴᠠᠭᠠᠨ ᠭᠡᠳᠡᠭ᠃ ᠵᠠᠷᠢᠮ ᠬᠥᠮᠦᠰ ᠡᠢᠮᠦ ᠮᠣᠷᠢ ᠶ᠋ᠢ ᠮᠥᠩᠭᠥ ᠡᠮᠬᠦᠵᠦ ᠲᠥᠷᠥᠭᠰᠡᠨ ᠣᠯᠵᠠ ᠣᠮᠣᠭᠲᠠᠢ ᠰᠠᠢᠨ ᠮᠣᠷᠢ ᠭᠡᠵᠦ ᠪᠡᠯᠭᠡᠰᠢᠶᠡᠨ ᠶᠡᠬᠡᠬᠡᠨ ᠪᠠᠬᠠᠷᠬᠠᠵᠤ ᠳᠤᠷᠠᠯᠠᠳᠠᠭ᠃
ᠬᠠᠮᠠᠷ ᠴᠠᠭᠠᠨ ( ᠳᠠᠪᠬᠤᠷ ᠵᠢᠰᠦᠮ )
ᠬᠠᠮᠠᠷ ᠤ᠋ᠨ ᠨᠦᠬᠡᠨ ᠦ᠌ ᠬᠣᠭᠣᠷᠣᠨᠳᠣ ᠪᠤᠶᠤ ᠬᠠᠮᠠᠷ ᠳᠡᠭᠡᠷ᠎ᠡ ᠵᠢᠵᠢᠭᠬᠡᠨ ᠴᠠᠭᠠᠨᠲᠠᠢ᠃
ᠬᠣᠰᠢᠭᠤ ᠴᠠᠭᠠᠨ ( ᠳᠠᠪᠬᠤᠷ ᠵᠢᠰᠦᠮ )
ᠨᠣᠭᠲᠤᠨ ᠬᠠᠮᠠᠷ ᠠ᠋ᠴᠠ ᠳᠣᠷᠣᠭᠰᠢ ᠴᠠᠭᠠᠨ ᠪᠤᠶᠤ ᠴᠠᠭᠠᠪᠲᠤᠷ ᠦᠰᠦᠲᠡᠢ ᠶ᠋ᠢ ᠬᠣᠰᠢᠭᠤ ᠴᠠᠭᠠᠨ ᠭᠡᠳᠡᠭ᠃ ᠵᠠᠷᠢᠮ ᠭᠠᠵᠠᠷ ᠪᠠᠰᠠ ᠠᠮᠠ ᠴᠠᠭᠠᠨ ᠭᠡᠳᠡᠭ᠃
ᠰᠢᠨ᠎ᠡ ᠴᠠᠭᠠᠨ ( ᠳᠠᠪᠬᠤᠷ ᠵᠢᠰᠦᠮ )
ᠰᠢᠨ᠎ᠡ ᠲᠦᠭᠦᠰᠢᠨ ᠳᠡᠭᠡᠷ᠎ᠡ ᠪᠡᠨ ᠵᠢᠵᠢᠭᠬᠡᠨ ᠴᠠᠭᠠᠨᠲᠠᠢ᠃ ᠪᠠᠰᠠ ᠵᠥᠪ ᠰᠢᠨ᠎ᠠ ᠴᠠᠭᠠᠨ᠂ ᠪᠤᠷᠤᠭᠤ ᠰᠢᠨ᠎ᠠ ᠴᠠᠭᠠᠨ ᠭᠡᠵᠦ ᠪᠣᠢ᠃
ᠬᠥᠮᠥᠰᠬᠡ ᠴᠠᠭᠠᠨ ( ᠳᠠᠪᠬᠤᠷ ᠵᠢᠰᠦᠮ )
ᠬᠥᠮᠥᠰᠬᠡ ᠳᠡᠭᠡᠷ᠎ᠡ ᠨᠢ ᠴᠠᠭᠠᠨᠲᠠᠢ᠃ ᠴᠢᠯᠥᠭᠡᠯᠡᠭᠳᠡᠬᠦ ᠶ᠋ᠢᠨ ᠡᠮᠦᠨᠡᠬᠡᠨ ᠤᠷᠠᠳ ᠤ᠋ᠨ ᠳᠤᠮᠳᠠᠳᠤ ᠬᠦᠩ ᠦ᠋ᠨ ᠬᠤᠰᠢᠭᠤᠨ ᠤ᠋ ᠭᠤᠷᠪᠠᠨ ᠬᠡᠭᠡᠷ᠎ᠡ ᠶ᠋ᠢᠨ ᠭᠣᠪᠢ ᠳ᠋ᠤ᠌ ᠡᠢᠮᠦ ᠵᠢᠰᠦᠮ ᠦ᠋ᠨ ᠨᠢᠭᠡ ᠬᠠᠷ᠎ᠠ ᠮᠣᠷᠢ ᠪᠠᠢᠵᠠᠢ᠃ ᠬᠥᠮᠦᠰ ᠴᠠᠭᠠᠨ ᠬᠥᠮᠥᠰᠬᠡᠲᠦ ᠭᠡᠵᠦ ᠨᠡᠷᠡᠯᠡᠵᠦ ᠪᠠᠢᠵᠠᠢ᠃
ᠴᠣᠬᠣ ᠴᠠᠭᠠᠨ ( ᠳᠠᠪᠬᠤᠷ ᠵᠢᠰᠦᠮ )
ᠴᠣᠬᠣ ᠭᠡᠭᠴᠢ ᠬᠥᠮᠦᠨ᠂ ᠮᠠᠯ ᠤ᠋ᠨ ᠲᠣᠯᠣᠭᠠᠢ ᠶ᠋ᠢᠨ ᠳᠡᠭᠡᠳᠦ ᠡᠮᠦᠨ᠎ᠡ ᠬᠡᠰᠡᠭ᠂ ᠮᠠᠩᠨᠠᠢ ᠠ᠋ᠴᠠ ᠲᠡᠭᠡᠭᠡᠨᠲᠡᠢ᠃ ᠶᠠᠭ ᠲᠡᠨᠳᠡ ᠨᠢ ᠴᠠᠭᠠᠨᠲᠠᠢ ᠶ᠋ᠢ ᠬᠡᠯᠡᠨ᠎ᠡ᠃ᠵᠠᠷᠢᠮ ᠭᠠᠵᠠᠷ ᠪᠠᠰᠠ ᠳᠤᠬᠤ ᠴᠠᠭᠠᠨ ᠭᠡᠬᠦ ᠪᠤᠶᠤ ᠪᠤᠭᠤᠷᠤᠯ ᠲᠤᠬᠣᠲᠤ ᠭᠡᠳᠡᠭ ᠠ᠋ !
ᠴᠢᠬᠢ ᠴᠠᠭᠠᠨ ( ᠳᠠᠪᠬᠤᠷ ᠵᠢᠰᠦᠮ )
ᠮᠣᠷᠢᠨ ᠤ᠋ ᠥᠷᠥᠭᠡᠰᠦᠨ ᠴᠢᠬᠢ ᠪᠤᠶᠤ ᠬᠣᠣᠰ ᠴᠢᠬᠢ ᠨᠢ ᠴᠠᠭᠠᠨ᠃
ᠴᠠᠭᠠᠨ ᠴᠢᠬᠢᠲᠦ ᠴᠢᠬᠢᠨ ᠳᠣᠲᠣᠷᠠᠬᠢ ᠦᠰᠦ ᠨᠢ ᠴᠡᠭᠡᠨ ᠢ᠋ ᠬᠡᠯᠡᠨ᠎ᠡ ᠃
ᠰᠢᠷ᠎ᠠ ᠴᠢᠬᠢᠲᠦ ᠴᠢᠬᠢᠨ ᠳᠣᠲᠣᠷᠠᠬᠢ ᠦᠰᠦ ᠨᠢ ᠰᠢᠷ᠎ᠠ ᠶ᠋ᠢ ᠬᠡᠯᠡᠨ᠎ᠡ᠃
ᠵᠥᠪ ᠴᠢᠬᠢ ᠴᠠᠭᠠᠨ ᠵᠥᠪᠲᠡᠢ ᠲᠠᠯ᠎ᠠ ᠶ᠋ᠢᠨ ᠴᠢᠬᠢ ᠨᠢ ᠴᠠᠭᠠᠨ᠃
ᠪᠤᠷᠤᠭᠤ ᠴᠢᠬᠢ ᠴᠠᠭᠠᠨ ᠪᠤᠷᠤᠭᠤᠲᠠᠢ ᠲᠠᠯ᠎ᠠ ᠶ᠋ᠢᠨ ᠴᠢᠬᠢ ᠨᠢ ᠴᠠᠭᠠᠨ᠃
ᠳᠤᠬᠤ ᠴᠠᠭᠠᠨ ( ᠳᠠᠪᠬᠤᠷ ᠵᠢᠰᠦᠮ )
ᠲᠠᠭᠵᠠᠨ ᠳ᠋ᠠᠭᠠᠨ ᠴᠠᠭᠠᠨ ᠦᠰᠦᠲᠡᠢ ᠶ᠋ᠢ ᠬᠡᠯᠡᠨ᠎ᠡ᠃ ᠵᠠᠷᠢᠮ ᠭᠠᠵᠠᠷ ᠠᠷᠤ ᠳᠤᠬᠤᠨ ᠳ᠋ᠠᠭᠠᠨ ᠴᠠᠭᠠᠨᠳᠠᠢ ᠭᠡᠳᠡᠭ᠃ ᠭᠡᠲᠡᠯ᠎ᠡ ᠬᠠᠯᠬ᠎ᠠ ᠳ᠋ᠤ᠌ ᠪᠣᠯ ᠳᠠᠭᠵᠠ ᠴᠠᠭᠠᠨ ᠢ᠋ ᠬᠡᠯᠡᠨ᠎ᠡ᠃
ᠰᠢᠯᠢ ᠴᠠᠭᠠᠨ ( ᠳᠠᠪᠬᠤᠷ ᠵᠢᠰᠦᠮ )
ᠮᠣᠷᠢᠨ ᠤ᠋ ᠰᠢᠯᠢᠨ ᠬᠦᠵᠦᠭᠦᠨ ᠦ᠌ ᠳᠡᠯ ᠳ᠋ᠡᠬᠢ ᠵᠢᠵᠢᠭ ᠴᠠᠭᠠᠨ ᠦᠰᠦᠲᠡᠢ ᠶ᠋ᠢ ᠬᠡᠯᠡᠨ᠎ᠡ᠃
ᠮᠤᠨᠳᠠᠭ᠎ᠠ ᠴᠠᠭᠠᠨ ( ᠳᠠᠪᠬᠤᠷ ᠵᠢᠰᠦᠮ )
ᠮᠤᠨᠳᠠᠭ᠎ᠠ ᠭᠡᠭᠴᠢ ᠠᠳᠤᠭᠤᠨ ᠤ᠋ ᠰᠡᠷᠪᠡᠭᠡᠨ ᠳᠡᠭᠡᠷᠡᠬᠢ ᠳᠡᠯ ᠦ᠋ᠨ ᠲᠡᠭᠦᠰᠬᠡᠯ ᠦ᠋ᠨ ᠥᠨᠳᠥᠷ ᠭᠠᠵᠠᠷ᠃ ᠶᠠᠭ ᠡᠨᠳᠡ ᠨᠢ ᠵᠢᠵᠢᠭ ᠴᠠᠭᠠᠨ ᠦᠰᠦᠲᠡᠢ᠃ ᠵᠠᠷᠢᠮ ᠭᠠᠵᠠᠷ ᠰᠡᠷᠪᠡᠭᠡ ᠴᠠᠭᠠᠨ ᠴᠤ᠌ ᠭᠡᠳᠡᠭ᠃
ᠳᠠᠯᠤ ᠴᠠᠭᠠᠨ ( ᠳᠠᠪᠬᠤᠷ ᠵᠢᠰᠦᠮ )
ᠳᠠᠯᠤ ᠭᠡᠭᠴᠢ ᠬᠠ ᠶ᠋ᠢᠨ ᠳᠡᠭᠡᠳᠦ ᠦᠵᠦᠭᠦᠷ᠂ ᠮᠤᠨᠳᠠᠭ᠎ᠠ ᠶ᠋ᠢᠨ ᠬᠣᠶᠠᠷ ᠬᠠᠵᠠᠭᠤ᠃ ᠡᠨᠳᠡ ᠨᠢ ᠴᠠᠭᠠᠨ ᠦᠰᠦᠲᠡᠢ ᠶ᠋ᠢ ᠬᠡᠯᠡᠨ᠎ᠡ᠃
ᠲᠣᠬᠣᠮ ᠴᠠᠭᠠᠨ ( ᠳᠠᠪᠬᠤᠷ ᠵᠢᠰᠦᠮ )
ᠮᠣᠷᠢᠨ ᠤ᠋ ᠲᠣᠬᠣᠮ ᠲᠠᠯᠪᠢᠳᠠᠭ ᠨᠢᠷᠤᠭᠤᠨ ᠤ᠋ ᠬᠡᠰᠡᠭ ᠲᠦ᠍ ᠠᠶᠠᠭ᠎ᠠ᠂ ᠲᠠᠪᠠᠭ ᠤ᠋ᠨ ᠬᠡᠮᠵᠢᠶᠡᠨ ᠡᠴᠡ ᠳᠠᠪᠠᠭ᠎ᠠ ᠦᠭᠡᠢ ᠬᠡᠰᠡᠭ ᠴᠠᠭᠠᠨ ᠦᠰᠦᠲᠡᠢ᠃ ᠬᠡᠷᠪᠡ ᠡᠨᠡ ᠴᠠᠭᠠᠨ ᠨᠢ ᠠᠶᠠᠭ᠎ᠠ᠂ ᠲᠠᠪᠠᠭ ᠠ᠋ᠴᠠ ᠶᠡᠬᠡ ᠪᠣᠯᠪᠠᠯ ᠣᠳᠣ ᠲᠣᠬᠣᠮ ᠴᠠᠭᠠᠨ ᠪᠢᠰᠢ ᠪᠣᠯᠵᠤ᠂ ᠲᠣᠬᠣᠮ ᠠᠯᠠᠭ ᠪᠣᠯᠴᠢᠬᠠᠨ᠎ᠠ᠃ ᠡᠭᠦᠨ ᠦ᠌ ᠢᠯᠭᠠᠭ᠎ᠠ ᠨᠢ ᠴᠠᠭᠠᠨ ᠦᠰᠦᠲᠦ ᠬᠡᠰᠡᠭ ᠦ᠋ᠨ ᠵᠢᠵᠢᠭ ᠲᠣᠮᠣ ᠳ᠋ᠤ᠌ ᠪᠣᠢ᠃
ᠬᠣᠨᠳᠣᠯᠠᠢ ᠴᠠᠭᠠᠨ ( ᠳᠠᠪᠬᠤᠷ ᠵᠢᠰᠦᠮ )
ᠬᠣᠨᠳᠣᠯᠠᠢ ᠭᠡᠭᠴᠢ ᠮᠣᠷᠢᠨ ᠤ᠋ ᠪᠥᠭᠰᠡ ᠶ᠋ᠢᠨ ᠡᠷᠭᠦᠭᠳᠡᠭᠰᠡᠨ ᠬᠡᠰᠡᠭ᠃ ᠡᠭᠦᠨ ᠳ᠋ᠦ᠍ᠨᠢ ᠵᠢᠵᠢᠭᠬᠡᠨ ᠬᠡᠰᠡᠭ ᠴᠠᠭᠠᠨ ᠦᠰᠦᠲᠡᠢ ᠶ᠋ᠢ ᠬᠡᠯᠡᠨ᠎ᠡ᠃
ᠲᠡᠰᠢᠶ᠎ᠡ ᠴᠠᠭᠠᠨ ( ᠳᠠᠪᠬᠤᠷ ᠵᠢᠰᠦᠮ ) ᠲᠠᠰᠢᠶᠠᠨ ᠤ᠋ ᠬᠡᠰᠡᠭ ᠲᠤᠨᠢ ᠵᠢᠵᠢᠭᠬᠡᠨ ᠴᠠᠭᠠᠨᠲᠠᠢ᠃
ᠵᠥᠪᠲᠡᠢ ᠲᠡᠰᠢᠶ᠎ᠡ ᠴᠠᠭᠠᠨ ᠵᠥᠪ ᠲᠠᠯ᠎ᠠ ᠶ᠋ᠢᠨ ᠲᠡᠰᠢᠶ᠎ᠡ ᠴᠠᠭᠠᠨ᠃
ᠪᠤᠷᠤᠭᠤᠲᠠᠢ ᠲᠡᠰᠢᠶ᠎ᠡ ᠴᠠᠭᠠᠨ ᠪᠤᠷᠤᠭᠤ ᠲᠠᠯ᠎ᠠ ᠶ᠋ᠢᠨ ᠲᠡᠰᠢᠶ᠎ᠡ ᠴᠠᠭᠠᠨ᠃
ᠰᠠᠮᠠᠢ ᠴᠠᠭᠠᠨ ( ᠳᠠᠪᠬᠤᠷ ᠵᠢᠰᠦᠮ )
ᠰᠠᠮᠠᠢ ᠭᠡᠭᠴᠢ ᠰᠡᠭᠦᠯ ᠦ᠋ᠨ ᠤᠭ᠂ ᠤᠷᠲᠤ ᠬᠢᠯᠭᠠᠰᠤᠨ ᠰᠡᠭᠦᠯ ᠦ᠋ᠨ ᠭᠠᠳᠠᠭᠤᠷ ᠲᠥᠭᠡ ᠰᠥᠭᠥᠮ ᠬᠢᠷᠢ ᠰᠠᠭᠰᠠᠢᠨ ᠤᠷᠭᠤᠭᠰᠠᠨ ᠳᠡᠯ ᠮᠡᠲᠦ ᠣᠬᠣᠷ ᠰᠡᠭᠦᠯ᠃ ᠡᠨᠡ ᠰᠡᠭᠦᠯ ᠨᠢ ᠴᠠᠭᠠᠨ ᠢ᠋ ᠬᠡᠯᠡᠨ᠎ᠡ᠃
ᠰᠡᠭᠦᠯ ᠴᠠᠭᠠᠨ ( ᠳᠠᠪᠬᠤᠷ ᠵᠢᠰᠦᠮ )
ᠵᠠᠷᠢᠮ ᠮᠣᠷᠢᠨ ᠤ᠋ ᠰᠡᠭᠦᠯ ᠪᠤᠶᠤ ᠰᠡᠭᠦᠯ ᠦ᠋ᠨ ᠭᠣᠣᠯ ᠨᠢ ᠴᠠᠭᠠᠨ ᠪᠠᠢᠬᠤ ᠶ᠋ᠢ ᠬᠡᠯᠡᠨ᠎ᠡ᠃
ᠪᠣᠷᠪᠢ ᠴᠠᠭᠠᠨ ( ᠳᠠᠪᠬᠤᠷ ᠵᠢᠰᠦᠮ )
ᠮᠣᠷᠢᠨ ᠤ᠋ ᠭᠤᠶ᠎ᠠ ᠶ᠋ᠢᠨ ᠱᠠᠭ᠎ᠠ ᠪᠠᠢᠭ᠎ᠠ ᠬᠡᠰᠡᠭ ᠦ᠋ᠨ ᠠᠷᠤ ᠣᠪᠣᠭᠣᠷ ᠭᠠᠵᠠᠷ ᠢ ᠪᠣᠷᠪᠢ ᠭᠡᠳᠡᠭ᠃ ᠡᠨᠳᠡ ᠨᠢ ᠤᠤᠯ ᠠ᠋ᠴᠠ ᠵᠢᠵᠢᠭᠬᠡᠨ ᠴᠠᠭᠠᠨ ᠬᠡᠰᠡᠭ ᠦᠰᠦᠲᠡᠢ ᠪᠤᠶᠤ ᠪᠤᠷᠪᠢᠴᠠᠭᠠ ᠳ᠋ᠤ᠌ ᠬᠣᠯᠭᠣᠭᠰᠠᠨ ᠠ᠋ᠴᠠ ᠴᠠᠭᠠᠨ ᠦᠰᠦᠲᠡᠢ ᠪᠣᠯᠤᠭᠰᠠᠨ ᠢ ᠬᠡᠯᠡᠨ᠎ᠡ᠃
ᠰᠢᠭᠢᠷ᠎ᠡ ᠴᠠᠭᠠᠨ ( ᠳᠠᠪᠬᠤᠷ ᠵᠢᠰᠦᠮ )
ᠰᠢᠭᠢᠷ᠎ᠡ ᠭᠡᠭᠴᠢ ᠠᠳᠤᠭᠤᠨ ᠤ᠋ ᠬᠠᠭᠳᠠ ᠦᠶ᠎ᠡ ᠬᠢᠭᠡᠳ ᠪᠣᠷᠪᠢ ᠠ᠋ᠴᠠ ᠳᠣᠷᠣᠭᠰᠢᠬᠢ ᠰᠢᠯᠪᠢ᠂ ᠬᠢᠩᠭᠠᠷ᠎ᠠ ᠶ᠋ᠢᠨ ᠬᠡᠰᠡᠭ᠃ ᠡᠭᠦᠨ ᠳ᠋ᠦ᠍ᠨᠢ ᠵᠢᠵᠢᠭᠬᠡᠨ ᠴᠠᠭᠠᠨ ᠬᠡᠰᠡᠭ ᠦᠰᠦᠲᠡᠢ ᠶ᠋ᠢ ᠬᠡᠯᠡᠨ᠎ᠡ᠃
ᠥᠰᠥᠭᠡᠢ ᠴᠠᠭᠠᠨ ( ᠳᠠᠪᠬᠤᠷ ᠵᠢᠰᠦᠮ )
ᠠᠳᠤᠭᠤᠨ ᠤ᠋ ᠭᠤᠶ᠎ᠠ ᠶ᠋ᠢᠨ ᠰᠠᠭᠯᠠᠭ᠎ᠠ ᠠ᠋ᠴᠠ ᠳᠣᠷᠣᠭᠰᠢ ᠲᠤᠭᠤᠷᠠᠢ ᠬᠦᠷᠲᠡᠯᠡᠬᠢ ᠬᠡᠰᠡᠭ ᠲᠦ᠍ ᠴᠠᠭᠠᠨ ᠦᠰᠦᠲᠡᠢ᠃
ᠴᠠᠪᠢ ᠴᠠᠭᠠᠨ ( ᠳᠠᠪᠬᠤᠷ ᠵᠢᠰᠦᠮ )
ᠭᠤᠶ᠎ᠠ ᠂ ᠭᠡᠳᠡᠰᠦ ᠬᠣᠶᠠᠷ ᠤ᠋ᠨ ᠵᠠᠯᠭᠠᠯᠳᠤᠭᠰᠠᠨ ᠨᠢᠮᠭᠡᠨ ᠬᠣᠩᠬᠣᠷᠳᠠᠭᠤ ᠭᠠᠵᠠᠷ᠃ ᠡᠨᠳᠡ ᠨᠢ ᠵᠢᠵᠢᠭᠬᠡᠨ ᠬᠡᠰᠡᠭ ᠴᠠᠭᠠᠨ ᠦᠰᠦᠲᠡᠢ᠃
ᠴᠠᠪᠢᠯᠠᠭᠤᠷ ᠴᠠᠭᠠᠨ ( ᠳᠠᠪᠬᠤᠷ ᠵᠢᠰᠦᠮ )
ᠣᠯᠣᠩ ᠲᠠᠲᠠᠳᠠᠭ ᠭᠠᠵᠠᠷ ᠲᠤ᠌ ᠤᠤᠯ ᠠ᠋ᠴᠠ ᠤᠷᠭᠤᠭᠰᠠᠨ ᠴᠠᠭᠠᠨ ᠦᠰᠦ ᠪᠤᠶᠤ ᠡᠰᠡᠬᠦᠯ᠎ᠡ ᠡᠳ᠋ᠯᠡᠭᠡᠨ ᠦ᠌ ᠮᠠᠭᠤ ᠠ᠋ᠴᠠ ᠪᠣᠯᠵᠤ ᠣᠯᠣᠩ ᠵᠢᠷᠢᠮ ᠦ᠋ᠨ ᠣᠷᠣ ᠳ᠋ᠤ᠌ ᠴᠠᠭᠠᠨ ᠦᠰᠦ ᠤᠷᠭᠤᠭᠰᠠᠨ ᠢ ᠬᠡᠯᠡᠨ᠎ᠡ᠃
ᠰᠦᠪᠡᠭᠡ ᠴᠠᠭᠠᠨ ( ᠳᠠᠪᠬᠤᠷ ᠵᠢᠰᠦᠮ )
ᠠᠳᠤᠭᠤᠨ ᠨᠢᠷᠤᠭᠤᠨ ᠤ᠋ ᠬᠣᠶᠠᠷ ᠲᠠᠯ᠎ᠠ᠂ ᠡᠮᠡᠭᠡᠯ ᠦ᠋ᠨ ᠬᠣᠢᠲᠤ ᠬᠠᠪᠲᠠᠰᠤ ᠳᠠᠷᠤᠳᠠᠭ ᠭᠠᠵᠠᠷ ᠲᠤᠨᠢ ᠤᠤᠯ ᠠ᠋ᠴᠠ ᠤᠷᠭᠤᠭᠰᠠᠨ ᠴᠠᠭᠠᠨ ᠦᠰᠦᠲᠡᠢ ᠪᠤᠶᠤ ᠡᠰᠡᠬᠦᠯ᠎ᠡ ᠤᠭᠴᠤᠷᠭ᠎ᠠ ᠳ᠋ᠤ᠌ ᠳᠠᠷᠤᠭᠳᠠᠨ ᠴᠠᠭᠠᠨ ᠦᠰᠦ ᠤᠷᠭᠤᠭᠰᠠᠨ᠃
ᠰᠤᠭᠤᠨ ᠴᠠᠭᠠᠨ ( ᠳᠠᠪᠬᠤᠷ ᠵᠢᠰᠦᠮ )
ᠰᠤᠭᠤ ᠭᠡᠭᠴᠢ ᠬᠠ᠂ ᠴᠡᠭᠡᠵᠢ ᠬᠣᠶᠠᠷ ᠤ᠋ᠨ ᠠᠭᠤᠯᠵᠠᠯᠲᠠ ᠶ᠋ᠢᠨ ᠠᠷᠤ ᠬᠣᠩᠬᠣᠷ ᠬᠡᠰᠡᠭ᠃ ᠡᠨᠳᠡ ᠨᠢ ᠴᠠᠭᠠᠨᠲᠠᠢ ᠶ᠋ᠢ ᠬᠡᠯᠡᠨ᠎ᠡ᠃
ᠲᠠᠪᠠᠭ ᠴᠠᠭᠠᠨ ( ᠳᠠᠪᠬᠤᠷ ᠵᠢᠰᠦᠮ )
ᠬᠠ ᠶ᠋ᠢᠨ ᠰᠠᠭᠠᠭ ᠠ᠋ᠴᠠ ᠳᠣᠭᠣᠭᠰᠢ ᠲᠤᠭᠤᠷᠠᠢ ᠶ᠋ᠢᠨ ᠲᠣᠭᠣᠷᠢᠨ ᠳ᠋ᠤ᠌ ᠴᠠᠭᠠᠨ ᠦᠰᠦᠲᠡᠢ ᠶ᠋ᠢ ᠬᠡᠯᠡᠨ᠎ᠡ᠃
ᠡᠭᠡᠮ ᠴᠠᠭᠠᠨ ( ᠳᠠᠪᠬᠤᠷ ᠵᠢᠰᠦᠮ )
ᠡᠪᠴᠢᠭᠦᠨ ᠦ᠌ ᠡᠮᠦᠨ᠎ᠡ ᠬᠡᠰᠡᠭ ᠲᠦ᠍ ᠴᠠᠭᠠᠨᠲᠠᠢ ᠶ᠋ᠢ ᠬᠡᠯᠡᠨ᠎ᠡ᠃ ᠵᠠᠷᠢᠮ ᠭᠠᠵᠠᠷ ᠡᠭᠦᠨ ᠢ᠋ ᠴᠡᠭᠡᠵᠢ ᠴᠠᠭᠠᠨ ᠭᠡᠳᠡᠭ ᠃ ᠵᠠᠷᠢᠮ ᠭᠠᠵᠠᠷ ᠪᠠᠰᠠ ᠵᠢᠷᠦᠬᠡ ᠴᠠᠭᠠᠨ ᠭᠡᠵᠦ ᠴᠦ᠍ ᠬᠡᠯᠡᠳᠡᠭ᠃
ᠡᠷᠡᠦ ᠴᠠᠭᠠᠨ ( ᠳᠠᠪᠬᠤᠷ ᠵᠢᠰᠦᠮ ) ᠳᠣᠣᠷᠠᠲᠤ ᠤᠷᠤᠭᠤᠯ ᠴᠠᠭᠠᠨ ᠠᠳᠤᠭᠤ ᠶ᠋ᠢ ᠡᠷᠡᠦ ᠴᠠᠭᠠᠨ ᠭᠡᠳᠡᠭ᠃
ᠡᠨᠳᠡ ᠲᠡᠨᠳᠡᠬᠢ ᠲᠣᠯᠪᠣ ᠪᠠᠷ ᠨᠡᠷᠡᠯᠡᠬᠦ ᠵᠢᠰᠦᠮ :
ᠲᠤᠯᠪᠤ
ᠠᠳᠤᠭᠤ ᠮᠠᠯ ᠤ᠋ᠨ ᠵᠢᠰᠦᠮ ᠳ᠋ᠦ᠍ ᠲᠣᠭᠲᠠᠭᠰᠠᠨ ᠨᠢᠭᠡ ᠬᠣᠶᠠᠷ ᠲᠡᠳᠦᠢ ᠪᠦᠷᠢᠳᠦ᠃ ᠬᠠᠮᠤᠭ ᠤ᠋ᠨ ᠶᠡᠬᠡ ᠬᠡᠮᠵᠢᠶ᠎ᠡ ᠨᠢ ᠮᠥᠩᠭᠥᠨ ᠵᠣᠭᠣᠰ ᠲᠡᠳᠦᠢ᠃
ᠲᠣᠯᠪᠣᠲᠤ ᠬᠠᠷ᠎ᠠ ( ᠳᠠᠪᠬᠤᠷ ᠵᠢᠰᠦᠮ ) ᠬᠠᠷ᠎ᠠ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣᠲᠠᠢ ᠃
ᠲᠣᠯᠪᠣᠲᠤ ᠬᠡᠭᠡᠷ ( ᠳᠠᠪᠬᠤᠷ ᠵᠢᠰᠦᠮ ) ᠬᠡᠭᠡᠷ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣᠲᠠᠢ ᠃
ᠲᠣᠯᠪᠣᠲᠤ ᠬᠦᠷᠡᠩ ( ᠳᠠᠪᠬᠤᠷ ᠵᠢᠰᠦᠮ ) ᠬᠦᠷᠡᠩ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣᠲᠠᠢ ᠃
ᠲᠣᠯᠪᠣᠲᠤ ᠵᠡᠭᠡᠷᠳᠡ ( ᠳᠠᠪᠬᠤᠷ ᠵᠢᠰᠦᠮ ) ᠵᠡᠭᠡᠷᠳᠡ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣᠲᠠᠢ ᠃
ᠲᠣᠯᠪᠣᠲᠤ ᠴᠠᠪᠢᠳᠠᠷ ( ᠳᠠᠪᠬᠤᠷ ᠵᠢᠰᠦᠮ ) ᠴᠠᠪᠢᠳᠠᠷ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣ ᠃
ᠲᠣᠯᠪᠣᠲᠤ ᠰᠠᠭᠠᠷᠠᠯ ( ᠳᠠᠪᠬᠤᠷ ᠵᠢᠰᠦᠮ ) ᠰᠠᠭᠠᠷᠠᠯ ᠵᠢᠰᠦᠮ ᠳᠡᠭᠡᠷ᠎ᠡ ᠲᠣᠭᠲᠠᠭᠰᠠᠨ ᠪᠣᠷᠣ᠂ ᠵᠡᠭᠡᠷᠳᠡ᠂ ᠬᠠᠷ᠎ᠠ ᠲᠣᠯᠪᠣ ᠃
ᠲᠣᠯᠪᠣᠲᠤ ᠪᠣᠷᠣ ( ᠳᠠᠪᠬᠤᠷ ᠵᠢᠰᠦᠮ ) ᠪᠣᠷᠣ ᠵᠢᠰᠦᠮ ᠳᠡᠭᠡᠷ᠎ᠡ ᠲᠣᠭᠲᠠᠭᠰᠠᠨ ᠴᠠᠭᠠᠨ᠂ ᠬᠠᠷ᠎ᠠ ᠲᠣᠯᠪᠣ ᠃
ᠲᠣᠯᠪᠣᠲᠤ ᠴᠡᠩᠬᠡᠷ ( ᠳᠠᠪᠬᠤᠷ ᠵᠢᠰᠦᠮ ) ᠴᠡᠩᠬᠡᠷ ᠵᠢᠰᠦᠮ ᠳᠡᠭᠡᠷ᠎ᠡ ᠲᠣᠭᠲᠠᠭᠰᠠᠨ ᠴᠠᠭᠠᠨ ᠬᠠᠷ᠎ᠠ ᠲᠣᠯᠪᠣ ᠃
ᠲᠣᠯᠪᠣᠲᠤ ᠬᠣᠯᠠ ( ᠳᠠᠪᠬᠤᠷ ᠵᠢᠰᠦᠮ ) ᠬᠣᠯᠠ ᠵᠢᠰᠦᠮ ᠳᠡᠭᠡᠷ᠎ᠡ ᠲᠣᠭᠲᠠᠭᠰᠠᠨ ᠴᠠᠭᠠᠨ ᠪᠣᠷᠣ ᠲᠣᠯᠪᠣ ᠃
ᠲᠣᠯᠪᠣᠲᠤ ᠬᠤᠸᠠ ( ᠳᠠᠪᠬᠤᠷ ᠵᠢᠰᠦᠮ ) ᠬᠤᠸᠠ ᠵᠢᠰᠦᠮ ᠳᠡᠭᠡᠷ᠎ᠡ ᠲᠣᠭᠲᠠᠭᠰᠠᠨ ᠴᠠᠭᠠᠨ ᠪᠣᠷᠣ ᠲᠣᠯᠪᠣ ᠃
ᠲᠣᠯᠪᠣᠲᠤ ᠰᠢᠷᠭ᠎ᠠ ( ᠳᠠᠪᠬᠤᠷ ᠵᠢᠰᠦᠮ ) ᠰᠢᠷᠭ᠎ᠠ ᠵᠢᠰᠦᠮ ᠳᠡᠭᠡᠷ᠎ᠡ ᠲᠣᠭᠲᠠᠭᠰᠠᠨ ᠴᠠᠭᠠᠨ᠂ ᠵᠡᠭᠡᠷᠳᠡ᠂ ᠪᠣᠷᠣ ᠲᠣᠯᠪᠣ ᠃
ᠲᠣᠯᠪᠣᠲᠤ ᠬᠠᠯᠢᠭᠤᠨ ( ᠳᠠᠪᠬᠤᠷ ᠵᠢᠰᠦᠮ ) ᠬᠠᠯᠢᠭᠤᠨ ᠵᠢᠰᠦᠮ ᠳᠡᠭᠡᠷ᠎ᠡ ᠲᠣᠭᠲᠠᠭᠰᠠᠨ ᠴᠠᠭᠠᠨ ᠵᠡᠭᠡᠷᠳᠡ ᠪᠣᠷᠣ ᠲᠣᠯᠪᠣ ᠃
ᠲᠣᠯᠪᠣᠲᠤ ᠪᠤᠭᠤᠷᠤᠯ ( ᠳᠠᠪᠬᠤᠷ ᠵᠢᠰᠦᠮ ) ᠪᠤᠭᠤᠷᠤᠯ ᠵᠢᠰᠦᠮ ᠳᠡᠭᠡᠷ᠎ᠡ ᠲᠣᠭᠲᠠᠭᠰᠠᠨ ᠴᠠᠭᠠᠨ ᠪᠣᠷᠣ ᠲᠣᠯᠪᠣ ᠃
ᠲᠣᠯᠪᠣᠲᠤ ᠴᠠᠭᠠᠨ ( ᠳᠠᠪᠬᠤᠷ ᠵᠢᠰᠦᠮ ) ᠴᠠᠭᠠᠨ ᠵᠢᠰᠦᠮ ᠳᠡᠭᠡᠷ᠎ᠡ ᠲᠣᠭᠲᠠᠭᠰᠠᠨ ᠵᠡᠭᠡᠷᠳᠡ ᠪᠣᠷᠣ ᠲᠣᠯᠪᠣ ᠃
ᠲᠣᠯᠪᠣᠲᠤ ᠤᠯᠠᠭᠠᠨ ( ᠳᠠᠪᠬᠤᠷ ᠵᠢᠰᠦᠮ) ᠤᠯᠠᠭᠠᠨ ᠵᠢᠰᠦᠮ ᠳᠡᠭᠡᠷ᠎ᠡ ᠲᠣᠭᠲᠠᠭᠰᠠᠨ ᠵᠡᠭᠡᠷᠳᠡ ᠲᠣᠯᠪᠣ ᠃
ᠲᠣᠯᠪᠣᠲᠤ ᠬᠠᠯᠲᠠᠷ ( ᠳᠠᠪᠬᠤᠷ ᠵᠢᠰᠦᠮ ) ᠬᠠᠯᠲᠠᠷ ᠵᠢᠰᠦᠮ ᠳᠡᠭᠡᠷ᠎ᠡ ᠲᠣᠭᠲᠠᠭᠰᠠᠨ ᠴᠠᠭᠠᠨ ᠲᠣᠯᠪᠣ ᠃
ᠲᠣᠯᠪᠣᠲᠤ ᠬᠢᠯᠮᠠᠩ ( ᠳᠠᠪᠬᠤᠷ ᠵᠢᠰᠦᠮ ) ᠬᠢᠯᠮᠠᠩ ᠵᠢᠰᠦᠮ ᠳᠡᠭᠡᠷ᠎ᠡ ᠲᠣᠭᠲᠠᠭᠰᠠᠨ ᠵᠡᠭᠡᠷᠳᠡ ᠪᠣᠷᠣ ᠲᠣᠯᠪᠣ ᠃
ᠡᠭᠦᠨᠴᠢᠯᠡᠨ ᠡᠨᠡ ᠬᠦ᠌ ᠲᠣᠯᠪᠣ ᠶ᠋ᠢ ᠡᠯ᠎ᠡ ᠵᠢᠰᠦᠮ ᠳᠡᠭᠡᠷ᠎ᠡ ᠬᠠᠲᠠᠬᠤ ᠪᠤᠶᠤ ᠲᠡᠷᠡᠴᠢᠯᠡᠨ ᠠᠳᠤᠭᠤᠨ ᠤ᠋ ᠪᠡᠶ᠎ᠡ ᠳ᠋ᠡᠬᠢ ᠡᠯ᠎ᠡ ᠬᠡᠰᠡᠭ ᠦ᠋ᠨ ᠨᠡᠷ᠎ᠡ ᠳᠡᠭᠡᠷ᠎ᠡ ᠨᠡᠮᠡᠵᠦ ᠵᠢᠰᠦᠮᠯᠡᠪᠡᠯ ᠪᠠᠰᠠ ᠴᠤ᠌ ᠵᠠᠭᠤᠭᠠᠳ ᠨᠡᠷᠡᠲᠦ ᠵᠢᠰᠦᠮ ᠪᠠᠷᠲᠠᠭ᠎ᠠ ᠪᠠᠷ ᠭᠠᠷᠤᠨ᠎ᠠ ᠃ ᠵᠢᠱ᠌ᠢᠶᠡᠯᠡᠪᠡᠯ : ᠲᠣᠯᠪᠣᠲᠤ ᠰᠢᠷ᠎ᠠ ᠬᠠᠯᠢᠭᠤᠨ ᠂ ᠲᠣᠯᠪᠣᠲᠤ ᠬᠠᠷ᠎ᠠ ᠬᠦᠷᠡᠩ ᠂ ᠮᠤᠨᠳᠠᠭ᠎ᠠ ᠲᠣᠯᠪᠣᠲᠤ ᠬᠠᠷ᠎ᠠ ᠪᠣᠷᠣ ᠂ ᠬᠣᠨᠳᠣᠯᠠᠢ ᠲᠣᠯᠪᠣᠲᠤ ᠶᠠᠭᠠᠨ ᠵᠡᠭᠡᠷᠳᠡ ᠭᠡᠬᠦ ᠮᠡᠲᠦ ᠃
ᠡᠨᠳᠡ ᠲᠡᠨᠳᠡᠬᠢ ᠮᠡᠩᠭᠡ ᠪᠡᠷ ᠨᠡᠷᠡᠯᠡᠬᠦ ᠵᠢᠰᠦᠮ :
ᠮᠡᠩᠭᠡ
ᠠᠳᠤᠭᠤᠨ ᠤ᠋ ᠠᠷᠠᠰᠤᠨ ᠳᠡᠭᠡᠷ᠎ᠡ ᠤᠷᠭᠤᠨ ᠲᠣᠭᠲᠠᠭᠰᠠᠨ ᠨᠢᠭᠡ ᠲᠡᠳᠦᠢ ᠬᠠᠷ᠎ᠠ ᠲᠣᠯᠪᠣ᠃ ᠶᠡᠬᠡ ᠪᠠᠭ᠎ᠠ ᠨᠢ ᠲᠣᠯᠪᠣᠲᠠᠢ ᠪᠠᠷᠤᠭ ᠠᠳᠠᠯᠢᠪᠲᠤᠷ᠃ᠢᠯᠭᠠᠭᠳᠠᠬᠤ ᠨᠢ ᠴᠠᠭᠠᠨ᠂ ᠵᠡᠭᠡᠷᠳᠡ ᠲᠣᠯᠪᠣ ᠶ᠋ᠢ ᠨᠢ ᠲᠣᠯᠪᠣ ᠭᠡᠳ᠂ ᠬᠠᠷ᠎ᠠ ᠶ᠋ᠢ ᠨᠢ ᠮᠡᠩᠭᠡ ᠭᠡᠬᠦ᠃
ᠮᠡᠩᠭᠡᠲᠦ ᠴᠠᠭᠠᠨ ( ᠳᠠᠪᠬᠤᠷ ) ᠴᠠᠭᠠᠨ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠠᠷ᠎ᠠ ( ᠳᠠᠪᠬᠤᠷ ) ᠬᠠᠷ᠎ᠠ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠦᠷᠡᠩ ᠂ ᠵᠡᠭᠡᠷᠳᠡ ᠲᠣᠯᠪᠣ ᠃
ᠮᠡᠩᠭᠡᠲᠦ ᠬᠡᠭᠡᠷ ( ᠳᠠᠪᠬᠤᠷ ) ᠬᠡᠭᠡᠷ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠦᠷᠡᠩ ( ᠳᠠᠪᠬᠤᠷ ) ᠬᠦᠷᠡᠩ ᠵᠢᠰᠦᠮ ᠦ᠋ᠨ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠵᠡᠭᠡᠷᠳᠡ ( ᠳᠠᠪᠬᠤᠷ ) ᠵᠡᠭᠡᠷᠳᠡ ᠵᠢᠰᠦᠮ ᠳᠡᠭᠡᠷ᠎ᠡ ᠬᠠᠮᠢᠭ᠎ᠠ ᠨᠢᠭᠡ ᠳ᠋ᠦ᠍ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠴᠠᠪᠢᠳᠠᠷ ( ᠳᠠᠪᠬᠤᠷ ) ᠴᠠᠪᠢᠳᠠᠷ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠲᠤᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠰᠠᠭᠠᠷᠠᠯ ( ᠳᠠᠪᠬᠤᠷ ) ᠰᠠᠭᠠᠷᠠᠯ ᠵᠢᠰᠦᠮ ᠳᠡᠭᠡᠷ᠎ᠡ ᠬᠠᠮᠢᠭ᠎ᠠ ᠨᠢᠭᠡ ᠳ᠋ᠦ᠍ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠪᠣᠷᠣ ( ᠳᠠᠪᠬᠤᠷ ) ᠪᠣᠷᠣ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠴᠡᠩᠬᠡᠷ ( ᠳᠠᠪᠬᠤᠷ ) ᠴᠡᠩᠬᠡᠷ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠤᠸᠠ ( ᠳᠠᠪᠬᠤᠷ ) ᠬᠤᠸᠠ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠣᠯᠠ ( ᠳᠠᠪᠬᠤᠷ ) ᠬᠣᠯᠠ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠰᠢᠷᠭ᠎ᠠ ( ᠳᠠᠪᠬᠤᠷ ) ᠰᠢᠷᠭ᠎ᠠ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠠᠯᠢᠭᠤᠨ ( ᠳᠠᠪᠬᠤᠷ ) ᠬᠠᠯᠢᠭᠤᠨ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠪᠤᠭᠤᠷᠤᠯ ( ᠳᠠᠪᠬᠤᠷ ) ᠪᠤᠭᠤᠷᠤᠯ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠤᠯᠠᠭᠠᠨ ( ᠳᠠᠪᠬᠤᠷ ) ᠤᠯᠠᠭᠠᠨ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠠᠯᠲᠠᠷ ( ᠳᠠᠪᠬᠤᠷ ) ᠬᠠᠯᠲᠠᠷ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠮᠡᠩᠭᠡᠲᠦ ᠬᠢᠯᠮᠠᠩ ( ᠳᠠᠪᠬᠤᠷ ) ᠬᠢᠯᠮᠠᠩ ᠵᠢᠰᠦᠮ ᠳᠡᠭᠡᠷ᠎ᠡ ᠬᠠᠮᠢᠭ᠎ᠠ ᠨᠢᠭᠡ ᠭᠠᠵᠠᠷ ᠨᠢ ᠲᠣᠭᠲᠠᠭᠰᠠᠨ ᠬᠠᠷ᠎ᠠ ᠲᠣᠯᠪᠣ ᠃
ᠡᠭᠦᠨᠴᠢᠯᠡᠨ ᠡᠨᠡ ᠬᠦ᠌ ᠮᠡᠩᠭᠡ ᠶ᠋ᠢ ᠠᠳᠤᠭᠤᠨ ᠤ᠋ ᠡᠯ᠎ᠡ ᠵᠢᠰᠦᠮ ᠳᠡᠭᠡᠷ᠎ᠡ ᠬᠠᠲᠠᠬᠤ ᠪᠤᠶᠤ ᠲᠡᠭᠦᠨᠴᠢᠯᠡᠨ ᠠᠳᠤᠭᠤᠨ ᠤ᠋ ᠪᠡᠶ᠎ᠡ ᠳ᠋ᠡᠬᠢ ᠡᠯ᠎ᠡ ᠬᠡᠰᠡᠭ ᠦ᠋ᠨ ᠨᠡᠷ᠎ᠡ ᠳᠡᠭᠡᠷ᠎ᠡ ᠨᠡᠮᠡᠵᠦ ᠵᠢᠰᠤᠮᠯᠠᠪᠠᠯ ᠪᠠᠰᠠ ᠵᠠᠭᠤᠭᠠᠳ ᠵᠢᠰᠦᠮ ᠪᠣᠢ ᠪᠣᠯᠬᠤ ᠨᠢ ᠭᠠᠷᠴᠠᠭ᠎ᠠ ᠦᠭᠡᠢ ᠪᠢᠰᠢ ᠤᠤ᠃ ᠵᠢᠱ᠌ᠢᠶᠡᠯᠡᠪᠡᠯ : ᠮᠡᠩᠭᠡᠲᠦ ᠤᠯᠠᠭᠠᠨ ᠬᠡᠭᠡᠷ᠂ ᠮᠡᠩᠭᠡᠲᠦ ᠬᠤᠸᠠ ᠰᠠᠭᠠᠷᠠᠯ᠂ ᠬᠣᠩᠭᠣ ᠮᠡᠩᠭᠡᠲᠦ ᠰᠢᠷᠭ᠎ᠠ᠂ ᠲᠡᠰᠢᠶ᠎ᠡ ᠮᠡᠩᠭᠡᠲᠦ ᠤᠯᠠᠭᠠᠨ ᠭᠡᠬᠦ ᠮᠡᠲᠦ᠃