ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 7 > Хөх зул – Боржигон Ванжал –"Тав ᠂ Таван хошуу малын бүлэг " 7 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 7 > Хөх зул – Боржигон Ванжал –"Тав ᠂ Таван хошуу малын бүлэг " 7

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 7 > Хөх зул – Боржигон Ванжал –"Тав ᠂ Таван хошуу малын бүлэг " 7

ᠠᠩᠭᠢᠯᠠᠯ:ᠵᠠᠩ ᠦᠢᠯᠡ
2023-12-15

347

ᠲᠠᠪᠤ ᠂ ᠲᠠᠪᠤᠨ ᠬᠣᠰᠢᠭᠤ ᠮᠠᠯ ᠤᠨ ᠪᠦᠯᠦᠭ – 7

ᠠᠳᠤᠭᠤᠨ ᠤ ᠪᠡᠶ᠎ᠡ ᠳ᠋ᠡᠬᠢ ᠬᠡᠰᠡᠭ ᠦ᠋ᠨ ᠨᠡᠷᠡᠰ Адууны бие дэх хэсгийн нэрс


ᠳᠡᠭᠡᠳᠦ ᠤᠷᠤᠭᠤᠯ 
       ᠠᠮᠠᠨ ᠤ᠋ ᠳᠡᠭᠡᠳᠦ ᠲᠠᠯ᠎ᠠ ᠶ᠋ᠢᠨ ᠤᠷᠤᠭᠤᠯ ᠤ᠋ᠨ ᠬᠡᠰᠡᠭ᠂ ᠪᠠᠰᠠ ᠴᠤᠷᠪᠤᠭᠤ ᠭᠡᠨ᠎ᠡ᠃ 
ᠬᠠᠮᠠᠷ ᠤ᠋ᠨ ᠦᠵᠦᠭᠦᠷ  
       ᠬᠠᠮᠠᠷ ᠤ᠋ᠨ ᠬᠣᠶᠠᠷ ᠨᠦᠬᠡ ᠶ᠋ᠢᠨ ᠬᠣᠭᠣᠷᠣᠨᠳᠣᠬᠢ ᠬᠡᠰᠡᠭ᠂ ᠰᠠᠮᠰᠠ ᠶ᠋ᠢᠨ ᠡᠮᠦᠨ᠎ᠡ ᠦᠵᠦᠭᠦᠷ ᠬᠡᠰᠡᠭ᠃ 
ᠬᠠᠴᠠᠷ  
       ᠨᠢᠳᠦᠨ ᠦ᠌ ᠳᠣᠣᠷ᠎ᠠ᠂ ᠡᠷᠡᠦ ᠶ᠋ᠢᠨ ᠳᠡᠭᠡᠷ᠎ᠡ ᠬᠡᠰᠡᠭ᠃ 
ᠬᠠᠮᠠᠷ 
       ᠬᠠᠮᠠᠷ ᠤ᠋ᠨ ᠨᠦᠬᠡ ᠡᠴᠡ ᠳᠡᠭᠡᠭᠰᠢᠬᠢ ᠬᠢᠩᠭ᠎ᠠ ᠬᠠᠮᠠᠷ ᠤ᠋ᠨ ᠶᠠᠰᠤ᠃ 
ᠨᠢᠳᠦ 
       ᠬᠠᠴᠠᠷ ᠤ᠋ᠨ ᠳᠡᠭᠡᠷ᠎ᠡ ᠪᠦᠬᠦᠢ ᠠᠳᠤᠭᠤᠨ ᠤ᠋ ᠦᠵᠡᠬᠦ ᠡᠷᠬᠡᠲᠡᠨ᠃ 
ᠬᠥᠮᠥᠰᠬᠡ ᠶᠠᠰᠤ 
       ᠨᠢᠳᠦᠨ ᠳᠡᠭᠡᠷᠡᠬᠢ ᠢᠷᠮᠡᠭ ᠦ᠋ᠨ ᠶᠠᠰᠤ᠃ 
ᠤᠬᠤᠷᠬᠠᠢ 
       ᠨᠢᠳᠦ ᠣᠷᠣᠰᠢᠬᠤ ᠬᠣᠩᠬᠣᠷ ᠪᠢᠰᠢ᠂ ᠨᠢᠳᠦᠨ ᠦ᠌ ᠳᠡᠭᠡᠷᠡᠬᠢ ᠵᠢᠵᠢᠭ ᠬᠣᠲᠣᠭᠣᠷ᠃ 
ᠮᠠᠩᠨᠠᠢ  
       ᠬᠣᠶᠠᠷ ᠨᠢᠳᠦᠨ ᠦ᠌ ᠲᠡᠭᠡᠭᠡᠨᠳᠡᠢ ᠪᠠᠢᠭ᠎ᠠ ᠬᠠᠪᠲᠠᠭᠠᠢᠯᠢᠭ᠋ ᠬᠡᠰᠡᠭ᠃ ᠬᠠᠯᠬ᠎ᠠ ᠳ᠋ᠤ᠌ ᠳᠤᠬᠤ ᠭᠡᠨ᠎ᠡ᠃ 
ᠬᠥᠬᠥᠯ 
       ᠬᠣᠶᠠᠷ ᠴᠢᠬᠢ ᠶ᠋ᠢᠨ ᠬᠣᠭᠣᠷᠣᠨᠳᠣᠬᠢ ᠂ ᠳᠡᠯ ᠦ᠋ᠨ ᠡᠮᠦᠨ᠎ᠡ ᠦᠵᠦᠭᠦᠷ ᠲᠡᠬᠢ ᠬᠢᠷᠭᠠᠭᠰᠠᠨ ᠦᠭᠡᠢ ᠲᠠᠯᠪᠢᠭᠰᠠᠨ ᠳᠡᠯ ᠂ ᠣᠯᠠᠩᠬᠢ ᠭᠠᠵᠠᠷ ( ᠥᠪᠥᠷ ᠲᠦ᠍ ) ᠭᠡᠭᠦᠨ ᠳ᠋ᠦ᠍ ᠲᠠᠯᠪᠢᠳᠠᠭ ᠭᠡᠵᠢᠭᠡ᠃ 
ᠤᠲᠤᠭ᠎ᠠ 
       ᠠᠭᠲᠠ ᠮᠣᠷᠢᠨ ᠤ᠋ ᠳᠡᠯ ᠢ᠋ ᠬᠢᠷᠭᠠᠬᠤ ᠳ᠋ᠠᠭᠠᠨ ᠬᠣᠶᠠᠷ ᠴᠢᠬᠢ ᠲᠡᠢ ᠣᠴᠤᠭᠯᠠᠭᠤᠯᠤᠨ ᠳᠠᠭᠵᠠᠨ ᠳᠡᠭᠡᠷ᠎ᠡ ᠨᠢ ᠲᠠᠯᠪᠢᠭᠰᠠᠨ ᠳᠡᠯ᠂ ᠵᠠᠷᠢᠮ ᠭᠠᠵᠠᠷ ᠭᠡᠵᠢᠭᠡ ᠴᠦ᠍ ᠭᠡᠳᠡᠭ᠃ 
ᠴᠢᠬᠢ 
       ᠳᠡᠯ ᠢ᠋ ᠬᠠᠪᠴᠢᠭᠠᠳ ᠲᠣᠯᠣᠭᠠᠢ ᠶ᠋ᠢᠨ ᠣᠷᠣᠢ ᠳ᠋ᠤ᠌ ᠤᠷᠭᠤᠭᠰᠠᠨ ᠠᠳᠤᠭᠤᠨ ᠤ᠋ ᠰᠣᠨᠣᠰᠬᠤ ᠡᠷᠬᠡᠲᠡᠨ᠃ 
ᠴᠢᠬᠢᠨ ᠣᠮᠣᠭ  
       ᠴᠢᠬᠢᠨ ᠦ᠌ ᠮᠡᠷᠭᠡᠨ ᠦᠵᠦᠭᠦᠷ᠃ 
ᠳᠤᠬᠤ  
       ᠬᠣᠶᠠᠷ ᠴᠢᠬᠢ ᠶ᠋ᠢᠨ ᠳᠤᠮᠳᠠ ᠠ᠋ᠴᠠ ᠦᠯᠦ ᠮᠡᠳᠡᠭ ᠠᠷᠤ ᠳ᠋ᠤ᠌ ᠪᠣᠢ ᠬᠡᠰᠡᠭ᠃ ᠬᠠᠯᠬ᠎ᠠ ᠳ᠋ᠤ᠌ ᠳᠠᠭᠵᠠ ᠭᠡᠳᠡᠭ᠃ 
ᠴᠢᠮᠠᠷᠬᠠᠢ 
       ᠳᠠᠭᠵᠠᠨ ᠤ᠋ ᠲᠤᠤᠭᠣᠬᠠᠨᠳᠠᠢ ᠬᠣᠲᠣᠭᠣᠷ᠂ ᠠᠮᠠᠨ ᠬᠦᠵᠦᠭᠦᠨ ᠦ᠌ ᠡᠮᠦᠨ᠎ᠡ ᠪᠠᠯᠴᠢᠷ᠃ 
ᠰᠢᠨᠡ  
       ᠬᠥᠮᠦᠨ ᠠᠮᠢᠲᠠᠨ ᠤ᠋ ᠡᠷᠡᠦ ᠶ᠋ᠢᠨ ᠶᠠᠰᠤᠨ ᠤ᠋ ᠳᠣᠣᠷᠠᠲᠤ ᠢᠷᠮᠡᠭ ᠳᠠᠭᠠᠤ ᠮᠤᠷᠤᠢ ᠭᠠᠵᠠᠷ᠃ 
ᠬᠦᠵᠦᠭᠦᠨ ᠦ᠌ ᠬᠠᠵᠠᠭᠤ  
       ᠬᠦᠵᠦᠭᠦᠨ ᠦ᠌ ᠬᠣᠶᠠᠷ ᠲᠠᠯ᠎ᠠ ᠶ᠋ᠢᠨ ᠬᠡᠰᠡᠭ᠃ 
ᠳᠡᠯ 
       ᠮᠤᠨᠳᠠᠭ᠎ᠠ ᠠ᠋ᠴᠠ ᠬᠣᠶᠠᠷ ᠴᠢᠬᠢ ᠶ᠋ᠢᠨ ᠬᠣᠭᠣᠷᠣᠨᠳᠣᠬᠢ ᠬᠥᠬᠥᠯ ᠬᠦᠷᠲᠡᠯᠡᠬᠢ ᠬᠦᠵᠦᠭᠦᠨ ᠳᠡᠭᠡᠭᠦᠷ ᠤᠷᠭᠤᠭᠰᠠᠨ ᠤᠷᠲᠤ ᠬᠢᠯᠭᠠᠰᠤ᠃ 
ᠰᠢᠯᠢᠨ ᠬᠦᠵᠦᠭᠦᠦ 
       ᠬᠦᠵᠦᠭᠦᠦ ᠶ᠋ᠢᠨ ᠳᠡᠭᠡᠭᠦᠷ ᠰᠢᠯᠢ ᠰᠢᠷᠪᠦᠰᠦᠨ ᠪᠣᠢ ᠬᠡᠰᠡᠭ᠃ 
ᠬᠠᠷ᠎ᠠ ᠴᠡᠭᠡᠵᠢ  
       ᠪᠦᠳᠦᠭᠦᠨ ᠬᠦᠵᠦᠭᠦᠦ ᠶ᠋ᠢᠨ ᠬᠡᠰᠡᠭ᠃ 
ᠤᠨᠵᠢᠷᠠᠭ᠎ᠠ 
       ᠳᠠᠯᠤ ᠶ᠋ᠢᠨ ᠳᠡᠭᠡᠳᠦ᠂ ᠮᠤᠨᠳᠠᠭ᠎ᠠ ᠶ᠋ᠢᠨ ᠳᠣᠣᠷ᠎ᠠ ᠬᠡᠰᠡᠭ᠃ 
ᠳᠠᠯᠤ  
       ᠬᠠ ᠶ᠋ᠢᠨ ᠳᠡᠭᠡᠳᠦ ᠦᠵᠦᠭᠦᠷ ᠲᠦ᠍ ᠵᠠᠯᠭᠠᠵᠤ ᠪᠣᠢ ᠬᠠᠪᠲᠠᠭᠠᠢ ᠬᠡᠰᠡᠭ᠃ 
ᠲᠠᠯᠤᠨ ᠬᠠᠭᠤᠳᠠᠰᠤ 
       ᠲᠠᠯᠤᠨ ᠤ᠋ ᠳᠣᠲᠣᠷ ᠲᠠᠯ᠎ᠠ ᠶ᠋ᠢᠨ ᠨᠢᠮᠭᠡᠨ ᠮᠢᠬ᠎ᠠ᠃ 
ᠰᠡᠷᠪᠡᠭᠡ  
       ᠬᠣᠶᠠᠷ ᠳᠠᠯᠤ ᠬᠠᠪᠴᠢᠭᠰᠠᠨ ᠰᠡᠭᠡᠷ ᠦ᠋ᠨ ᠥᠨᠳᠥᠷ ᠬᠡᠰᠡᠭ᠃ 
ᠮᠤᠨᠳᠠᠭ᠎ᠠ 
       ᠰᠡᠷᠪᠡᠭᠡ ᠡᠴᠡ ᠦᠯᠦ ᠮᠡᠳᠡᠭ ᠠᠷᠤᠬᠠᠨᠲᠠᠢ ᠬᠡᠰᠡᠭ᠃ 
ᠨᠢᠷᠤᠭᠤ  
       ᠮᠤᠨᠳᠠᠭ᠎ᠠ ᠠ᠋ᠴᠠ ᠠᠷᠤ ᠳ᠋ᠤ᠌᠂ ᠬᠠᠷᠴᠠᠭ᠎ᠠ ᠨᠢᠷᠤᠭᠤ ᠠ᠋ᠴᠠ ᠡᠮᠦᠨ᠎ᠡ ᠬᠡᠰᠡᠭ᠃ 
ᠬᠠᠷᠴᠠᠭ᠎ᠠ ᠨᠢᠷᠤᠭᠤ  
       ᠨᠢᠷᠤᠭᠤ ᠠ᠋ᠴᠠ ᠠᠷᠤ ᠳ᠋ᠤ᠌᠂ ᠤᠭᠤᠴᠠᠨ ᠠ᠋ᠴᠠ ᠡᠮᠦᠨ᠎ᠡ ᠪᠠᠢᠭ᠎ᠠ ᠬᠡᠰᠡᠭ᠃ 
ᠬᠠᠷᠭᠠᠮ 
       ᠰᠡᠭᠦᠵᠢᠨ ᠲᠣᠯᠣᠭᠠᠢ ᠶ᠋ᠢᠨ ᠡᠮᠦᠨᠡᠬᠡᠨ ᠨᠢᠷᠤᠭᠤᠨ ᠤ᠋ ᠡᠷᠭᠦᠭᠳᠡᠭᠰᠡᠨ ᠬᠡᠰᠡᠭ᠃ 
ᠬᠣᠨᠳᠣᠯᠠᠢ  
       ᠠᠳᠤᠭᠤᠨ ᠤ᠋ ᠨᠢᠷᠤᠭᠤ ᠶ᠋ᠢᠨ ᠰᠢᠪᠲᠤᠷᠠᠬᠤ ᠠᠷᠤ ᠬᠡᠰᠡᠭ᠃ 
ᠲᠠᠰᠢᠶᠠᠨ ᠲᠣᠯᠣᠭᠠᠢ  
       ᠰᠡᠭᠦᠵᠢᠨ ᠲᠣᠯᠣᠭᠠᠢ ᠶ᠋ᠢᠨ ᠬᠡᠰᠡᠭ ᠦ᠋ᠳ᠃ 
ᠬᠠᠪᠲᠠᠭᠠᠢ ᠲᠡᠰᠢᠶ᠎ᠡ  
       ᠰᠡᠭᠦᠵᠢᠨ ᠦ᠌ ᠬᠠᠪᠲᠠᠭᠠᠢ ᠬᠡᠰᠡᠭ᠃ 
ᠤᠭᠤᠴᠠ 
       ᠬᠠᠷᠴᠠᠭ᠎ᠠ ᠨᠢᠷᠤᠭᠤᠨ ᠠ᠋ᠴᠠ ᠬᠣᠢᠰᠢᠬᠢ ᠬᠣᠨᠳᠣᠯᠠᠢ ᠶ᠋ᠢᠨ ᠬᠡᠰᠡᠭ ᠢ᠋ ᠪᠠᠭᠲᠠᠭᠠᠭᠰᠠᠨ᠃ 
ᠥᠭᠡᠵᠡᠭ  
       ᠰᠡᠭᠦᠯ ᠦ᠋ᠨ ᠤᠭ ᠣᠷᠴᠢᠮ ᠤ᠋ᠨ ᠪᠥᠭᠰᠡᠨ ᠦ᠌ ᠲᠣᠨᠲᠣᠭᠣᠷ ᠭᠠᠵᠠᠷ᠃ 
ᠰᠡᠭᠦᠯ ᠦ᠋ᠨ ᠤᠭ 
       ᠰᠡᠭᠦᠯ ᠤᠷᠭᠤᠵᠤ ᠪᠣᠢ ᠬᠠᠮᠤᠭ ᠤ᠋ᠨ ᠡᠬᠢᠨ ᠦ᠌ ᠭᠠᠵᠠᠷ᠃ 
ᠰᠡᠮᠡᠢ  
       ᠰᠡᠭᠦᠯ ᠦ᠋ᠨ ᠤᠭ ᠲᠤ᠌ ᠤᠷᠭᠤᠭᠰᠠᠨ ᠣᠬᠣᠷ ᠬᠢᠯᠭᠠᠰᠤ ᠨᠤᠭᠤᠳ᠃ 
ᠰᠡᠭᠦᠯ  
       ᠰᠡᠭᠦᠯ ᠦ᠋ᠨ ᠤᠭ ᠠ᠋ᠴᠠ ᠤᠷᠭᠤᠭᠰᠠᠨ ᠤᠷᠲᠤ ᠬᠢᠯᠭᠠᠰᠤ ᠨᠤᠭᠤᠳ᠃ 
ᠳᠤᠮᠳᠠ ᠴᠢᠮᠥᠭᠡ  
       ᠰᠡᠭᠦᠵᠢ ᠡᠴᠡ ᠳᠣᠷᠣᠭᠰᠢ ᠵᠠᠯᠭᠠᠵᠤ ᠪᠣᠢ ᠬᠡᠰᠡᠭ᠃ 
ᠬᠣᠩᠭᠣ 
       ᠳᠤᠮᠳᠠ ᠴᠢᠮᠥᠭᠡ ᠶ᠋ᠢᠨ ᠠᠷᠤ ᠨᠠᠬᠢᠭᠤ ᠬᠡᠰᠡᠭ᠃ 
ᠨᠢᠮᠭᠡᠨ ᠴᠠᠪᠢ   
       ᠭᠤᠶ᠎ᠠ᠂ ᠭᠡᠳᠡᠰᠦ ᠬᠣᠶᠠᠷ ᠤ᠋ᠨ ᠨᠡᠢᠯᠡᠩᠭᠢ ᠬᠡᠰᠡᠭ᠃ 
ᠬᠢᠷᠵᠠᠩ 
       ᠰᠢᠭᠡᠬᠦ ᠡᠷᠬᠡᠲᠡᠨ ᠃ ᠪᠠᠰᠠ ᠴᠢᠪᠢ ᠭᠡᠳᠡᠭ᠃ 
ᠲᠣᠢᠭ  
       ᠳᠤᠮᠳᠠ ᠴᠢᠮᠥᠭᠡ ᠂ ᠱᠠᠭᠠᠨᠲᠤ ᠴᠢᠮᠥᠭᠡ ᠶ᠋ᠢᠨ ᠠᠭᠤᠯᠵᠠᠭᠤᠷ ᠪᠣᠯᠬᠤ ᠡᠪᠦᠳᠦᠭ ᠦ᠋ᠨ ᠳᠡᠭᠡᠷ᠎ᠡ ᠪᠠᠢᠬᠤ ᠪᠣᠨᠲᠣᠭᠣᠷ ᠲᠥᠭᠥᠷᠢᠭ ᠶᠠᠰᠤ᠃ 
ᠱᠠᠭᠠᠨᠲᠤ ᠴᠢᠮᠥᠭᠡ  
       ᠳᠤᠮᠳᠠ ᠴᠢᠮᠥᠭᠡ ᠡᠴᠡ ᠵᠠᠯᠭᠠᠭᠰᠠᠨ ᠪᠣᠷᠪᠢ ᠠ᠋ᠴᠠ ᠳᠡᠭᠡᠭᠰᠢᠬᠢ ᠬᠡᠰᠡᠭ᠃ 
ᠪᠣᠷᠪᠢ  
       ᠱᠠᠭᠠᠨᠲᠤ ᠴᠢᠮᠥᠭᠡ ᠶ᠋ᠢᠨ ᠲᠣᠯᠣᠭᠠᠢ ᠳ᠋ᠤ᠌ ᠪᠠᠢᠭ᠎ᠠ ᠴᠣᠨᠳᠣᠭᠣᠷ ᠬᠡᠰᠡᠭ᠃ 
ᠰᠢᠯᠪᠢ  
       ᠱᠠᠭᠠᠨᠲᠤ ᠴᠢᠮᠥᠭᠡ ᠡᠴᠡ ᠵᠠᠯᠭᠠᠭᠰᠠᠨ ᠰᠠᠭᠠᠭ ᠠ᠋ᠴᠠ ᠳᠡᠭᠡᠭᠰᠢᠬᠢ ᠬᠡᠰᠡᠭ᠃ 
ᠰᠠᠭᠠᠭ 
       ᠰᠢᠯᠪᠢ ᠶ᠋ᠢᠨ ᠳᠣᠣᠷᠠᠲᠤ ᠦᠵᠦᠭᠦᠷ ᠲᠡᠬᠢ ᠰᠠᠭᠰᠠᠭᠠᠷ ᠦᠰᠦ ᠪᠦᠬᠦᠢ ᠬᠡᠰᠡᠭ᠃ ᠪᠠᠰᠠ ᠰᠠᠭᠠᠯᠠᠭ ᠭᠡᠳᠡᠭ᠃ 
ᠪᠡᠷᠪᠡᠬᠡᠢ  
       ᠰᠠᠭᠠᠭ ᠂ ᠲᠤᠭᠤᠷᠠᠢ ᠬᠣᠶᠠᠷ ᠤ᠋ᠨ ᠬᠣᠭᠣᠷᠣᠨᠳᠣᠬᠢ ᠬᠡᠰᠡᠭ ᠦ᠋ᠨ ᠠᠷᠤ ᠳ᠋ᠠᠬᠢ ᠬᠣᠩᠬᠣᠷᠳᠠᠭᠤ ᠬᠡᠰᠡᠭ᠃ 
ᠲᠤᠭᠤᠷᠠᠢ 
       ᠳᠥᠷᠪᠡᠨ ᠮᠥᠴᠢ ᠶ᠋ᠢᠨ ᠳᠣᠣᠷᠠᠲᠤ ᠦᠵᠦᠭᠦᠷ ᠲᠡᠬᠢ ᠡᠪᠡᠷᠯᠢᠭ ᠬᠡᠰᠡᠭ᠃ 
ᠭᠠᠬᠠᠢ 
       ᠲᠤᠭᠤᠷᠠᠢ ᠶ᠋ᠢᠨ ᠲᠠᠪᠠᠭ ᠳᠠᠬᠢ ᠭᠤᠷᠪᠠᠯᠵᠢᠨ ᠡᠪᠡᠷᠯᠢᠭ ᠲᠠᠪᠠᠭ᠃ 
ᠬᠠᠰᠠ  
       ᠭᠤᠶ᠎ᠠ ᠶ᠋ᠢᠨ ᠪᠣᠷᠪᠢ ᠠ᠋ᠴᠠ ᠳᠡᠭᠡᠭᠰᠢ ᠣᠷᠴᠢᠮ ᠤ᠋ᠨ ᠳᠣᠲᠣᠷ ᠲᠠᠯ᠎ᠠ᠃ 
ᠡᠮᠡᠭᠡᠨ ᠲᠤᠭᠤᠷᠠᠢ  
       ᠬᠠ ᠶ᠋ᠢᠨ ᠡᠪᠦᠳᠦᠭ ᠣᠷᠴᠢᠮ᠂ ᠭᠤᠶ᠎ᠠ ᠶ᠋ᠢᠨ ᠪᠣᠷᠪᠢ ᠣᠷᠴᠢᠮ ᠤᠷᠭᠤᠳᠠᠭ ᠵᠢᠭᠠᠬᠠᠨ ᠡᠪᠡᠷᠯᠢᠭ᠃ ᠵᠠᠷᠢᠮ ᠭᠠᠵᠠᠷ ᠪᠠᠰᠠ ᠰᠢᠪᠡᠷᠢ ᠭᠡᠳᠡᠭ᠃ 
ᠰᠢᠮᠠᠷᠬᠠᠢ 
       ᠬᠢᠷᠵᠠᠩ ᠤ᠋ᠨ ᠪᠦᠷᠬᠦᠭᠦᠯ ᠂ ᠪᠠᠰᠠ ᠬᠤᠤᠬᠠᠨᠠᠭ ᠭᠡᠳᠡᠭ᠃ 
ᠥᠯᠥᠨ ᠬᠣᠩᠬᠣᠷ 
       ᠪᠡᠷᠪᠡᠬᠡᠢ ᠶ᠋ᠢᠨ ᠡᠰᠡᠷᠭᠦ ᠴᠥᠮᠴᠥᠭᠡ ᠶ᠋ᠢᠨ ᠡᠮᠦᠨ᠎ᠡ ᠵᠠᠪᠰᠠᠷᠯᠢᠭ ᠬᠣᠩᠬᠣᠷ᠃ 
ᠭᠡᠳᠡᠰᠦ   
       ᠬᠤᠤᠬᠠᠨᠠᠭ ᠠ᠋ᠴᠠ ᠡᠮᠦᠨᠡᠰᠢ ᠪᠣᠢ ᠠᠳᠤᠭᠤᠨ ᠤ᠋ ᠳᠣᠣᠷᠠᠲᠤ ᠡᠯᠢᠭᠡᠨ ᠲᠠᠯ᠎ᠠ᠃ 
ᠰᠦᠪᠡᠭᠡ  
       ᠨᠢᠷᠤᠭᠤᠨ ᠬᠣᠶᠠᠷ ᠲᠠᠯ᠎ᠠ ᠶ᠋ᠢᠨ ᠰᠦᠪᠡᠷᠭᠡ᠂ ᠬᠠᠷᠴᠠᠭ᠎ᠠ ᠬᠣᠶᠠᠷ ᠤ᠋ᠨ ᠠᠭᠤᠯᠵᠠᠭᠤᠷ ᠤ᠋ᠨ ᠬᠡᠰᠡᠭ᠃ 
ᠬᠠᠪᠢᠷᠭ᠎ᠠ   
       ᠠᠳᠤᠭᠤᠨ ᠤ᠋ ᠴᠡᠭᠡᠵᠢᠨ ᠪᠡᠶ᠎ᠡ ᠶ᠋ᠢᠨ ᠬᠠᠵᠠᠭᠤ ᠶ᠋ᠢ ᠪᠦᠲᠦᠭᠡᠭᠰᠡᠨ ᠨᠠᠷᠢᠨ ᠤᠷᠲᠤ ᠶᠠᠰᠤ ᠨᠤᠭᠤᠳ᠃ 
ᠡᠪᠴᠢᠭᠦᠦ 
       ᠬᠣᠶᠠᠷ ᠬᠠ ᠶ᠋ᠢᠨ ᠳᠤᠮᠳᠠ ᠪᠣᠢ ᠴᠡᠭᠡᠵᠢᠨ ᠶᠠᠰᠤᠨ ᠤ᠋ ᠬᠣᠰᠢᠭᠤᠯᠵᠢᠨ ᠦᠵᠦᠭᠦᠷ᠃ 
ᠤᠯᠠᠭᠠᠨ ᠰᠤᠭᠤ   
       ᠬᠠ᠂ ᠴᠡᠭᠡᠵᠢ ᠬᠣᠶᠠᠷ ᠤ᠋ᠨ ᠨᠡᠢᠯᠡᠩᠭᠢ ᠶ᠋ᠢᠨ ᠠᠷᠤ ᠬᠣᠩᠬᠣᠷᠳᠠᠭᠤ ᠭᠠᠵᠠᠷ᠃ 
ᠬᠢᠶᠠᠷᠬᠢ  
       ᠲᠤᠭᠤᠷᠠᠢ ᠶ᠋ᠢᠨ ᠬᠠᠵᠠᠭᠤᠷᠢ᠃ 
ᠬᠠᠭᠳᠠ ᠦᠶ᠎ᠡ  
       ᠶᠠᠰᠤᠨ ᠤ᠋ ᠬᠠᠭᠤᠷᠠᠢ ᠦᠶ᠎ᠡ ᠂ ᠪᠣᠭᠳᠣᠰᠣᠨ ᠲᠣᠯᠣᠭᠠᠢ ᠂ ᠰᠢᠯᠪᠢ ᠬᠣᠶᠠᠷ ᠤ᠋ᠨ ᠠᠭᠤᠯᠵᠠᠭᠤᠷ ᠦᠶ᠎ᠡ᠃ 
ᠪᠣᠭᠲᠣᠰ( ᠪᠣᠭᠲᠣᠭᠣᠰᠣ)  
       ᠰᠢᠯᠪᠢ ᠂ ᠬᠠᠷᠢᠲᠤ ᠬᠣᠶᠠᠷ ᠤ᠋ᠨ ᠬᠣᠭᠣᠷᠣᠨᠳᠣᠬᠢ ᠴᠢᠮᠥᠭᠡ ᠶᠠᠰᠤ ᠃ 
ᠵᠠᠯᠠᠭ᠎ᠠ 
       ᠬᠥᠬᠡ ᠮᠢᠬ᠎ᠠ ᠶ᠋ᠢᠨ ᠳᠣᠣᠷᠠᠲᠤ ᠦᠵᠦᠭᠦᠷ ᠬᠡᠰᠡᠭ᠃ 
ᠬᠥᠬᠡ ᠮᠢᠬ᠎ᠠ  
       ᠳᠠᠯᠤ᠂ ᠬᠠᠷᠢᠲᠤᠨ ᠴᠢᠮᠥᠭᠡ ᠬᠣᠶᠠᠷ ᠤ᠋ᠨ ᠠᠭᠤᠯᠵᠠᠭᠤᠷ ᠣᠷᠴᠢᠮ ᠤ᠋ᠨ ᠬᠡᠰᠡᠭ᠃ 
ᠠᠳᠬᠤᠭᠠᠯ ᠴᠢᠮᠥᠭᠡ  
       ᠬᠠᠷᠢᠲᠤ᠃ ᠳᠠᠯᠤ᠂ ᠪᠤᠨᠳᠣᠭᠣᠰᠤ ᠬᠣᠶᠠᠷ ᠤ᠋ᠨ ᠳᠤᠮᠳᠠ ᠪᠠᠢᠭ᠎ᠠ ᠴᠢᠮᠥᠭᠡ ᠶᠠᠰᠤ᠂ ᠪᠠᠰᠠ ᠪᠤᠭᠤᠯᠤᠭ ᠴᠢᠮᠥᠭᠡ ᠭᠡᠳᠡᠭ᠃ 
ᠳᠠᠯᠤ ᠂ ᠠᠳᠬᠤᠭᠠᠯ ᠤ᠋ᠨ ᠠᠭᠤᠯᠵᠠᠭᠤᠷ 
       ᠳᠠᠯᠤ ᠂ ᠬᠠᠷᠢᠲᠤᠨ ᠴᠢᠮᠥᠭᠡ ᠬᠣᠶᠠᠷ ᠤ᠋ᠨ ᠵᠠᠯᠭᠠᠯᠳᠤᠭᠰᠠᠨ ᠬᠡᠰᠡᠭ᠃ 
ᠣᠮᠣᠷᠤᠤ  
       ᠴᠡᠭᠡᠵᠢᠨ ᠦ᠌ ᠡᠮᠦᠨ᠎ᠡ ᠦᠵᠦᠭᠦᠷ ᠦ᠋ᠨ ᠲᠦᠭᠳᠦᠭᠡᠷ᠃ 
ᠬᠣᠭᠣᠯᠠᠢ  
       ᠣᠮᠣᠷᠤᠤ ᠠ᠋ᠴᠠ ᠡᠷᠡᠦ ᠶ᠋ᠢᠨ ᠳᠥᠭᠥᠰᠢ ᠬᠦᠷᠲᠡᠯᠡᠬᠢ ᠬᠡᠰᠡᠭ᠃ 
ᠭᠦᠷᠡᠭᠡ 
       ᠬᠣᠭᠣᠯᠠᠢ ᠶ᠋ᠢᠨ ᠬᠠᠵᠠᠭᠤ ᠪᠠᠷ ᠪᠣᠢ ᠬᠣᠶᠠᠷ ᠪᠦᠳᠦᠭᠦᠨ ᠰᠤᠳᠠᠰᠤ ᠪᠦᠬᠦᠢ ᠬᠡᠰᠡᠭ ᠃ 
ᠭᠦᠷᠡᠭᠡᠨ ᠦ᠌ ᠬᠣᠩᠬᠣᠷ  
       ᠬᠣᠭᠣᠯᠠᠢ ᠶ᠋ᠢᠨ ᠬᠠᠵᠠᠭᠤ ᠭᠦᠷᠡᠭᠡᠨ ᠰᠤᠳᠠᠰᠤ ᠪᠦᠬᠦᠢ ᠲᠡᠨᠳᠡᠬᠢ ᠬᠣᠩᠬᠣᠷ ᠵᠤᠷᠪᠤᠰ᠃ 
ᠴᠢᠬᠢᠯᠵᠢᠭᠦᠷ  
       ᠡᠷᠡᠦ ᠶ᠋ᠢᠨ ᠠᠷᠤ ᠴᠢᠬᠢᠨ ᠦ᠌ ᠲᠤᠤᠭᠤᠬᠠᠨ ᠣᠷᠴᠢᠮ᠃ 
ᠲᠦᠭᠦᠰᠢ 
       ᠬᠠᠴᠠᠷ ᠤ᠋ᠨ ᠳᠣᠣᠷ᠎ᠠ ᠲᠠᠯ᠎ᠠ ᠶ᠋ᠢᠨ ᠳᠣᠣᠷᠠᠲᠤ ᠡᠷᠡᠦ ᠳᠠᠭᠠᠤ ᠬᠡᠰᠡᠭ᠃ 
ᠡᠷᠡᠦ ᠶ᠋ᠢᠨ ᠲᠠᠯᠬᠢ  
       ᠬᠣᠶᠠᠷ ᠡᠷᠡᠦ ᠶ᠋ᠢᠨ ᠶᠠᠰᠤᠨ ᠤ᠋ ᠬᠣᠭᠣᠷᠣᠨᠳᠣᠬᠢ ᠬᠣᠩᠬᠣᠷ ᠵᠠᠢ᠃ 
ᠵᠠᠪᠠᠵᠢ 
       ᠠᠮᠠᠨ ᠤ᠋ ᠤᠭ᠃ 
ᠣᠭᠤᠴᠢᠯᠠᠭᠤᠷ ᠤ᠋ᠨ ᠬᠣᠩᠬᠣᠷ 
       ᠳᠣᠣᠷᠠᠲᠤ ᠤᠷᠤᠭᠤᠯ ᠤ᠋ᠨ ᠳᠣᠣᠭᠤᠬᠠᠨᠲᠠᠢ ᠪᠠᠢᠭ᠎ᠠ ᠵᠢᠭᠠᠬᠠᠨ ᠬᠣᠩᠬᠣᠷ᠃ 
ᠳᠣᠣᠷᠠᠲᠤ ᠤᠷᠤᠭᠤᠯ 
       ᠡᠭᠦᠳᠡᠨ ᠰᠢᠳᠦᠨ ᠦ᠌ ᠭᠠᠳᠠᠭᠤᠷ ᠬᠤᠮᠢᠵᠤ ᠪᠠᠢᠭ᠎ᠠ ᠬᠡᠰᠡᠭ᠃ 
 



ᠵᠢᠷᠤᠭ 3 ᠶᠢᠨ ᠲᠠᠢᠯᠪᠤᠷᠢ 
① ᠳᠡᠭᠡᠳᠦ ᠤᠷᠤᠭᠤᠯ ᠂ ② ᠰᠠᠮᠰᠠ ᠂ ③ ᠬᠠᠴᠠᠷ ᠂ ④ ᠬᠠᠮᠠᠷ ᠤ᠋ᠨ ᠶᠠᠰᠤ ᠂ ⑤ ᠨᠢᠳᠦ ᠂ ⑥ ᠬᠥᠮᠥᠰᠬᠡ ᠶ᠋ᠢᠨ ᠶᠠᠰᠤ ᠂ ⑦ ᠤᠬᠤᠷᠬᠠᠢ ᠂ ⑧ ᠮᠠᠩᠨᠠᠢ (ᠳᠤᠬᠤ ) ᠂ ⑨ ᠬᠥᠬᠥᠯ ᠂ ⑩ ᠴᠢᠬᠢ ᠂ ⑪ ᠴᠢᠬᠢᠨ ᠦ᠌ ᠣᠮᠣᠭ ᠂ ⑫ ᠳᠠᠭᠵᠠ ᠂ ⑬ ᠭᠡᠵᠢᠭᠡ ( ᠠᠭᠲᠠ ᠮᠤᠷᠢᠨ᠎ᠠ ᠲᠠᠯᠪᠢᠬᠤ ᠭᠡᠵᠢᠭᠡ ) ᠂ ⑭ ᠴᠢᠮᠠᠷᠬᠠᠢ ᠂ ⑮ ᠰᠢᠨᠠ ᠂⑯ ᠬᠦᠵᠦᠭᠦᠨ ᠦ᠌ ᠬᠠᠵᠠᠭᠤ ᠂ ⑰  ᠬᠦᠵᠦᠭᠦᠦ ᠂ ⑱ ᠰᠢᠯᠢᠨ ᠬᠦᠵᠦᠭᠦᠦ ᠂ ⑲ ᠬᠠᠷ᠎ᠠ ᠴᠡᠭᠡᠵᠢ ( ᠪᠦᠳᠦᠭᠦᠨ ᠬᠦᠵᠦᠭᠦᠦ ) ᠂ ⑳ ᠤᠨᠵᠢᠷᠠᠭ᠎ᠠ ᠂ ㉑ ᠳᠡᠯ ᠂㉒ ᠳᠠᠯᠤ ᠂ ㉓ ᠮᠤᠨᠳᠠᠭ᠎ᠠ ᠂ ㉔  ᠨᠢᠷᠤᠭᠤ ᠂ ㉕ ᠬᠠᠷᠴᠠᠭ᠎ᠠ ᠨᠢᠷᠤᠭᠤ ㉖ ᠬᠠᠷᠭᠠᠮ ᠂㉗  ᠲᠠᠰᠢᠶᠠᠨ ᠲᠣᠯᠣᠭᠠᠢ ᠂ ㉘ ᠤᠭᠤᠴᠠ ᠂㉙  ᠬᠠᠪᠲᠠᠭᠠᠢ ᠲᠠᠰᠢᠶ᠎ᠠ ᠂㉚ ᠬᠣᠨᠳᠣᠯᠠᠢ ᠂ ㉛ ᠥᠭᠡᠵᠡᠭ ᠂㉜  ᠰᠡᠭᠦᠯ ᠦ᠋ᠨ ᠤᠭ ( ᠰᠠᠮᠠᠢ ) ᠂㉝  ᠰᠡᠭᠦᠯ ᠂㉞ ᠬᠣᠩᠭᠣ ᠂㉟  ᠳᠤᠮᠳᠠ ᠴᠢᠮᠥᠭᠡ ᠂㊱ ᠨᠢᠮᠭᠡᠨ ᠴᠡᠷᠪᠢ ᠂㊲  ᠱᠠᠭᠠᠨᠲᠤ ᠴᠢᠮᠥᠭᠡ ᠂㊳ ᠪᠣᠷᠪᠢ ᠂㊴ ᠲᠣᠢᠭ ᠂ ㊵ ᠬᠢᠩᠭᠠᠶ᠎ᠠ ᠰᠢᠯᠪᠢ ᠂㊶ ᠰᠠᠭᠠᠭ ᠂㊷ ᠪᠡᠷᠪᠡᠬᠡᠢ ᠂㊸ ᠲᠤᠭᠤᠷᠠᠢ ᠂㊹ ᠬᠠᠰᠠ ᠂㊺ ᠡᠮᠡᠭᠡᠨ ᠲᠤᠭᠤᠷᠠᠢ ᠂㊻ ᠰᠢᠮᠠᠷᠬᠠᠢ ( ᠬᠤᠤᠬᠠᠨᠠᠭ ) ᠂㊼ ᠬᠢᠷᠵᠠᠩ ᠂㊽ ᠬᠦᠢᠯᠡᠭᠦᠷ ᠂㊾ ᠥᠯᠥᠨ ᠬᠣᠩᠬᠣᠷ ᠂㊿ ᠰᠦᠪᠡᠭᠡ ᠂ 51 ᠭᠡᠳᠡᠰᠦ ᠂ 52 ᠬᠠᠪᠢᠷᠭ᠎ᠠ ᠂ 53 ᠡᠪᠴᠢᠭᠦᠦ ᠂ 54 ᠰᠠᠭᠠᠭ ᠂ 55 ᠤᠯᠠᠭᠠᠨ ᠰᠤᠭᠤ ᠂ 56 ᠬᠡᠶᠠᠷᠬᠢ ᠂ 57 ᠴᠦᠮᠴᠦᠭᠡ ᠂ 58 ᠰᠢᠯᠪᠢ ᠂ 59 ᠬᠠᠭᠳᠠ ᠦᠶ᠎ᠡ ( ᠡᠪᠦᠳᠦᠭ ) ᠂ 60 ᠪᠣᠭᠲᠣᠭᠣᠰᠣ ᠂  61 ᠵᠠᠯᠠᠭ᠎ᠠ ᠂ 62 ᠬᠥᠬᠥ ᠮᠢᠬ᠎ᠠ ᠂ 63 ᠠᠳᠬᠠᠤᠭᠠᠯ ᠴᠢᠮᠥᠭᠡ ᠂ 64 ᠳᠠᠯᠤ ᠠᠳᠬᠤᠭᠠᠯ ᠤ᠋ᠨ ᠠᠭᠤᠯᠵᠠᠭᠤᠷ ( ᠪᠤᠭᠤᠯᠤᠭ ) ᠂ 65 ᠣᠮᠣᠷᠤᠤ ( ᠣᠮᠣᠯᠤᠤᠷ ) ᠂ 66 ᠪᠤᠭ ᠳᠡᠯ ( ᠣᠩᠭᠣᠨ ᠳᠡᠯ ) ᠂ 67 ᠬᠣᠭᠣᠯᠠᠢ ᠂ 68 ᠭᠦᠷᠡᠭᠡᠨ ᠦ᠌ ᠬᠣᠩᠬᠣᠷ ᠂ 69 ᠴᠢᠬᠢᠯᠵᠢᠭᠦᠷ ᠂ 70 ᠡᠷᠡᠦ ᠶ᠋ᠢᠨ ᠲᠠᠯᠬᠢ ᠂ 71 ᠵᠠᠪᠠᠵᠢ ᠂ 72 ᠤᠭᠣᠴᠢᠯᠠᠭᠤᠷ ᠤ᠋ᠨ ᠬᠣᠩᠬᠣᠷ ᠂ 73 ᠳᠣᠣᠷᠠᠲᠤ ᠤᠷᠤᠭᠤᠯ ᠂ 74 ᠵᠤᠷᠠᠭ᠎ᠠ ᠂ 75  ᠤᠮᠤᠰᠤ ᠂  76 ᠰᠠᠯᠲᠠᠭ᠎ᠠ ᠃