ᠪᠣᠤ ᠵᠢᠨ ᠬᠣᠸᠠ - ᠠᠷᠠᠳ ᠤ᠋ᠨ ᠳᠠᠭᠤᠤ- ᠪᠤᠤ ᠶ᠋ᠢᠨ ᠼᠠᠢБуу жин хуаа-ардын дуу-буу жин цай
ᠪᠣᠤ ᠵᠢᠨ ᠬᠣᠸᠠ
ᠠᠷᠠᠳ ᠤ᠋ᠨ ᠳᠠᠭᠤᠤ
ᠪᠤᠤ ᠶ᠋ᠢᠨ ᠼᠠᠢ ᠳᠠᠭᠤᠯᠠᠨ᠎ᠠ
ᠨᠠᠷᠠᠨ ᠤ᠋ ᠪᠠᠨ ᠳᠣᠲᠣᠷ᠎ᠠ ᠨᠠᠷᠠᠰᠤᠨ ᠰᠠᠢᠬᠠᠨ ᠮᠣᠳᠣ ᠶᠤᠮ ᠠ᠋
ᠨᠠᠮᠠᠭ᠎ᠠ ᠦᠭᠡᠢ ᠪᠡᠷ ᠤᠷᠭᠤᠭᠤᠯᠤᠭᠠᠳ ᠲᠡᠭᠡᠶ᠎ᠡ ᠳᠡ ᠰᠠᠢᠬᠠᠨ ᠪᠢᠰᠢ ᠤᠤ ᠳᠠ ᠬᠦ
ᠨᠠᠮᠤᠭᠤᠬᠠᠨ ᠲᠥᠷᠥᠭᠡᠳ ᠲᠡᠭᠡᠭᠰᠡᠨ ᠪᠤᠤ ᠶ᠋ᠢᠨ ᠬᠤᠸᠠ ᠠᠩᠭ᠎ᠠ ᠲᠠᠢ ᠮᠢᠨᠢ
ᠨᠠᠰᠤ ᠪᠠᠷ ᠢ᠋ᠶ᠋ᠠᠨ ᠰᠠᠯᠬᠤ ᠦᠭᠡᠢ ᠪᠡᠷ ᠵᠠᠶᠠᠭᠠᠭᠠᠳ ᠲᠡᠭᠡᠶ᠎ᠡ ᠳᠡ ᠰᠠᠢᠬᠠᠨ ᠪᠢᠰᠢ ᠤᠤ ᠳᠠ ᠬᠦ
ᠰᠠᠷᠠᠨ ᠤ᠋ ᠪᠠᠨ ᠳᠣᠲᠣᠷ᠎ᠠ ᠽᠠᠨᠳᠠᠨ ᠰᠠᠢᠬᠠᠨ ᠮᠣᠳᠣ ᠶᠤᠮ ᠠ᠋
ᠰᠠᠯᠠᠭ᠎ᠠ ᠦᠭᠡᠢ ᠪᠡᠷ ᠤᠷᠭᠤᠭᠤᠯᠤᠭᠠᠳ ᠲᠡᠭᠡᠶ᠎ᠡ ᠳᠡ ᠰᠠᠢᠬᠠᠨ ᠪᠢᠰᠢ ᠤᠤ ᠳᠠ ᠬᠦ
ᠰᠠᠢᠬᠠᠨ ᠲᠥᠷᠥᠭᠡᠳ ᠲᠡᠭᠡᠭᠰᠡᠨ ᠪᠤᠤ ᠶ᠋ᠢᠨ ᠬᠤᠸᠠ ᠠᠩᠭ᠎ᠠ ᠲᠠᠢ ᠮᠢᠨᠢ
ᠰᠠᠯᠤᠰᠢ ᠦᠭᠡᠢ ᠪᠡᠷ ᠵᠠᠶᠠᠭᠠᠭᠠᠳ ᠲᠡᠭᠡᠶ᠎ᠡ ᠳᠡ ᠰᠠᠢᠬᠠᠨ ᠪᠢᠰᠢ ᠤᠤ ᠳᠠ ᠬᠦ
ᠪᠤᠷᠴᠠᠭ ᠤ᠋ᠨ ᠢ᠋ᠶ᠋ᠠᠨ ᠦᠷ᠎ᠡ ᠶ᠋ᠢ ᠪᠡᠨ ᠪᠤᠯᠠᠵᠤ ᠪᠤᠯᠠᠭᠠᠳ ᠬᠠᠶᠠᠴᠢᠬᠠᠶ᠎ᠠ
ᠪᠣᠳᠠᠯᠠᠭᠠᠳ ᠤᠷᠭᠤᠨ᠎ᠠ ᠤᠤ ᠪᠣᠳᠠᠯᠠᠬᠤ ᠦᠭᠡᠢ ᠪᠡᠷ ᠤᠷᠭᠤᠨ᠎ᠠ ᠤᠤ ᠪᠤᠷᠴᠠᠭ ᠥᠪᠡᠷ ᠢ᠋ᠶ᠋ᠡᠨ ᠮᠡᠳᠡᠭ ᠠ᠋ ᠬᠦ
ᠪᠣᠳᠣᠵᠤ ᠰᠠᠨᠠᠭᠰᠠᠨ ᠬᠡᠳᠦᠨ ᠦᠭᠡ ᠶ᠋ᠢ ᠪᠡᠨ ᠪᠤᠤ ᠶ᠋ᠢᠨ ᠬᠤᠸᠠ ᠴᠢᠮ᠎ᠠ ᠳ᠋ᠤ᠌ ᠪᠠᠨ ᠬᠡᠯᠡᠴᠢᠬᠡᠶ᠎ᠡ
ᠪᠣᠳᠣᠭᠠᠳ ᠯᠠ ᠶᠠᠪᠤᠨ᠎ᠠ ᠤᠤ ᠪᠣᠳᠣᠬᠤ ᠦᠭᠡᠢ ᠪᠡᠷ ᠶᠠᠪᠤᠨ᠎ᠠ ᠤᠤ ᠪᠤᠤ ᠶ᠋ᠢᠨ ᠬᠤᠸᠠ ᠮᠡᠳᠡᠭ ᠠ᠋ ᠬᠦ
ᠰᠠᠭᠠᠳᠠ ᠶ᠋ᠢᠨ ᠢ᠋ᠶ᠋ᠡᠨ ᠦᠷ᠎ᠡ ᠶ᠋ᠢ ᠪᠡᠨ ᠰᠠᠴᠤᠵᠤ ᠰᠠᠴᠤᠭᠠᠳ ᠯᠠ ᠬᠠᠶᠠᠴᠢᠬᠠᠶ᠎ᠠ
ᠰᠠᠯᠠᠭᠠᠯᠠᠭᠠᠳ ᠤᠷᠭᠤᠨ᠎ᠠ ᠤᠤ ᠰᠠᠯᠠᠭᠠᠯᠠᠬᠤ ᠦᠭᠡᠢ ᠪᠡᠷ ᠤᠷᠭᠤᠨ᠎ᠠ ᠤᠤ ᠰᠠᠭᠠᠲᠠ ᠥᠪᠡᠷ ᠢ᠋ᠶ᠋ᠡᠨ ᠮᠡᠳᠡᠭ ᠠ᠋ ᠬᠦ
ᠰᠠᠨᠠᠵᠤ ᠪᠣᠳᠣᠭᠰᠠᠨ ᠬᠡᠳᠦᠨ ᠦᠭᠡ ᠶ᠋ᠢ ᠪᠡᠨ ᠪᠤᠤ ᠶ᠋ᠢᠨ ᠬᠤᠸᠠ ᠴᠢᠮ᠎ᠠ ᠳ᠋ᠤ᠌ ᠪᠠᠨ ᠬᠡᠯᠡᠴᠢᠬᠡᠶ᠎ᠡ
ᠰᠠᠨᠠᠭᠠᠳ ᠶᠠᠪᠤᠨ᠎ᠠ ᠤᠤ ᠰᠠᠨᠠᠬᠤ ᠦᠭᠡᠢ ᠪᠡᠷ ᠶᠠᠪᠤᠨ᠎ᠠ ᠤᠤ ᠪᠤᠤ ᠶ᠋ᠢᠨ ᠬᠤᠸᠠ ᠮᠡᠳᠡᠭ ᠠ᠋ ᠬᠦ
ᠰᠠᠨᠠᠭᠠᠳ ᠶᠠᠪᠤᠨ᠎ᠠ ᠤᠤ ᠰᠠᠨᠠᠬᠤ ᠦᠭᠡᠢ ᠪᠡᠷ ᠶᠠᠪᠤᠨ᠎ᠠ ᠤᠤ ᠪᠤᠤ ᠶ᠋ᠢᠨ ᠬᠤᠸᠠ ᠮᠡᠳᠡᠭ ᠠ᠋ ᠬᠦ
ᠦᠰᠦᠭ ᠠᠮᠢᠯᠠᠭᠤᠯᠤᠭᠴᠢ᠄ᠭᠠᠸᠠ
ᠦᠰᠦᠭ ᠬᠠᠲᠠᠭᠰᠠᠨ ᠨᠢ᠄ᠭᠠᠸᠠ
ᠦᠰᠦᠭ ᠬᠢᠨᠠᠭᠴᠢ ᠄ᠢᠷᠡᠭᠡᠳᠦᠢ
ᠪᠢᠴᠢᠯᠭᠡ ᠶ᠋ᠢᠨ ᠵᠠᠭᠪᠤᠷ ᠮᠣᠳᠣᠲᠤ ᠬᠠᠪᠤᠷᠵᠢᠶ᠎ᠠ
