ᠡᠨᠡᠷᠢᠯᠲᠦ ᠡᠵᠢ-ᠪᠠᠰᠠᠩᠳᠡᠯᠭᠡᠷБаасандэлгэр-Baasandelger Enerelt eej_ Энэрэлт ээж_ шүлэг аялгууг Э,Түдэв
ᠡᠨᠡᠷᠢᠯᠲᠦ ᠡᠵᠢ
ᠦᠭᠡ᠂ ᠠᠶ᠎ᠠ᠄ ᠠ᠋᠂ ᠲᠦᠳᠦᠪ
ᠳᠠᠭᠤᠴᠢᠨ᠄ ᠪᠠᠰᠠᠩᠳᠡᠯᠭᠡᠷ
ᠮᠠᠨᠳᠤᠬᠤ ᠨᠠᠷᠠᠨ ᠤ᠋ ᠭᠡᠷᠡᠯᠲᠦ ᠰᠠᠴᠤᠷᠠᠭ ᠰᠢᠭ᠋
ᠮᠢᠨᠦ ᠯᠡ ᠭᠠᠭᠴᠠᠬᠠᠨ ᠡᠵᠢ ᠮᠢᠨᠢ ᠳᠡ
ᠤᠷᠠᠨ ᠭᠠᠷ ᠢ᠋ᠶ᠋ᠠᠷ ᠢ᠋ᠶ᠋ᠠᠨ ᠬᠡᠭᠡᠯᠡᠨ ᠱᠠᠭᠯᠠᠳᠠᠭ
ᠤᠶᠠᠬᠠᠨ ᠤᠬᠠᠭᠠᠨᠲᠠᠢ ᠡᠵᠢ ᠮᠢᠨᠢ ᠳᠡ
ᠬᠥᠮᠦᠨ ᠦ᠌ ᠬᠠᠢᠯᠠᠨ ᠡᠵᠢ ᠮᠢᠨᠢ ᠶᠦᠮ ᠳᠡ
ᠬᠦᠦ ᠳ᠋ᠡᠭᠡᠨ ᠡᠨᠡᠷᠢᠯᠲᠡᠢ ᠠᠴᠢᠲᠠᠨ ᠶᠤᠮ ᠳᠠ
ᠰᠦᠨ ᠦ᠌ ᠦᠨᠦᠷ ᠲᠡᠢ ᠵᠥᠭᠡᠯᠡᠬᠡᠨ ᠡᠩᠭᠡᠷ ᠲᠤ ᠲᠠᠨᠢ
ᠰᠡᠳᠬᠢᠯ ᠢ᠋ᠶ᠋ᠡᠨ ᠡᠷᠬᠡᠯᠡᠭᠦᠯᠵᠦ ᠬᠣᠨᠣᠯ᠎ᠠ ᠡᠵᠢ ᠠ᠋
ᠦᠨᠳᠦᠰᠦ ᠮᠥᠴᠢᠷ ᠰᠢᠭ ᠳᠠᠪᠠᠯᠭᠠᠯᠠᠨ ᠤᠷᠭᠤᠭᠰᠠᠨ
ᠦᠷᠡᠰ ᠴᠢᠨᠢ ᠲᠠᠨ ᠳ᠋ᠤ᠌ ᠪᠠᠨ ᠬᠠᠢᠷᠠᠲᠠᠢ ᠰᠢᠦ ᠡᠵᠢ ᠠ᠋
ᠬᠥᠮᠦᠨ ᠦ᠌ ᠬᠠᠢᠯᠠᠨ ᠡᠵᠢ ᠮᠢᠨᠢ ᠶᠦᠮ ᠳᠡ
ᠬᠦᠦ ᠳ᠋ᠡᠭᠡᠨ ᠡᠨᠡᠷᠢᠯᠲᠡᠢ ᠠᠴᠢᠲᠠᠨ ᠶᠤᠮ ᠳᠠ
ᠭᠠᠵᠠᠷ ᠤ᠋ᠨ ᠬᠣᠯᠠ ᠠ᠋ᠴᠠ ᠰᠡᠳᠬᠢᠯ ᠲᠡᠮᠡᠦᠯᠦᠭᠡᠳ
ᠭᠠᠭᠴᠠᠬᠠᠨ ᠬᠠᠢᠷ᠎ᠠ ᠪᠠᠨ ᠬᠠᠨᠢ ᠳ᠋ᠤ᠌ ᠪᠠᠨ ᠵᠣᠷᠢᠭᠤᠯᠤᠭᠰᠠᠨ
ᠬᠣᠣᠰ ᠵᠢᠷᠦᠬᠡᠨ ᠦ᠌ ᠬᠠᠢᠷ᠎ᠠ ᠶ᠋ᠢᠨ ᠤᠶᠠᠩᠭ᠎ᠠ ᠪᠠᠷ
ᠬᠣᠷᠸ᠎ᠠ ᠶ᠋ᠢ ᠤᠶᠠᠷᠠᠭᠠᠭᠰᠠᠨ ᠡᠵᠢ ᠮᠢᠨᠢ ᠳᠡ
ᠬᠥᠮᠦᠨ ᠦ᠌ ᠬᠠᠢᠯᠠᠨ ᠡᠵᠢ ᠶᠦᠮ ᠳᠡ
ᠬᠦᠦ ᠳ᠋ᠡᠭᠡᠨ ᠡᠨᠡᠷᠢᠯᠲᠡᠢ ᠠᠴᠢᠲᠠᠨ ᠶᠤᠮ ᠳᠠ
ᠴᠡᠩᠬᠡᠷ ᠲᠩᠷᠢ ᠶ᠋ᠢᠨ ᠴᠠᠭᠠᠨ ᠵᠠᠭᠠᠳᠠᠰᠤ ᠰᠢᠭ᠋
ᠰᠠᠳᠠᠷᠠᠲᠠᠯᠠ ᠬᠦᠦ ᠴᠢᠨᠢ ᠰᠢᠷᠳᠡᠯ᠎ᠡ ᠡᠵᠢ ᠠ᠋
ᠰᠠᠮ ᠰᠡᠮᠬᠡᠨ ᠰᠡᠳᠬᠢᠯ ᠭᠡᠭᠡᠯᠵᠡᠭᠡᠳ
ᠰᠤᠪᠤᠳ ᠤ᠋ᠨ ᠨᠢᠯᠪᠤᠰᠤ ᠮᠢᠨᠢ ᠤᠷᠤᠰᠤᠯ᠎ᠠ ᠡᠵᠢ ᠠ᠋
ᠬᠥᠮᠦᠨ ᠦ᠌ ᠬᠠᠢᠯᠠᠨ ᠡᠵᠢ ᠶᠦᠮ ᠳᠡ
ᠬᠦᠦ ᠳ᠋ᠡᠭᠡᠨ ᠡᠨᠡᠷᠢᠯᠲᠡᠢ ᠠᠴᠢᠲᠠᠨ ᠶᠤᠮ ᠳᠠ
ᠬᠦᠦ ᠳ᠋ᠡᠭᠡᠨ ᠡᠨᠡᠷᠢᠯᠲᠡᠢ ᠠᠴᠢᠲᠠᠨ ᠶᠤᠮ ᠳᠠ
ᠦᠰᠦᠭ ᠠᠮᠢᠯᠠᠭᠤᠯᠤᠭᠴᠢ᠂ᠬᠠᠳᠠᠭᠴᠢ ᠄ ᠳᠡᠯᠭᠡᠷᠴᠡᠴᠡᠭ
ᠦᠰᠦᠭ ᠬᠢᠨᠠᠭᠴᠢ᠄ ᠣᠶᠤᠨᠴᠡᠴᠡᠭ
