ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 6 > Хөх зул – Боржигон Ванжал –"Тав ᠂ Таван хошуу малын бүлэг " 6
ᠲᠠᠪᠤ ᠂ ᠲᠠᠪᠤᠨ ᠬᠣᠰᠢᠭᠤ ᠮᠠᠯ ᠤᠨ ᠪᠦᠯᠦᠭ – 6
ᠢᠮᠠᠭᠠᠨ ᠦ ᠨᠠᠰᠤ ᠰᠢᠳᠦᠨ ᠦ ᠨᠡᠷᠡᠢᠳᠦᠯ Ямааний нас шүдний нэрэйдэл
ᠢᠮᠠᠭ᠎ᠠ
ᠰᠠᠩᠬᠠᠢᠭᠰᠠᠨ ᠤᠷᠲᠤ ᠦᠰᠦᠲᠡᠢ᠂ ᠰᠡᠭᠦᠯ ᠨᠢ ᠪᠠᠭ᠎ᠠ᠂ ᠠᠴᠠ ᠲᠤᠭᠤᠷᠠᠢᠲᠠᠢ᠂ ᠬᠡᠪᠢᠭᠴᠢ᠂ ᠲᠠᠪᠤᠨ ᠬᠣᠰᠢᠭᠤ ᠮᠠᠯ ᠤ᠋ᠨ ᠳᠣᠲᠣᠷᠠᠬᠢ ᠪᠤᠭ ᠤ᠋ᠨ ᠮᠠᠯ ᠤ᠋ᠨ ᠨᠢᠭᠡ ᠲᠥᠷᠥᠯ᠃
ᠢᠮᠠᠭ᠎ᠠ ᠬᠠᠷᠢᠭᠤᠯᠬᠤ
ᠢᠮᠠᠭ᠎ᠠ ᠪᠠᠨ ᠪᠡᠯᠴᠢᠭᠡᠷ ᠲᠦ᠍ ᠪᠡᠯᠴᠢᠭᠡᠬᠦ᠃
ᠢᠮᠠᠭ᠎ᠠ ᠰᠤᠷᠯᠠᠬᠤ
ᠢᠮᠠᠭ᠎ᠠ ᠨᠣᠭᠣᠭᠠᠯᠠᠵᠤ ᠬᠥᠭᠡᠷᠦᠭᠰᠡᠨ ᠦᠶ᠎ᠡ ᠨᠣᠣᠯᠣᠭᠤᠷ ᠢ᠋ ᠨᠢ ᠰᠠᠮᠨᠠᠬᠤ ᠶ᠋ᠢᠨ ᠲᠥᠯᠥᠭᠡ ᠤᠷᠢᠳ ᠢ᠋ᠶ᠋ᠠᠷ ᠰᠤᠷ ᠢ᠋ ᠨᠢ ᠬᠢᠷᠭᠠᠬᠤ ᠶ᠋ᠢ ᠬᠡᠯᠡᠨ᠎ᠡ᠃
ᠢᠮᠠᠭ᠎ᠠ ᠰᠠᠮᠨᠠᠬᠤ
ᠰᠣᠷᠯᠠᠭᠰᠠᠨ ᠢᠮᠠᠭ᠎ᠠ ᠪᠠᠨ ᠬᠦᠯᠢᠵᠦ᠂ ᠪᠡᠯᠡᠳᠬᠡᠭᠰᠡᠨ ᠭᠠᠳᠠᠰᠤᠨ ᠠ᠋ᠴᠠ ᠠᠷᠭᠠᠮᠵᠢᠨ᠂ ᠰᠠᠮ ᠢ᠋ᠶ᠋ᠠᠷ ᠨᠣᠣᠯᠣᠭᠤᠷ ᠢ᠋ ᠨᠢ ᠰᠠᠮᠨᠠᠨ ᠠᠪᠬᠤ ᠶ᠋ᠢ ᠬᠡᠯᠡᠨ᠎ᠡ᠃
ᠢᠮᠠᠭ᠎ᠠ ᠬᠤᠵᠢᠷᠯᠠᠬᠤ
ᠬᠠᠲᠠᠢᠷᠲᠤᠭᠰᠠᠨ ᠢᠮᠠᠭ᠎ᠠ ᠪᠠᠨ ᠬᠤᠵᠢᠷ ᠳᠣᠯᠢᠶᠠᠯᠭᠠᠬᠤ ᠪᠤᠶᠤ ᠳᠠᠪᠤᠰᠤ ᠬᠤᠵᠢᠷ ᠣᠯᠵᠤ ᠢᠷᠡᠨ ᠴᠢᠳᠬᠤᠨ ᠥᠭᠴᠦ ᠢᠳᠡᠭᠦᠯᠬᠦ᠃
ᠢᠮᠠᠭ᠎ᠠ ᠢᠬᠡᠷᠡᠯᠡᠬᠦ
ᠨᠢᠭᠡ ᠤᠳᠠᠭ᠎ᠠ ᠳ᠋ᠤ᠌ ᠬᠣᠶᠠᠷ ᠢᠰᠢᠭᠡ ᠢᠰᠢᠭᠡᠯᠡᠬᠦ ᠶ᠋ᠢ ᠬᠡᠯᠡᠨ᠎ᠡ᠃
ᠢᠮᠠᠭ᠎ᠠ ᠭᠣᠳᠣᠷᠣᠩᠲᠤᠬᠤ
ᠢᠮᠠᠭᠠᠨ ᠳ᠋ᠤ᠌ ᠭᠣᠳᠣᠷᠣᠩ ᠡᠪᠡᠳᠴᠢᠨ ᠲᠤᠰᠬᠤ ᠶ᠋ᠢ ᠬᠡᠯᠡᠨ᠎ᠡ᠃
ᠢᠮᠠᠭ᠎ᠠ ᠬᠣᠯᠪᠣᠬᠤ
ᠤᠷᠲᠤ ᠭᠡᠭᠴᠢ ᠳᠡᠭᠡᠰᠦ ᠪᠡᠷ ᠬᠣᠶᠠᠷ ᠢᠮᠠᠭ᠎ᠠ ᠪᠦᠷᠢ ᠶ᠋ᠢ ᠲᠣᠯᠣᠭᠠᠢ ᠶ᠋ᠢ ᠨᠢ ᠵᠥᠷᠢᠭᠦᠯᠵᠦ ᠨᠢᠭᠡ ᠭᠣᠭᠴᠣᠭᠠᠯᠠᠬᠤ ᠮᠡᠲᠦ ᠪᠡᠷ ᠣᠯᠠᠨ ᠢᠮᠠᠭ᠎ᠠ ᠶ᠋ᠢ ᠬᠣᠯᠪᠣᠨ ᠰᠦ ᠶ᠋ᠢ ᠨᠢ ᠰᠠᠭᠠᠬᠤ ᠳ᠋ᠤ᠌ ᠪᠡᠯᠡᠳᠬᠡᠬᠦ᠃
ᠢᠮᠠᠭ᠎ᠠ ᠰᠠᠭᠠᠬᠤ
ᠬᠣᠯᠪᠣᠭᠰᠠᠨ ᠢᠮᠠᠭᠠᠨ ᠤ᠋ ᠪᠠᠨ ᠬᠣᠢᠨ᠎ᠠ ᠠ᠋ᠴᠠ ᠳᠥᠷᠥᠭᠡᠪᠴᠢ ᠪᠠᠷᠢᠨ ᠬᠥᠬᠥ ᠶ᠋ᠢ ᠨᠢ ᠰᠢᠪᠳᠤᠷᠴᠤ ᠰᠦ ᠠᠪᠬᠤ ᠶ᠋ᠢ ᠬᠡᠯᠡᠨ᠎ᠡ᠃
ᠢᠮᠠᠭ᠎ᠠ ᠥᠳᠥᠯᠭᠦ
ᠶᠠᠮᠠᠷ ᠨᠢᠭᠡᠨ ᠰᠢᠯᠲᠠᠭᠠᠨ ᠢ᠋ᠶ᠋ᠠᠷ ᠰᠢᠷᠠᠭᠲᠤᠨ ᠲᠡᠭᠦᠨ ᠳ᠋ᠦ᠍ᠨᠢ ᠥᠲᠥᠨ ᠦ᠌ ᠢᠯᠠᠭ᠎ᠠ ᠰᠠᠭᠤᠵᠤ ᠦᠲᠦᠭᠰᠡᠨ ᠥᠳᠥ ᠶ᠋ᠢ ᠨᠢ ᠠᠷᠢᠯᠭᠠᠨ ᠴᠡᠪᠡᠷᠯᠡᠬᠦ ᠶ᠋ᠢ ᠬᠡᠯᠡᠨ᠎ᠡ᠃
ᠢᠮᠠᠭ᠎ᠠ ᠤᠬᠢᠶᠠᠬᠤ
ᠰᠢᠷᠬᠡᠭᠲᠡᠨ ᠪᠥᠭᠡᠰᠦᠳᠡᠭᠰᠡᠨ ᠢᠮᠠᠭ᠎ᠠ ᠪᠠᠨ ᠡᠮᠲᠦ ᠤᠰᠤᠨ ᠳ᠋ᠤ᠌ ᠤᠬᠢᠶᠠᠬᠤ ᠶ᠋ᠢ ᠬᠡᠯᠡᠨ᠎ᠡ᠃
ᠢᠮᠠᠭ᠎ᠠ ᠲᠠᠭᠰᠢᠬᠤ
ᠢᠮᠠᠭ᠎ᠠ᠂ ᠬᠠᠳᠠ ᠳᠠᠮᠵᠢᠨ ᠳᠥᠷᠪᠡᠨ ᠬᠥᠯ ᠢ᠋ᠶ᠋ᠡᠷ ᠲᠡᠭ ᠲᠡᠭ ᠦᠰᠦᠷᠦᠨ ᠶᠠᠪᠤᠬᠤ ᠶ᠋ᠢ ᠬᠡᠯᠡᠨ᠎ᠡ᠃
ᠢᠮᠠᠭ᠎ᠠ ᠲᠠᠭᠤᠬᠤ
① ᠢᠮᠠᠭ᠎ᠠ ᠶ᠋ᠢ ᠬᠥᠭᠡᠭᠡᠵᠦ ᠶᠠᠪᠤᠬᠤ ᠂
② ᠠᠷᠢᠬᠢ ᠤᠤᠭᠤᠭᠠᠳ ᠬᠡᠷᠡᠭᠦᠯ ᠬᠢᠬᠦ ᠶ᠋ᠢ ᠤᠷᠠᠳᠴᠤᠳ ᠢᠮᠠᠭ᠎ᠠ ᠲᠠᠭᠤᠨ᠎ᠠ ᠭᠡᠳᠡᠭ᠃
ᠢᠮᠠᠭ᠎ᠠ ᠮᠥᠷᠭᠥᠬᠦ
ᠢᠮᠠᠭ᠎ᠠ ᠡᠪᠡᠷ ᠪᠠ ᠲᠣᠯᠣᠭᠠᠢ ᠪᠠᠷ ᠢ᠋ᠶ᠋ᠠᠨ ᠬᠥᠮᠦᠨ ᠪᠠ ᠶᠠᠭᠤᠮ᠎ᠠ ᠶ᠋ᠢ ᠨᠦᠳᠦᠬᠦ ᠶ᠋ᠢ ᠬᠡᠯᠡᠨ᠎ᠡ᠃
ᠢᠮᠠᠭ᠎ᠠ ᠮᠥᠷᠭᠥᠯᠳᠦᠬᠦ
ᠬᠣᠶᠠᠷ ᠢᠮᠠᠭ᠎ᠠ ᠬᠠᠷᠢᠯᠴᠠᠨ ᠲᠣᠯᠣᠭᠠᠢ ᠪᠠᠷ ᠢ᠋ᠶ᠋ᠠᠨ ᠨᠦᠳᠦᠯᠴᠡᠬᠦ᠂ ᠡᠪᠦᠯ ᠴᠠᠭ ᠥᠷᠯᠥᠭᠡ ᠢᠮᠠᠭ᠎ᠠ ᠮᠥᠷᠭᠥᠯᠳᠦᠪᠡᠯ ᠳᠤᠯᠠᠭᠠᠷᠠᠬᠤ ᠶ᠋ᠢᠨ ᠲᠡᠮᠳᠡᠭ ᠭᠡᠵᠦ ᠡᠪᠦᠭᠡᠨ ᠬᠠᠰᠢᠷᠴᠤᠳ ᠬᠡᠯᠡᠳᠡᠭ᠃
ᠢᠮᠠᠭ᠎ᠠ ᠬᠤᠵᠢᠷᠠᠬᠤ
ᠢᠮᠠᠭᠠᠨ ᠤ᠋ ᠰᠦ ᠨᠢ ᠲᠠᠳᠠᠩᠭᠤᠷᠠᠵᠤ ᠰᠢᠷᠭᠢᠵᠦ ᠡᠬᠢᠯᠡᠬᠦ ᠶ᠋ᠢ ᠬᠡᠯᠡᠨ᠎ᠡ᠃
ᠢᠮᠠᠭ᠎ᠠ ᠭᠥᠭᠡᠷᠦᠭᠦ
ᠢᠮᠠᠭ᠎ᠠ ᠨᠣᠭᠣᠭᠠᠯᠠᠵᠤ ᠳᠤᠯᠠᠭᠠᠷᠠᠵᠤ ᠢᠷᠡᠬᠦ ᠳ᠋ᠦ᠍ ᠨᠣᠣᠯᠣᠭᠤᠷ ᠨᠢ ᠪᠡᠶ᠎ᠡ ᠡᠴᠡ ᠨᠢ ᠠᠩᠵᠢᠷᠠᠵᠤ ᠬᠥᠪᠰᠥᠢᠵᠦ ᠢᠷᠡᠬᠦ᠃
ᠳᠡᠯᠡᠦᠷᠡᠬᠡᠢ ᠢᠮᠠᠭ᠎ᠠ
ᠣᠯᠠᠨ ᠲᠥᠯ ᠢ ᠬᠠᠮᠢᠭ᠎ᠠ ᠦᠭᠡᠢ ᠬᠥᠬᠥᠭᠦᠯᠳᠡᠭ᠃
ᠵᠣᠵᠢᠭ ᠢᠮᠠᠭ᠎ᠠ
ᠰᠦᠷᠦᠭ ᠲᠦ᠍ ᠨᠡᠢᠯᠡᠬᠦ ᠦᠭᠡᠢ ᠬᠣᠴᠣᠷᠴᠤ ᠶᠠᠪᠤᠳᠠᠭ ᠪᠤᠶᠤ ᠰᠠᠯᠤᠩᠭᠢ ᠶᠠᠪᠤᠳᠠᠭ ᠵᠥᠷᠢᠭᠦᠦ ᠭᠠᠩᠳᠠᠭᠤᠨ ᠵᠠᠩᠲᠠᠢ ᠢᠮᠠᠭ᠎ᠠ ᠶ᠋ᠢ ᠬᠡᠯᠡᠨ᠎ᠡ᠃
ᠡᠷᠬᠡᠭ ᠢᠮᠠᠭ᠎ᠠ
ᠬᠥᠮᠦᠨ ᠳ᠋ᠦ᠍ ᠲᠠᠰᠤᠮᠠᠲᠠᠭᠠᠢ᠃ ᠬᠥᠮᠦᠨ ᠲᠡᠢ ᠨᠣᠣᠷᠠᠵᠤ ᠮᠠᠭᠠᠵᠢᠭᠤᠯᠵᠤ ᠡᠷᠬᠡᠯᠡᠭᠦᠯᠬᠦ ᠳᠤᠷᠠᠲᠠᠢ ᠢᠮᠠᠭ᠎ᠠ ᠶ᠋ᠢ ᠬᠡᠯᠡᠨ᠎ᠡ᠃
ᠬᠢᠵᠢᠶᠡᠯ ᠢᠮᠠᠭ᠎ᠠ
ᠢᠮᠠᠭᠠᠨ ᠤ᠋ ᠨᠠᠰᠤ ᠨᠢ ᠠᠬᠢᠵᠤ ᠰᠢᠳᠦ ᠶ᠋ᠢ ᠰᠡᠢᠵᠦ ᠪᠣᠢ ᠶ᠋ᠢ ᠬᠡᠯᠡᠨ᠎ᠡ᠃ ᠢᠮᠠᠭ᠎ᠠ ᠣᠷᠣᠭᠠᠯᠠᠬᠤ ᠢᠮᠠᠭᠠᠨ ᠤ᠋ ᠣᠳᠣ ᠣᠷᠣᠭ᠎ᠠ ᠨᠢ ᠣᠷᠣᠭᠰᠠᠨ ᠢ᠋ ᠬᠡᠯᠡᠨ᠎ᠡ᠃
ᠢᠮᠠᠭ᠎ᠠ ᠲᠤᠷᠭᠢᠬᠤ
ᠢᠮᠠᠭ᠎ᠠ ᠬᠠᠮᠠᠷ ᠢ᠋ᠶ᠋ᠠᠨ ᠫᠢᠳ ᠫᠢᠳ ᠬᠢᠯᠭᠡᠨ ᠳᠤᠤᠭᠠᠷᠭᠠᠬᠤ᠃
ᠢᠰᠢᠭᠡ
ᠢᠮᠠᠭᠠᠨ ᠤ᠋ ᠲᠤᠰ ᠵᠢᠯ ᠦ᠋ᠨ ᠲᠥᠯ ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃
ᠢᠰᠢᠭᠡ ᠢᠯᠭᠠᠬᠤ
ᠢᠰᠢᠭᠡ ᠪᠡᠨ ᠡᠬᠡ ᠡᠴᠡ ᠨᠢ ᠰᠠᠯᠭᠠᠨ ᠠᠪᠴᠤ ᠬᠣᠴᠣᠷᠬᠤ᠃
ᠢᠰᠢᠭᠡ ᠬᠠᠷᠢᠭᠤᠯᠬᠤ
ᠢᠰᠢᠭᠡ ᠪᠡᠨ ᠪᠡᠯᠴᠢᠭᠡᠷ ᠲᠦ᠍ ᠪᠡᠯᠴᠢᠭᠡᠷᠯᠡᠭᠦᠯᠬᠦ᠃
ᠢᠰᠢᠭᠡ ᠨᠡᠢᠯᠡᠭᠦᠯᠬᠦ
ᠢᠰᠢᠭᠡ ᠪᠡᠨ ᠡᠬᠡ ᠳ᠋ᠦ᠍ᠨᠢ ᠲᠠᠯᠪᠢᠵᠤ ᠥᠭᠬᠦ᠃
ᠢᠰᠢᠭᠡ ᠢᠮᠨᠡᠬᠦ
① ᠢᠰᠢᠭᠡ ᠪᠡᠨ ᠪᠥᠭᠡᠨᠰᠦᠭ ᠢ᠋ ᠨᠢ ᠠᠪᠴᠤ ᠴᠠᠭᠠᠯᠠᠬᠤ᠃
② ᠢᠰᠢᠭᠡᠨ ᠦ᠌ ᠴᠢᠬᠢᠨ ᠳ᠋ᠦ᠍ ᠥᠪᠡᠷ ᠦ᠋ᠨ ᠰᠦᠷᠦᠭ ᠦ᠋ᠨ ᠲᠡᠮᠳᠡᠭ ᠢ᠋ᠶ᠋ᠡᠨ ᠰᠡᠢᠯᠬᠦ᠃
ᠢᠰᠢᠭᠡ ᠤᠭᠵᠢᠬᠤ
ᠦᠬᠡᠷ ᠦ᠋ᠨ ᠡᠪᠡᠷ ᠪᠤᠶᠤ ᠲᠤᠰᠬᠠᠢ ᠪᠡᠯᠡᠳᠬᠡᠭᠰᠡᠨ ᠰᠢᠯ ᠰᠠᠪᠠᠨ ᠳ᠋ᠤ᠌ ᠰᠦ ᠪᠤᠶᠤ ᠪᠤᠳᠠᠭᠠᠨ ᠰᠥᠮᠥᠰᠦ ᠬᠢᠵᠦ ᠢᠰᠢᠭᠡᠨ ᠳ᠋ᠡᠭᠡᠨ ᠬᠥᠬᠥᠭᠦᠯᠦᠨ ᠲᠡᠵᠢᠭᠡᠬᠦ᠃
ᠢᠰᠢᠭᠡ ᠵᠠᠬᠢᠰᠠᠬᠤ
ᠴᠠᠳᠬᠠᠯ ᠮᠠᠭᠤᠲᠠᠢ ᠲᠥᠯ ᠢ᠋ ᠥᠭᠡᠷ᠎ᠡ ᠡᠬᠡ ᠳ᠋ᠦ᠍ ᠪᠠᠷᠢᠵᠤ ᠬᠥᠬᠥᠭᠦᠯᠬᠦ᠃
ᠢᠰᠢᠭᠡᠨ ᠪᠥᠬᠥᠭᠡᠭ
ᠢᠰᠢᠭᠡ ᠬᠣᠷᠢᠬᠤ ᠨᠠᠪᠲᠠᠭᠠᠷ ᠳᠤᠯᠠᠭᠠᠨ ᠬᠣᠷᠣᠭ᠎ᠠ᠃
ᠠᠯᠳᠠᠰᠢ
ᠬᠥᠭ ᠡᠴᠡ ᠪᠦᠷ ᠡᠮᠦᠨ᠎ᠡ ᠭᠠᠷᠤᠭᠰᠠᠨ ᠢᠰᠢᠭᠡ᠂ ᠪᠠᠰᠠ ᠳᠠᠬᠤᠯᠠᠢ ᠭᠡᠳᠡᠭ᠃
ᠪᠠᠪᠠᠷᠠᠢ
ᠠᠯᠳᠠᠰᠢ ᠶ᠋ᠢ ᠪᠠᠭᠠᠷᠢᠨᠴᠤᠳ ᠪᠠᠪᠠᠷᠠᠢ ᠭᠡᠳᠡᠭ᠃ ᠡᠷᠲᠡ ᠭᠠᠷᠤᠭᠰᠠᠨ ᠪᠣᠯᠬᠣᠷ ᠤᠬᠤᠨᠠᠴᠢᠷ ᠪᠣᠯᠵᠤ ᠪᠠᠪᠠᠨᠠᠳᠠᠬᠤ ᠨᠢ ᠬᠡᠴᠡᠭᠦᠦ ᠠᠵᠢ᠃
ᠬᠡᠨᠵᠡ ᠢᠰᠢᠭᠡ
ᠬᠥᠭ ᠡᠴᠡ ᠬᠣᠢᠨ᠎ᠠ ᠨᠠᠮᠤᠷᠰᠢᠵᠤ ᠭᠠᠷᠤᠭᠰᠠᠨ ᠢᠰᠢᠭᠡ᠃
ᠭᠥᠭᠡᠢ
ᠡᠪᠦᠯ ᠭᠠᠷᠤᠭᠰᠠᠨ ᠢᠰᠢᠭᠡ᠃
ᠬᠠᠪᠴᠢ ᠢᠰᠢᠭᠡ
ᠡᠪᠦᠯ ᠦ᠋ᠨ ᠡᠴᠦᠰ ( ᠵᠢᠯ ᠵᠠᠪᠰᠠᠷ ) ᠭᠠᠷᠤᠭᠰᠠᠨ ᠢᠰᠢᠭᠡ᠃
ᠭᠤᠪᠰᠢᠶᠠ ᠢᠰᠢᠭᠡ
ᠥᠪᠡᠷ ᠦ᠋ᠨ ᠡᠬᠡ ᠡᠴᠡ ᠭᠠᠳᠠᠨ᠎ᠠ ᠪᠤᠰᠤᠳ ᠡᠬᠡ ᠶ᠋ᠢ ᠬᠤᠯᠠᠭᠤᠨ ᠬᠥᠬᠥᠳᠡᠭ᠃
ᠦᠨᠦᠭᠦ
ᠨᠢᠯᠬ᠎ᠠ ᠢᠰᠢᠭᠡ ᠪᠢᠰᠢ᠂ ᠰᠦᠨ ᠳ᠋ᠡᠭᠡᠨ ᠴᠠᠳᠴᠤ ᠲᠥᠯᠵᠢᠨ ᠳᠡᠪᠡᠭᠡᠷᠡᠭᠰᠡᠨ ᠡᠴᠡ ᠡᠬᠢᠯᠡᠨ ᠳᠠᠷᠠᠭ᠎ᠠ ᠵᠢᠯ ᠦ᠋ᠨ ᠬᠠᠩᠰᠢᠨ ᠤ᠋ ᠨᠣᠭᠣᠭᠠᠨ ᠳ᠋ᠤ᠌ ᠤᠷᠤᠳᠠᠯᠠᠬᠢ ᠬᠤᠭᠤᠴᠠᠭᠠᠨ ᠳ᠋ᠠᠬᠢ ᠪᠣᠢᠵᠢᠵᠤ ᠲᠣᠷᠨᠢᠭᠰᠠᠨ ᠪᠦᠳᠦᠭᠦᠷᠡᠭᠰᠡᠨ ᠢᠰᠢᠭᠡ᠂ 1 ᠨᠠᠰᠤᠲᠠᠢ᠃
ᠪᠣᠷᠯᠣᠩ
ᠬᠣᠶᠠᠳᠠᠬᠢ ᠵᠢᠯ ᠦ᠋ᠨ ᠢ᠋ᠶ᠋ᠡᠨ ᠨᠢᠭᠤᠷ ᠢ ᠦᠵᠡᠵᠦ᠂ ᠰᠢᠳᠦᠯᠡᠩ ᠢ᠋ᠶ᠋ᠡᠨ ᠪᠣᠯᠬᠤ ᠯᠠ ᠭᠡᠵᠦ ᠪᠠᠢᠭ᠎ᠠ ᠢᠰᠢᠭᠡ᠃ ᠶᠠᠭ ᠡᠪᠦᠭᠡᠨ ᠪᠢᠷᠠᠭᠤ ᠶ᠋ᠢᠨ ᠴᠠᠭ ᠲᠠᠢ ᠠᠳᠠᠯᠢ᠃
ᠰᠢᠳᠦᠯᠡᠩ ᠢᠮᠠᠭ᠎ᠠ
2 ᠨᠠᠰᠤᠲᠠᠢ ᠢᠮᠠᠭᠠᠨ ᠤ᠋ ᠬᠦᠢᠰᠦ ᠢᠯᠭᠠᠭᠰᠠᠨ ᠦᠭᠡᠢ ᠨᠡᠷᠡᠢᠳᠦᠯ ᠂ 2 ᠬᠠᠯᠪᠠᠭᠠᠲᠠᠢ᠃
ᠡᠷ᠎ᠡ ᠰᠢᠳᠦᠯᠡᠩ 2 ᠨᠠᠰᠤᠲᠠᠢ ᠡᠷ᠎ᠡ ᠢᠮᠠᠭ᠎ᠠ᠃
ᠥᠬᠢᠨ ᠰᠢᠳᠦᠯᠡᠩ 2 ᠨᠠᠰᠤᠲᠠᠢ ᠡᠮ᠎ᠡ ᠢᠮᠠᠭ᠎ᠠ᠃
ᠬᠢᠵᠠᠭᠠᠯᠠᠩ ᠢᠮᠠᠭ᠎ᠠ
3 ᠨᠠᠰᠤᠲᠠᠢ ᠢᠮᠠᠭᠠᠨ ᠤ᠋ ᠬᠦᠢᠰᠦ ᠢᠯᠭᠠᠭᠰᠠᠨ ᠦᠭᠡᠢ ᠨᠡᠷᠡᠢᠳᠦᠯ᠂ 4 ᠬᠠᠯᠪᠠᠭᠠᠲᠠᠢ᠃
ᠬᠢᠵᠠᠭᠠᠯᠠᠩ ᠡᠷ᠎ᠡ ᠢᠮᠠᠭ᠎ᠠ 3 ᠨᠠᠰᠤᠲᠠᠢ ᠡᠷ᠎ᠡ ᠢᠮᠠᠭ᠎ᠠ᠃
ᠬᠢᠵᠠᠭᠠᠯᠠᠩ ᠡᠮ᠎ᠡ ᠢᠮᠠᠭ᠎ᠠ 3 ᠨᠠᠰᠤᠲᠠᠢ ᠡᠮ᠎ᠡ ᠢᠮᠠᠭ᠎ᠠ᠃
ᠵᠤᠰᠠᠭ ᠢᠮᠠᠭ᠎ᠠ ᠬᠢᠵᠠᠭᠠᠯᠠᠩ ᠡᠮ᠎ᠡ ᠢᠮᠠᠭ᠎ᠠ᠃
ᠰᠣᠶᠣᠭᠠᠯᠠᠩ
4 ᠨᠠᠰᠤᠲᠠᠢ ᠢᠮᠠᠭᠠᠨ ᠤ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠂ 6 ᠬᠠᠯᠪᠠᠭᠠᠲᠠᠢ᠃
ᠰᠣᠶᠣᠭᠠᠯᠠᠩ ᠡᠷ᠎ᠡ ᠢᠮᠠᠭ᠎ᠠ 4 ᠨᠠᠰᠤᠲᠠᠢ ᠡᠷ᠎ᠡ ᠢᠮᠠᠭ᠎ᠠ᠃
ᠰᠠᠭᠠᠯᠢ ᠢᠮᠠᠭ᠎ᠠ 4 ᠨᠠᠰᠤᠲᠠᠢ ᠡᠮ᠎ᠡ ᠢᠮᠠᠭ᠎ᠠ᠃
ᠰᠡᠷᠬᠡ
ᠨᠠᠰᠤ ᠭᠦᠢᠴᠡᠭᠰᠡᠨ ᠬᠥᠩᠭᠡᠯᠡᠭᠰᠡᠨ ᠡᠷ᠎ᠡ ᠢᠮᠠᠭ᠎ᠠ᠃
ᠡᠮ᠎ᠡ ᠢᠮᠠᠭ᠎ᠠ
ᠵᠤᠰᠠᠭ ᠠ᠋ᠴᠠ ᠳᠡᠭᠡᠭᠰᠢᠬᠢ ᠡᠮ᠎ᠡ ᠢᠮᠠᠭ᠎ᠠ᠃ ᠥᠭᠡᠷ᠎ᠡ ᠪᠡᠷ ᠬᠡᠯᠡᠪᠡᠯ᠂ ᠨᠠᠰᠤ ᠭᠦᠢᠴᠡᠭᠰᠡᠨ ᠡᠮ᠎ᠡ ᠢᠮᠠᠭ᠎ᠠ᠃ ᠰᠢᠨᠵᠢᠶᠠᠩ ᠳ᠋ᠤ᠌ ᠡᠬᠡ ᠢᠮᠠᠭ᠎ᠠ ᠭᠡᠵᠦ ᠬᠡᠯᠡᠳᠡᠭ᠃
ᠬᠠᠢᠳᠠᠭ ᠢᠮᠠᠭ᠎ᠠ
ᠲᠥᠯ ᠦᠭᠡᠢ ᠰᠠᠭᠠᠯᠭᠠᠳᠠᠭ ᠢᠮᠠᠭ᠎ᠠ᠃
ᠤᠬᠤᠨ᠎ᠠ
ᠴᠠᠭᠠᠯᠠᠭᠰᠠᠨ ᠦᠭᠡᠢ ᠲᠠᠯᠪᠢᠭᠰᠠᠨ ᠡᠷ᠎ᠡ ᠢᠮᠠᠭ᠎ᠠ᠃ ᠠᠯᠠᠱᠠ᠂ ᠬᠥᠬᠡᠨᠠᠭᠤᠷ ᠲᠤ᠌ ᠲᠡᠭᠡ ᠭᠡᠨ᠎ᠡ᠃
ᠤᠬᠤᠨ᠎ᠠ ᠲᠠᠯᠪᠢᠬᠤ
ᠤᠬᠤᠨ᠎ᠠ ᠪᠣᠯᠭᠠᠬᠤ ᠪᠠᠷ ᠵᠠᠰᠠᠭᠰᠠᠨ ᠦᠭᠡᠢ ᠲᠠᠯᠪᠢᠭᠰᠠᠨ ᠢᠰᠢᠭᠡ᠃
ᠤᠬᠤᠨᠠᠰᠠᠬᠤ
ᠡᠮ᠎ᠡ ᠢᠮᠠᠭ᠎ᠠ ᠣᠷᠣᠭ᠎ᠠ ᠣᠷᠣᠵᠤ ᠤᠬᠤᠨ᠎ᠠ ᠡᠷᠢᠬᠦ᠃
ᠤᠬᠤᠨᠠᠳᠠᠬᠤ
ᠤᠬᠤᠨ᠎ᠠ ᠂ ᠡᠮ᠎ᠡ ᠢᠮᠠᠭ᠎ᠠ ᠶ᠋ᠢ ᠬᠥᠭᠡᠭᠡᠬᠦ᠃
ᠵᠤᠯᠪᠤᠳᠠᠭ
ᠨᠢᠮᠭᠡᠨ ᠲᠠᠴᠢᠷ ᠦᠰᠦᠲᠡᠢ᠃
