ᠲᠠᠭᠠᠨ᠎ᠠТаана ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠭᠠᠨ᠎ᠠТаана

ᠲᠠᠭᠠᠨ᠎ᠠТаана

2023-12-14

1026

ᠲᠠᠭᠠᠨ᠎ᠠ

                  ᠠᠩᠭ᠌ᠯᠢ᠄ Allium polyrhizum 
    ᠰᠣᠩᠭᠢᠨᠠᠯᠢᠭ ᠡᠰᠢ ᠲᠤᠰ ᠪᠦᠷᠢ ᠭᠠᠳᠠᠨ᠎ᠠ ᠲᠠᠯ᠎ᠠ ᠪᠠᠷ ᠢ᠋ᠶ᠋ᠠᠨ ᠬᠠᠭᠤᠴᠢᠨ ᠦᠯᠡᠳᠡᠭᠳᠡᠯ ᠤᠯᠠᠭᠠᠨ ᠬᠦᠷᠢᠨ ᠥᠩᠭᠡ ᠶ᠋ᠢᠨ ᠤᠭᠯᠤᠷᠭ᠎ᠠ ᠪᠠᠷ ᠬᠤᠴᠢᠭᠳᠠᠵᠤ ᠬᠠᠮᠠᠭᠠᠯᠠᠭᠳᠠᠬᠤ ᠪᠥᠭᠡᠳ ᠬᠡᠳᠦ ᠬᠡᠳᠦᠨ ᠤᠷᠭᠤᠮᠠᠯ ᠬᠠᠮᠲᠤᠷᠠᠨ ᠬᠡᠰᠡᠭ ᠲᠣᠪᠬᠤ ᠮᠠᠶᠢᠭ ᠤ᠋ᠨ ᠬᠠᠲᠠᠭᠤ ᠲᠡᠩᠨᠡᠭᠦᠯ ᠡᠭᠦᠰᠬᠡᠨ᠎ᠡ᠃ ᠲᠠᠭᠠᠨ᠎ᠠ 10-20 ᠰᠠᠨᠲ᠋ᠢᠮᠧᠲ᠋ᠷ ᠥᠨᠳᠥᠷ ᠤᠷᠭᠤᠮᠠᠯ᠃ ᠰᠣᠩᠭᠢᠨᠠᠯᠢᠭ ᠡᠰᠢ ᠶ᠋ᠢᠨ ᠳᠣᠣᠷ᠎ᠠ ᠬᠡᠰᠡᠭ ᠲᠦ᠍ ᠬᠥᠷᠥᠰᠥᠨ ᠳ᠋ᠦ᠍ ᠪᠤᠯᠠᠭᠳᠠᠨ ᠣᠷᠣᠰᠢᠵᠤ᠂ ᠲᠡᠭᠦᠨ ᠡᠴᠡ ᠬᠡᠪᠲᠡᠭᠡ ᠴᠢᠭᠯᠡᠯ ᠢ᠋ᠶ᠋ᠡᠷ ᠦᠨᠳᠦᠰᠦᠯᠢᠭ ᠡᠰᠢ ᠭᠠᠷᠤᠨ᠎ᠠ᠃ ᠦᠨᠳᠦᠰᠦᠯᠢᠭ ᠡᠰᠢᠨ ᠡᠴᠡ ᠰᠠᠭᠯᠠᠭᠠᠷ ᠳᠠᠭᠠᠪᠤᠷᠢ ᠦᠨᠳᠦᠰᠦ ᠡᠭᠦᠰᠦᠨ᠎ᠡ᠃ ᠰᠣᠩᠭᠢᠨᠠᠨ ᠤ᠋ ᠦᠨᠦᠷ ᠠᠮᠲᠠ ᠪᠦᠬᠦᠢ ᠨᠠᠷᠢᠨ ᠴᠤᠭᠤᠷ ᠨᠠᠪᠴᠢ ᠲᠠᠢ᠃ ᠴᠠᠭᠠᠨ ᠶᠠᠭᠠᠨ ᠴᠡᠴᠡᠭ ᠦ᠋ᠳ ᠡᠴᠡ ᠪᠦᠷᠢᠳᠦᠭᠰᠡᠨ ᠡᠩ ᠦ᠋ᠨ ᠰᠢᠭᠦᠷ ᠪᠠᠭ ᠴᠡᠴᠡᠭ ᠡᠭᠦᠰᠦᠨ᠎ᠡ᠃
    ᠭᠠᠩ ᠬᠠᠭᠰᠠᠷᠭᠠᠨ ᠪᠠ ᠬᠦᠢᠲᠡᠨ ᠳᠤ ᠲᠡᠰᠪᠦᠷᠢᠲᠡᠶ᠂ 10 ᠡᠴᠡ ᠲᠡᠭ ᠡᠴᠡ ᠳᠣᠭᠣᠭᠰᠢ 40 ᠭᠷᠠᠳᠦ᠋ᠰ ᠤᠨ ᠳᠤᠯᠠᠭᠠᠨ ᠤ ᠬᠡᠪᠴᠢᠶᠡᠨ ᠳᠤ ᠪᠦᠷ ᠠᠮᠢᠳᠤᠷᠠᠵᠤ ᠳᠡᠢᠯᠦᠨ᠎ᠡ᠃ 
    ᠲᠠᠭᠠᠨ᠎ᠠ ᠶᠡᠷᠦᠳᠡ ᠶ᠋ᠢᠨ ᠬᠤᠷ᠎ᠠ ᠪᠣᠷᠣᠭ᠎ᠠ ᠲᠠᠢ ᠵᠢᠯ ᠳ᠋ᠦ᠍ ᠠᠩᠬᠠᠨ ᠤ᠋ ᠪᠣᠷᠣᠭᠠᠨ ᠤ᠋ ᠳᠠᠷᠠᠭ᠎ᠠ 5 ᠳ᠋ᠤᠭᠠᠷ ᠰᠠᠷ᠎ᠠ ᠶ᠋ᠢᠨ ᠡᠬᠢᠨ ᠦ᠌ ᠬᠠᠭᠠᠰ ᠠ᠋ᠴᠠ ᠤᠷᠭᠤᠵᠤ᠂ 7 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃ ᠬᠦᠢᠲᠡᠷᠡᠮᠡᠭᠴᠡ ᠰᠢᠷᠠᠯᠠᠵᠤ ᠬᠠᠲᠠᠭᠠᠳ ᠬᠡᠪᠡᠷᠡᠭ ᠪᠣᠯᠵᠤ᠂ ᠰᠠᠯᠬᠢ ᠮᠠᠯ ᠤ᠋ᠨ ᠬᠥᠯ ᠳ᠋ᠦ᠍ ᠦᠷᠡᠭᠳᠡᠨ ᠦᠨᠳᠦᠰᠦᠨ ᠳᠡᠭᠡᠷ᠎ᠡ ᠬᠠᠳᠠᠭᠠᠯᠠᠭᠳᠠᠬᠤ ᠦᠭᠡᠢ᠃ ᠡᠯᠡᠰᠦᠨᠴᠢᠷ᠂ ᠬᠥᠪᠰᠥᠭᠡᠷ ᠡᠯᠡᠰᠦᠨᠴᠢᠷ᠂ ᠲᠣᠭᠣᠰᠣᠷᠬᠠᠭ ᠪᠣᠯᠤᠨ ᠰᠢᠷᠭᠠᠯ ᠬᠦᠷᠡᠩ ᠬᠥᠷᠥᠰᠥᠲᠡᠢ ᠨᠠᠯᠠᠤ ᠬᠠᠵᠠᠭᠤ᠂ ᠲᠡᠭᠰᠢ ᠲᠠᠯ᠎ᠠ ᠪᠠᠷ ᠤᠷᠭᠤᠨ᠎ᠠ᠃
    ᠲᠠᠭᠠᠨ᠎ᠠ ᠶᠢ ᠢᠳᠡᠬᠦ ᠠᠷᠭ᠎ᠠ ᠄ ᠢᠰᠬᠡᠵᠦ ᠢᠳᠡᠬᠦ᠂ ᠥᠨᠳᠡᠭᠡ ᠲᠠᠢ ᠬᠠᠭᠤᠷᠬᠤ᠂ ᠪᠠᠩᠰᠢ ᠪᠤᠤᠵᠠ ᠬᠢᠬᠦ ᠵᠡᠷᠭᠡ᠃