ᠬᠠᠢᠷᠠᠲᠠᠢ ᠪᠦᠬᠦᠨ ᠢ᠋ ᠪᠡᠨ ᠵᠢᠷᠤᠶ᠎ᠠ- ᠣᠳᠣᠩᠭᠡᠷᠡᠯХайртай бүхнийгээ зуръя-Однгрөл
ᠣᠳᠣᠩᠭᠡᠷᠡᠯ
ᠡᠨᠡᠷᠢᠯᠲᠦ ᠠᠪᠤ ᠡᠵᠢ ᠶ᠋ᠢ ᠪᠡᠨ
ᠡᠩᠬᠡ ᠶ᠋ᠢᠨ ᠳᠦᠷᠢ ᠶ᠋ᠢ ᠨᠢ ᠵᠢᠷᠤᠶ᠎ᠠ!
ᠡᠯᠪᠡᠷᠢᠵᠦ ᠬᠠᠢᠷᠠᠯᠠᠭᠰᠠᠨ ᠠᠴᠢ ᠶ᠋ᠢ ᠨᠢ
ᠡᠩᠭᠡᠷ ᠲᠡᠭᠡᠨ ᠰᠢᠲᠦᠵᠦ ᠵᠢᠷᠤᠶ᠎ᠠ!
ᠠᠪᠤ ᠶ᠋ᠢᠨ ᠠᠯᠠᠭᠠᠨ ᠠ᠋ᠴᠠ ᠤᠨᠠᠭᠰᠠᠨ
ᠠᠬ᠎ᠠ ᠡᠭᠡᠴᠢ ᠳᠡᠭᠦᠦ ᠪᠡᠨ ᠵᠢᠷᠤᠶ᠎ᠠ!
ᠠᠮᠢᠨ ᠬᠣᠯᠪᠣᠭᠠᠲᠠᠢ ᠵᠠᠶᠠᠭ᠎ᠠ ᠶ᠋ᠢ ᠪᠡᠨ
ᠠᠰᠢᠳᠠ ᠶ᠋ᠢᠨ ᠵᠢᠷᠭᠠᠯ ᠲᠠᠢ ᠨᠢ ᠵᠢᠷᠤᠶ᠎ᠠ!
ᠠᠭᠰᠤᠮ ᠵᠢᠷᠣᠭ᠎ᠠ ᠮᠣᠷᠢ ᠲᠠᠢ
ᠠᠮᠠᠷᠠᠭ ᠬᠠᠨᠢ ᠪᠠᠨ ᠵᠢᠷᠤᠶ᠎ᠠ!
ᠠᠮᠢᠳᠤᠷᠠᠯ ᠤ᠋ᠨ ᠰᠠᠢᠬᠠᠨ ᠳ᠋ᠤ᠌ ᠪᠠᠶᠠᠰᠤᠭᠰᠠᠨ
ᠠᠵᠠ ᠲᠠᠢ ᠪᠤᠶᠠᠨ ᠢ᠋ᠶ᠋ᠠᠨ ᠵᠢᠷᠤᠶ᠎ᠠ!
ᠡᠷᠪᠡᠬᠡᠢ ᠰᠠᠭᠤᠭᠰᠠᠨ ᠴᠡᠴᠡᠭ ᠰᠢᠭ
ᠢᠵᠢᠯᠬᠡᠨ ᠬᠣᠶᠠᠷ ᠥᠬᠢᠨ ᠢ᠋ ᠪᠡᠨ ᠵᠢᠷᠤᠶ᠎ᠠ!
ᠡᠭᠡᠴᠢ ᠳᠡᠭᠦᠦ ᠬᠣᠶᠠᠷ ᠡᠩᠬᠦᠷᠡᠢ ᠪᠡᠨ
ᠢᠨᠢᠶᠡᠯᠴᠡᠵᠦ ᠪᠠᠢᠬᠤ ᠶ᠋ᠢ ᠨᠢ ᠵᠢᠷᠤᠶ᠎ᠠ!
ᠲᠠᠯ᠎ᠠ ᠶ᠋ᠢᠨ ᠣᠯᠠᠨ ᠭᠥᠷᠥᠭᠡᠰᠦ ᠶ᠋ᠢ
ᠲᠠᠭᠰᠢᠵᠤ ᠪᠠᠢᠬᠤ ᠪᠠᠷ ᠵᠢᠷᠤᠶ᠎ᠠ!
ᠲᠠᠩᠰᠤᠭ ᠰᠠᠢᠬᠠᠨ ᠨᠤᠲᠤᠭ ᠢ᠋ ᠪᠡᠨ
ᠳᠠᠭᠰᠢᠨ ᠦᠵᠡᠮᠵᠢ ᠪᠡᠷ ᠨᠢ ᠵᠢᠷᠤᠶ᠎ᠠ!
ᠳᠡᠯ ᠨᠢ ᠪᠣᠰᠤᠭ᠎ᠠ ᠠᠳᠤᠭᠤᠳ ᠢ᠋ᠶ᠋ᠠᠨ
ᠳᠠᠪᠬᠢᠵᠤ ᠪᠠᠢᠬᠤ ᠪᠠᠷ ᠨᠢ ᠵᠢᠷᠤᠶ᠎ᠠ!
ᠳᠡᠪᠡᠯ ᠲᠡᠢ ᠮᠣᠩᠭᠣᠯ ᠬᠥᠮᠦᠨ ᠢ᠋ ᠪᠡᠨ
ᠳᠡᠷᠭᠡᠳᠡ ᠨᠢ ᠳᠡᠭᠦᠯᠢᠬᠦ ᠪᠡᠷ ᠵᠢᠷᠤᠶ᠎ᠠ!
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ᠂ ᠣᠶᠤᠨᠴᠡᠴᠡᠭ
