ᠪᠢᠲᠡᠭᠡᠢ ᠤᠬᠢᠯᠠ ᠮᠢᠨᠦ ᠮᠣᠩᠭᠣᠯ-ᠷ· ᠡᠮᠦᠵᠢᠨБитгий охил миний монгол-Р·Эмүжин
ᠪᠢᠲᠡᠭᠡᠢ ᠤᠬᠢᠯᠠ ᠮᠢᠨᠦ ᠮᠣᠩᠭᠣᠯ
ᠢᠷᠠᠭᠤ ᠨᠠᠢᠷᠠᠭᠴᠢ᠄ ᠷ· ᠡᠮᠦᠵᠢᠨ
ᠳᠠᠬᠢᠭᠠᠳ ᠵᠠᠭᠤᠨ ᠵᠢᠯ ᠥᠩᠭᠡᠷᠡᠬᠦ ᠳ᠋ᠦ᠍
ᠮᠢᠨᠦ ᠱᠣᠩᠬᠣᠷ ᠳᠠᠯᠠᠪᠴᠢ ᠲᠠᠢ ᠪᠠᠢᠭᠠᠳ ᠴᠤ᠌
ᠨᠢᠰᠬᠦ ᠦᠭᠡᠢ ᠪᠣᠯ ᠶᠠᠭᠠᠬᠢᠬᠤ ᠪᠣᠢ?
ᠳᠣᠭᠰᠢᠨ ᠲᠡᠦᠬᠡ ᠶ᠋ᠢᠨ ᠪᠠᠷᠳᠠᠮᠬᠠᠨ ᠳᠤᠰᠤᠯ ᠨᠢᠯᠪᠤᠰᠤ
ᠳᠣᠷᠣᠨ᠎ᠠ ᠶ᠋ᠢᠨ ᠮᠣᠩᠭᠣᠯ ᠡᠪᠦᠳᠦᠭ ᠰᠥᠭᠥᠳᠪᠡᠯ
ᠶᠠᠭᠠᠬᠢᠬᠤ ᠪᠣᠢ? ᠤᠰᠤ ᠤᠰᠤᠨ ᠤ᠋ ᠡᠬᠢᠨ ᠳ᠋ᠦ᠍
ᠤᠯᠠᠭᠠᠨ ᠰᠢᠷᠣᠢ ᠦᠯᠡᠳᠡᠪᠡᠯ ᠤᠬᠢᠯᠠᠭᠠᠳ ᠤᠬᠢᠯᠠᠭᠠᠳ
ᠤᠷᠤᠰᠬᠠᠯ ᠲᠠᠢ ᠪᠣᠯᠤᠨ᠎ᠠ ᠭᠡᠵᠡᠢ ᠤᠤ?
ᠠᠭᠤᠯᠠ ᠠᠭᠤᠯᠠ ᠶ᠋ᠢᠨ ᠣᠷᠭᠢᠯ ᠳ᠋ᠤ᠌ ᠤᠬᠤᠭᠰᠠᠨ
ᠨᠦᠬᠡ ᠬᠣᠴᠣᠷᠪᠠᠯ ᠤᠬᠠᠭᠠᠷᠠᠭᠠᠳ ᠤᠬᠠᠭᠠᠷᠠᠭᠠᠳ
ᠪᠠᠯ ᠠ᠋ᠴᠠ ᠪᠠᠨ ᠬᠡᠲᠦᠷᠡᠨ᠎ᠡ ᠭᠡᠵᠡᠢ ᠤᠤ?
ᠴᠢᠰᠤ ᠨᠢᠯᠪᠤᠰᠤ ᠤᠷᠤᠰᠴᠤ ᠴᠤᠭᠭᠠᠷ ᠣᠯᠠᠨ
ᠵᠦᠳᠡᠷᠡᠪᠡᠴᠦ ᠴᠤᠪᠤᠵᠤ ᠶᠠᠪᠤᠭᠰᠠᠨ ᠣᠨ ᠵᠢᠯ ᠦ᠋ᠳ
ᠬᠡᠵᠢᠶ᠎ᠡ ᠳᠠᠭᠤᠰᠬᠤ ᠶ᠋ᠢ ᠮᠡᠳᠡᠬᠦ ᠦᠭᠡᠢ᠂
ᠴᠤᠤᠲᠠᠢ ᠮᠢᠩᠭᠠᠨ ᠤ᠋ ᠲᠡᠭᠦᠰᠬᠡᠯ ᠳ᠋ᠦ᠍ ᠮᠣᠩᠭᠣᠯ ᠤ᠋ᠨ
ᠵᠢᠷᠦᠬᠡ ᠡᠨᠡᠯᠪᠡᠴᠦ ᠴᠤᠭᠯᠠᠵᠤ ᠰᠠᠭᠤᠬᠤ ᠡᠳᠦᠷ
ᠬᠡᠵᠢᠶ᠎ᠡ ᠢᠷᠡᠬᠦ ᠶ᠋ᠢ ᠮᠡᠳᠡᠬᠦ ᠦᠭᠡᠢ᠂
ᠬᠡᠦᠬᠡᠳ ᠦ᠋ᠳ ᠵᠤᠳᠠᠷᠠᠵᠤ ᠬᠥᠭᠰᠢᠳ ᠡᠨᠡᠯᠵᠦ ᠪᠠᠢᠬᠤ ᠳ᠋ᠤ᠌
ᠬᠦᠯᠦᠭ ᠦ᠋ᠨ ᠲᠣᠭᠣᠰᠣ ᠲᠩᠷᠢ ᠳ᠋ᠦ᠍ ᠬᠠᠲᠠᠯ᠎ᠠ ᠭᠡᠳ
ᠶᠠᠭᠠᠬᠢᠬᠤ ᠪᠣᠢ? ᠬᠥᠮᠦᠨ ᠦ᠌ ᠨᠤᠲᠤᠭ ᠤ᠋ᠨ ᠭᠦᠨ ᠡᠴᠡ
ᠬᠦᠰᠡᠯ ᠲᠡᠮᠡᠦᠯᠡᠯ ᠢ᠋ᠶ᠋ᠡᠨ ᠬᠠᠢᠭᠰᠠᠭᠠᠷ ᠯᠠ ᠪᠠᠢᠬᠤ ᠤᠤ?
ᠬᠦᠢᠲᠡᠨ ᠡᠷᠢᠨ ᠦ᠌ ᠰᠡᠭᠦᠯᠴᠢ ᠡᠴᠡ ᠬᠥᠭᠵᠢᠯ ᠬᠡᠮᠡᠭᠴᠢ ᠶ᠋ᠢ
ᠡᠷᠢᠬᠦ ᠤᠤ? ᠲᠤᠰᠠᠭᠠᠷ ᠲᠣᠭᠲᠠᠨᠢᠯ ᠲᠥᠷᠥ ᠶ᠋ᠢᠨ ᠰᠡᠨᠳᠡᠢ ᠲᠡᠢ
ᠬᠠᠮᠲᠤ ᠠᠯᠳᠠᠭᠳᠠᠬᠤ ᠳ᠋ᠤ᠌ ᠲᠤᠰᠠᠭᠠᠷ ᠤᠯᠤᠰ ᠮᠢᠨᠢ
ᠬᠥᠮᠦᠨ ᠦ᠌ ᠬᠢ ᠪᠣᠯᠤᠭᠰᠠᠨ ᠢ᠋ ᠬᠠᠷᠠᠬᠤ ᠤᠤ?
ᠭᠠᠵᠠᠷ ᠭᠠᠵᠠᠷ ᠤ᠋ᠨ ᠬᠡᠯᠡ ᠪᠡᠷ ᠥᠷᠢ ᠵᠢᠭᠡᠯᠡ ᠪᠡᠨ
ᠨᠡᠬᠡᠬᠦ ᠶ᠋ᠢᠨ ᠴᠠᠭ ᠲᠤ᠌ ᠭᠠᠵᠠᠷ ᠰᠢᠷᠣᠢ ᠮᠢᠨᠢ
ᠪᠤᠰᠤᠳ ᠤ᠋ᠨ ᠬᠢ ᠪᠣᠯᠤᠭᠰᠠᠨ ᠢ᠋ ᠦᠵᠡᠬᠦ ᠤᠤ?
ᠵᠠᠭᠤᠨ ᠵᠠᠭᠤᠨ ᠳᠡᠮᠨᠡᠭᠰᠡᠨ ᠡᠭᠡᠯ ᠲᠦᠮᠡᠨ ᠦ᠌
ᠠᠮᠢᠳᠤᠷᠠᠯ ᠳ᠋ᠤ᠌ ᠵᠠᠭᠤᠷᠠᠳᠤ ᠶ᠋ᠢᠨ ᠡᠨᠡ ᠲᠥᠷᠥ
ᠶᠠᠭᠤᠬᠠᠨ ᠢ᠋ ᠠᠪᠴᠢᠷᠠᠭᠰᠠᠨ ᠶᠤᠮ ᠪᠣᠢ?
ᠵᠢᠰᠤᠷ ᠴᠠᠭ ᠤ᠋ᠨ ᠲᠤᠷᠰᠢᠳᠠ ᠬᠤᠯᠠᠭᠠᠢ ᠨᠣᠶᠠᠳ ᠠ᠋ᠴᠠ
ᠬᠠᠮᠢᠶᠠᠷᠤᠭᠴᠢ ᠵᠤᠯᠭᠤᠢ ᠡᠨᠡ ᠲᠥᠷᠥ
ᠬᠡᠳᠦᠨ ᠵᠣᠭᠣᠰᠤᠨ ᠤ᠋ ᠦᠨ᠎ᠡ ᠲᠡᠢ ᠪᠣᠢ?
ᠬᠥᠬᠡ ᠡᠪᠡᠰᠦᠨ ᠦ᠌ ᠦᠨᠳᠦᠰᠦ ᠦᠷ᠎ᠡ ᠶ᠋ᠢ
ᠭᠦᠨᠳᠡᠨ ᠠᠯᠲᠠ ᠪᠠᠨ ᠠᠴᠢᠭᠤᠯᠤᠯᠠ ᠭᠡᠳ
ᠬᠥᠬᠡ ᠮᠣᠩᠭᠣᠯ ᠬᠥᠭᠵᠢᠬᠦ ᠨᠢ ᠦᠨᠡᠨ ᠶᠦᠮ ᠤᠤ?
ᠤᠷᠤᠰᠬᠠᠯ ᠤᠰᠤᠨ ᠤ᠋ ᠡᠬᠢ ᠪᠦᠷᠢ ᠶ᠋ᠢ ᠰᠠᠮᠤᠷᠴᠤ
ᠡᠷᠳᠡᠨᠢᠰ ᠢ᠋ᠶ᠋ᠡᠨ ᠵᠥᠭᠡᠭᠡᠯᠡ ᠭᠡᠳ ᠤᠳᠤᠮᠲᠤ
ᠮᠣᠩᠭᠣᠯ ᠬᠥᠯᠵᠢᠬᠦ ᠨᠢ ᠦᠨᠡᠨ ᠶᠦᠮ ᠤᠤ?
ᠡᠬᠡ ᠣᠷᠣᠨᠴᠢᠳ ᠤ᠋ᠨ ᠵᠢᠷᠦᠬᠡ ᠦᠶ᠎ᠡ ᠳᠠᠷᠬᠠᠨ
ᠦᠬᠦᠵᠦ ᠪᠠᠢᠬᠤ ᠳ᠋ᠤ᠌ ᠡᠬᠡ ᠬᠥᠮᠦᠨ ᠦ᠌ ᠰᠡᠳᠬᠢᠯ
ᠰᠢᠮᠰᠢᠷᠡᠬᠦ ᠦᠭᠡᠢ ᠭᠡᠳ ᠶᠠᠭᠠᠬᠢᠬᠤᠪ?
ᠡᠭᠡᠯ ᠮᠣᠩᠭᠣᠯ ᠤ᠋ᠨ ᠢᠲᠡᠭᠡᠯ ᠭᠤᠨᠢᠭᠲᠠᠢᠬᠠᠨ
ᠮᠥᠬᠥᠵᠦ ᠪᠠᠢᠬᠤ ᠳ᠋ᠤ᠌ ᠡᠴᠢᠭᠡ ᠬᠥᠮᠦᠨ ᠦ᠌ ᠰᠡᠳᠬᠢᠯ
ᠱᠠᠷᠬᠢᠷᠠᠬᠤ ᠦᠭᠡᠢ ᠭᠡᠳ ᠶᠠᠭᠠᠬᠢᠬᠤ ᠪᠣᠢ?
ᠢᠲᠡᠭᠡᠯ ᠨᠠᠢᠳᠠᠪᠤᠷᠢ ᠪᠠᠨ ᠭᠡᠭᠡᠵᠦ
ᠢᠨᠢᠶᠡᠭᠰᠡᠨ ᠪᠦᠬᠦᠨ ᠳᠠᠢᠰᠤᠨ ᠪᠣᠯᠬᠤ ᠳ᠋ᠤ᠌
ᠢᠵᠢᠢ ᠲᠡᠢ ᠪᠡᠨ ᠬᠠᠮᠲᠤ ᠴᠣᠬᠢᠯᠠᠭᠰᠠᠨ
ᠵᠢᠷᠦᠬᠡ ᠮᠢᠨᠢ ᠯᠡ ᠮᠣᠩᠭᠣᠯ ᠤ᠋ᠨ ᠬᠢ ᠪᠠᠢᠭ᠂
ᠠᠯᠲᠠᠢ ᠬᠢᠩᠭᠠᠨ ᠤ᠋ ᠠᠭᠤᠯᠠᠰ ᠥᠷᠥᠭᠡᠯ ᠦ᠋ᠨ
ᠬᠥᠯ ᠳᠣᠣᠷ᠎ᠠ ᠠ᠋ᠴᠠ ᠥᠨᠳᠡᠯᠵᠡᠬᠦ ᠳ᠋ᠦ᠍
ᠠᠪᠤ ᠲᠠᠢ ᠪᠠᠨ ᠬᠠᠮᠲᠤ ᠣᠭᠰᠢᠭᠰᠠᠨ
ᠵᠢᠷᠦᠬᠡ ᠮᠢᠨᠢ ᠯᠡ ᠮᠣᠩᠭᠣᠯ ᠤ᠋ᠨ ᠬᠢ ᠪᠠᠢᠭ᠂
ᠦᠵᠡᠯ ᠰᠠᠨᠠᠭᠠᠨ ᠳ᠋ᠤ᠌ ᠪᠠᠨ ᠲᠥᠭᠡᠷᠢᠯᠳᠦᠵᠦ
ᠦᠨᠡᠨ ᠦ᠌ ᠬᠡᠮᠵᠢᠭᠦᠷ ᠠᠯᠳᠠᠭᠳᠠᠬᠤ ᠶ᠋ᠢᠨ ᠴᠠᠭ ᠲᠤ᠌
ᠦᠵᠦᠭᠦᠷᠲᠦ ᠢᠯᠳᠦᠨ ᠦ᠌ ᠰᠠᠯᠬᠢᠨ ᠳ᠋ᠤ᠌ ᠦᠶ᠎ᠡ ᠶ᠋ᠢᠨ
ᠦᠶ᠎ᠡ ᠳ᠋ᠦ᠍ ᠬᠠᠲᠠᠭᠤᠵᠢᠭᠰᠠᠨ ᠵᠣᠷᠢᠭ ᠦᠨᠳᠦᠰᠦᠨ ᠦ᠌
ᠭᠡᠬᠦ ᠶᠠᠭᠤᠮ᠎ᠠ ᠵᠢᠷᠦᠬᠡ ᠴᠢᠨᠢ ᠯᠡ ᠦᠯᠡᠳᠡᠨ᠎ᠡ
ᠪᠢᠲᠡᠭᠡᠢ ᠤᠬᠢᠯᠠ ᠮᠢᠨᠦ ᠮᠣᠩᠭᠣᠯ!
ᠦᠨᠡᠨ ᠬᠤᠳᠠᠯ ᠤ᠋ᠨ ᠲᠡᠩᠴᠡᠭᠦᠷᠢ ᠡᠭᠦᠳᠡᠨ
ᠬᠣᠢᠮᠣᠷ ᠲᠤ ᠰᠢᠷᠪᠠᠬᠤ ᠶ᠋ᠢᠨ ᠴᠠᠭ ᠲᠤ᠌ ᠦᠭᠡᠢᠷᠡᠯ
ᠶᠠᠳᠠᠭᠤᠷᠠᠯ ᠤ᠋ᠨ ᠳᠤᠮᠳᠠᠭᠤᠷ ᠦᠶ᠎ᠡ ᠶ᠋ᠢᠨ ᠦᠶ᠎ᠡ ᠳ᠋ᠦ᠍
ᠳᠦᠷᠡᠯᠵᠡᠭᠰᠡᠨ ᠣᠮᠣᠭ ᠦᠨᠳᠦᠰᠦᠨ ᠦ᠌
ᠭᠡᠬᠦ ᠶᠠᠭᠤᠮ᠎ᠠ ᠵᠢᠷᠦᠬᠡ ᠴᠢᠨᠢ ᠯᠡ ᠦᠯᠡᠳᠡᠨ᠎ᠡ
ᠪᠢᠲᠡᠭᠡᠢ ᠤᠬᠢᠯᠠ ᠮᠢᠨᠦ ᠮᠣᠩᠭᠣᠯ!
2016 ᠣᠨ
ᠦᠰᠦᠭ ᠢ᠋ ᠠᠮᠢᠯᠠᠭᠤᠯᠤᠭᠰᠠᠨ᠄ ᠴ· ᠡᠷᠬᠢᠮᠪᠢᠯᠢᠭ
ᠦᠰᠦᠭ ᠢ᠋ ᠬᠠᠲᠠᠭᠰᠠᠨ᠄ ᠴ· ᠡᠷᠬᠢᠮᠪᠢᠯᠢᠭ
ᠬᠢᠨᠠᠭᠴᠢ᠄ ᠣᠳᠬᠣᠩᠬᠤᠸᠠᠷ
