ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 5 > Хөх зул – Боржигон Ванжал –"Тав ᠂ Таван хошуу малын бүлэг " 5.
ᠲᠠᠪᠤ ᠂ ᠲᠠᠪᠤᠨ ᠬᠣᠰᠢᠭᠤ ᠮᠠᠯ ᠤᠨ ᠪᠦᠯᠦᠭ – 5
ᠬᠣᠨᠢᠨ ᠦ ᠨᠠᠰᠤ ᠰᠢᠳᠦᠨ ᠦ ᠨᠡᠷᠡᠢᠳᠦᠯ Хонины нас шүдний нэрэйдэл
ᠬᠣᠨᠢ
ᠭᠡᠷ ᠦ᠋ᠨ ᠲᠡᠵᠢᠭᠡᠪᠦᠷᠢ ᠂ ᠲᠠᠪᠤᠨ ᠬᠣᠰᠢᠭᠤ ᠮᠠᠯ ᠤ᠋ᠨ ᠳᠣᠲᠣᠷᠠᠬᠢ ᠪᠤᠭ ᠮᠠᠯ ᠤ᠋ᠨ ᠨᠢᠭᠡᠨ ᠲᠥᠷᠥᠯ᠃ ᠰᠦᠨ ᠲᠡᠵᠢᠭᠡᠯᠲᠡᠨ᠂ ᠲᠥᠷᠥᠯᠬᠢ ᠨᠣᠮᠣᠬᠠᠨ᠂ ᠰᠦ ᠪᠠ ᠮᠢᠬ᠎ᠠ ᠨᠢ ᠰᠠᠢᠨ ᠪᠥᠭᠡᠳ ᠠᠮᠲᠠᠲᠠᠢ᠃ ᠦᠰᠦ ᠨᠢ ᠪᠤᠷᠵᠢᠭᠢᠷ ᠵᠥᠭᠡᠯᠡᠨ᠂ ᠨᠣᠣᠰᠣ ᠨᠢ ᠠᠷᠪᠢᠨ᠂ ᠢᠰᠡᠭᠡᠢ ᠬᠢᠬᠦ ᠪᠤᠶᠤ ᠨᠡᠬᠡᠮᠡᠯ ᠬᠢᠬᠦ ᠨᠣᠣᠰᠣᠨ ᠦᠢᠯᠡᠳᠪᠦᠷᠢ ᠳ᠋ᠦ᠍ ᠮᠠᠰᠢ ᠲᠣᠬᠢᠷᠠᠮᠵᠢᠲᠠᠢ᠃
ᠬᠣᠨᠢᠨ ᠬᠣᠷᠣᠭ᠎ᠠ
ᠬᠣᠨᠢ ᠬᠣᠷᠢᠳᠠᠭ ᠶᠡᠬᠡ ᠬᠡᠷᠡᠮ ᠦ᠋ᠨ ᠬᠦᠷᠢᠶ᠎ᠡ᠃
ᠬᠣᠨᠢᠨ ᠬᠠᠰᠢᠶ᠎ᠠ
ᠮᠣᠳᠣ ᠰᠢᠪᠡᠭᠡ ᠪᠡᠷ ᠪᠠᠷᠢᠭᠰᠠᠨ ᠬᠣᠨᠢ ᠬᠣᠷᠢᠬᠤ ᠨᠠᠮᠬᠠᠨ ᠬᠠᠰᠢᠶ᠎ᠠ᠃
ᠬᠣᠨᠢ ᠬᠣᠲᠠᠯᠠᠬᠤ
ᠬᠣᠨᠢ ᠪᠠᠨ ᠬᠣᠲᠠᠨ ᠳ᠋ᠤ᠌ ᠣᠷᠣᠭᠤᠯᠬᠤ ᠂ ᠬᠣᠷᠢᠬᠤ᠃
ᠬᠣᠨᠢ ᠨᠢᠲᠤᠯᠬᠤ
ᠬᠣᠨᠢ ᠠᠯᠠᠬᠤ ᠂ ᠬᠣᠨᠢ ᠭᠠᠷᠭᠠᠬᠤ᠃
ᠬᠣᠨᠢ ᠬᠢᠷᠭᠠᠬᠤ
ᠬᠣᠨᠢᠨ ᠤ᠋ ᠦᠰᠦ ᠶ᠋ᠢ ᠬᠠᠢᠴᠢᠯᠠᠵᠤ ᠠᠪᠬᠤ᠃
ᠬᠣᠨᠢ ᠬᠠᠢᠴᠢᠯᠠᠬᠤ
ᠬᠣᠨᠢᠨ ᠤ᠋ ᠦᠰᠦ ᠶ᠋ᠢ ᠨᠢ ᠬᠠᠢᠴᠢ ᠪᠠᠷ ᠬᠠᠢᠴᠢᠯᠠᠨ ᠬᠢᠷᠭᠠᠬᠤ᠃
ᠬᠣᠨᠢ ᠬᠣᠯᠪᠣᠬᠤ
ᠤᠷᠲᠤ ᠳᠡᠭᠡᠰᠦ ᠪᠡᠷ ᠬᠣᠶᠠᠷ ᠬᠣᠨᠢ ᠪᠦᠷᠢ ᠶ᠋ᠢ ᠲᠣᠯᠣᠭᠠᠢ ᠶ᠋ᠢ ᠨᠢ ᠵᠥᠷᠢᠭᠦᠯᠦᠨ ᠨᠢᠭᠡ ᠭᠣᠭᠴᠣᠭᠠᠯᠠᠬᠤ ᠮᠡᠲᠦᠴᠢᠯᠡᠨ ᠣᠯᠠᠨ ᠬᠣᠨᠢ ᠶ᠋ᠢ ᠬᠣᠯᠪᠣᠨ ᠰᠠᠭᠠᠬᠤ ᠪᠠᠷ ᠪᠡᠯᠡᠳᠬᠡᠬᠦ ᠶ᠋ᠢ ᠬᠡᠯᠡᠨ᠎ᠡ᠃
ᠬᠣᠨᠢ ᠰᠠᠭᠠᠬᠤ
ᠨᠣᠭᠣᠭᠠᠨ ᠳ᠋ᠤ᠌ ᠴᠠᠳᠤᠭᠰᠠᠨ ᠤ᠋ ᠬᠣᠢᠨ᠎ᠠ ᠬᠣᠨᠢ ᠶ᠋ᠢ ᠬᠡᠳᠦᠨ ᠠᠷᠪᠠ ᠪᠠᠷ ᠬᠣᠯᠪᠣᠵᠤ ᠬᠥᠬᠥ ᠶ᠋ᠢ ᠨᠢ ᠰᠢᠪᠲᠤᠷᠴᠤ ᠰᠦ ᠶ᠋ᠢ ᠨᠢ ᠠᠪᠬᠤ ᠶ᠋ᠢ ᠬᠡᠯᠡᠨ᠎ᠡ᠃ ᠬᠣᠨᠢᠨ ᠰᠦ ᠥᠳᠬᠡᠨ ᠴᠠᠢ ᠨᠡᠢᠯᠡᠭᠦᠯᠬᠦ ᠳ᠋ᠦ᠍ ᠣᠨᠴᠠ ᠰᠠᠢᠨ ᠃
ᠬᠣᠨᠢ ᠬᠠᠲᠠᠢᠷᠳᠠᠬᠤ
ᠬᠣᠨᠢ ᠮᠠᠯ ᠤ᠋ᠨ ᠬᠠᠮᠠᠷ᠂ ᠠᠮᠠ ᠨᠢ ᠪᠢᠲᠡᠭᠦᠷᠡᠵᠦ ᠪᠡᠶ᠎ᠡ ᠨᠢ ᠳᠣᠷᠣᠢᠲᠠᠨ ᠲᠤᠷᠠᠩᠬᠠᠢᠯᠠᠬᠤ ᠡᠪᠡᠳᠴᠢᠨ ᠲᠤᠰᠬᠤ ᠶ᠋ᠢ ᠬᠡᠯᠡᠨ᠎ᠡ᠃
ᠬᠣᠨᠢ ᠬᠤᠵᠢᠷᠯᠠᠬᠤ
ᠬᠣᠨᠢ ᠬᠠᠢᠷᠳᠠᠨ ᠬᠠᠮᠠᠷ ᠨᠢ ᠨᠢᠰᠤᠳᠠᠨ ᠪᠢᠲᠡᠭᠦᠷᠡᠵᠦ ᠢᠷᠡᠬᠦ ᠳ᠋ᠦ᠍ ᠬᠣᠨᠢ ᠪᠠᠨ ᠬᠤᠵᠢᠷ ᠲᠠᠢ ᠭᠠᠵᠠᠷ ᠠᠪᠠᠴᠢᠵᠤ ᠳᠣᠯᠢᠶᠠᠯᠭᠠᠬᠤ ᠪᠤᠶᠤ ᠬᠤᠵᠢᠷ ᠬᠠᠮᠤᠵᠤ ᠠᠪᠴᠢᠷᠠᠨ ᠴᠢᠳᠬᠤᠵᠤ ᠢᠳᠡᠭᠦᠯᠬᠦ ᠶ᠋ᠢ ᠬᠡᠯᠡᠨ᠎ᠡ᠃
ᠬᠣᠨᠢ ᠪᠣᠷᠳᠣᠬᠤ
ᠮᠠᠭᠤᠳᠠᠭᠰᠠᠨ ᠬᠣᠨᠢᠨ ᠳ᠋ᠤ᠌ ᠲᠡᠵᠢᠭᠡᠯ ᠥᠭᠬᠦ᠃
ᠬᠣᠨᠢ ᠦᠳᠡᠯᠡᠬᠦ
ᠬᠠᠯᠠᠭᠤᠨ ᠤ᠋ ᠴᠠᠭ ᠂ ᠬᠣᠨᠢ ᠪᠠᠨ ᠡᠷᠲᠡ ᠪᠡᠯᠴᠢᠭᠡᠨ ᠦᠳᠡ ᠬᠠᠯᠠᠭᠤᠨ ᠪᠣᠯᠬᠤ ᠳ᠋ᠤ᠌ ᠭᠠᠳᠠᠨ᠎ᠠ ᠪᠠᠨ ᠠᠪᠴᠢᠷᠠᠨ ᠬᠡᠪᠳᠡᠭᠥᠯᠭᠥ ᠪᠤᠶᠤ ᠵᠣᠭᠰᠣᠭᠠᠬᠤ ᠶ᠋ᠢ ᠬᠡᠯᠡᠨ᠎ᠡ᠃
ᠬᠣᠨᠢ ᠥᠳᠥᠯᠡᠬᠦ
ᠬᠣᠨᠢ ᠮᠢᠬ᠎ᠠ ᠲᠠᠷᠭᠤ ᠰᠠᠢᠨ ᠠᠪᠴᠤ ᠢᠷᠡᠬᠦ ᠳ᠋ᠦ᠍ ᠰᠡᠭᠦᠯ ᠨᠢ ᠢᠵᠠᠷᠠᠬᠤ ᠪᠤᠶᠤ ᠡᠰᠡᠬᠦᠯ᠎ᠡ ᠶᠠᠮᠠᠷ ᠨᠢᠭᠡᠨ ᠰᠢᠯᠲᠠᠭᠠᠨ ᠢ᠋ᠶ᠋ᠠᠷ ᠰᠢᠷᠠᠭᠳᠤᠵᠤ ᠲᠡᠭᠦᠨ ᠳ᠋ᠦ᠍ᠨᠢ ᠥᠲᠥᠨ ᠦ᠌ ᠢᠯᠠᠭ᠎ᠠ ᠰᠠᠭᠤᠵᠤ ᠥᠲᠥᠳᠡᠭ᠃ ᠡᠨᠡ ᠬᠦ᠌ ᠥᠳᠥ ᠶ᠋ᠢ ᠴᠡᠪᠡᠷᠯᠡᠨ ᠠᠷᠢᠯᠭᠠᠬᠤ ᠶ᠋ᠢ ᠬᠡᠯᠡᠨ᠎ᠡ᠃
ᠬᠣᠨᠢ ᠦᠷᠭᠦᠬᠦ
ᠬᠣᠨᠢ ᠶᠠᠮᠠᠷ ᠨᠢᠭᠡᠨ ᠶᠠᠭᠤᠮᠠᠨ ᠠ᠋ᠴᠠ ᠠᠶᠤᠨ ᠰᠣᠴᠢᠵᠤ ᠪᠦᠯᠦᠭᠯᠡᠨ ᠬᠤᠢᠨᠠᠷᠠᠵᠤ ᠳᠤᠲᠠᠭᠠᠬᠤ ᠶ᠋ᠢ ᠬᠡᠯᠡᠨ᠎ᠡ᠃
ᠬᠣᠨᠢ ᠬᠠᠷᠢᠭᠤᠯᠬᠤ ᠬᠣᠨᠢ ᠪᠠᠨ ᠪᠡᠯᠴᠢᠭᠡᠨ ᠮᠠᠯᠯᠠᠬᠤ᠃
ᠬᠣᠨᠢ ᠤᠬᠢᠶᠠᠬᠤ ᠬᠣᠨᠢ ᠰᠢᠷᠭᠡᠭᠲᠡᠨ ᠪᠦᠭᠡᠰᠦᠳᠡᠬᠦ ᠳ᠋ᠦ᠍ ᠡᠮ ᠲᠡᠢ ᠤᠰᠤ ᠪᠠᠷ ᠤᠬᠢᠶᠠᠬᠤ᠃
ᠬᠣᠨᠢ ᠡᠮᠨᠡᠬᠦ
ᠭᠣᠣᠯᠳᠠᠭᠤ ᠬᠣᠨᠢ ᠮᠠᠯ ᠤ᠋ᠨ ᠳᠣᠲᠣᠷ᠎ᠠ ᠬᠠᠯᠠᠭᠤᠨ ᠰᠠᠭᠤᠭᠰᠠᠨ ᠢ᠋ ᠲᠠᠭᠤᠬᠤ ᠶ᠋ᠢᠨ ᠤᠴᠢᠷ ᠡᠮ ᠴᠢᠳᠬᠤᠬᠤ ᠶ᠋ᠢ ᠬᠡᠯᠡᠨ᠎ᠡ᠃
ᠬᠣᠨᠢ ᠮᠠᠢᠯᠠᠬᠤ
ᠬᠣᠨᠢ ᠬᠤᠷᠠᠭ᠎ᠠ ᠪᠤᠶᠤ ᠢᠵᠢᠯᠢ ᠪᠡᠨ ᠰᠠᠨᠠᠵᠤ ᠳᠤᠤᠭᠠᠷᠬᠤ ᠶ᠋ᠢ ᠬᠡᠯᠡᠨ᠎ᠡ᠃
ᠬᠣᠨᠢ ᠠᠬᠤᠷᠯᠠᠬᠤ
ᠨᠠᠮᠤᠷ ᠬᠣᠨᠢ ᠬᠠᠢᠴᠢᠯᠠᠬᠤ ᠶ᠋ᠢ ᠬᠡᠯᠡᠨ᠎ᠡ᠃
ᠬᠣᠨᠢ ᠥᠰᠬᠦ
ᠬᠣᠨᠢ ᠠᠷᠪᠢᠨ ᠲᠠᠢ ᠪᠣᠯᠬᠤ ᠂ ᠦᠷᠡᠵᠢᠨ ᠠᠷᠪᠢᠳᠬᠤ᠃
ᠬᠣᠨᠢ ᠬᠤᠷᠠᠭᠠᠰᠠᠬᠤ
ᠬᠣᠨᠢ ᠬᠤᠷᠠᠭᠠᠨ ᠳ᠋ᠠᠭᠠᠨ ᠠᠮᠠᠷᠠᠭ ᠪᠣᠯᠵᠤ ᠪᠣᠭᠣᠨᠢ ᠳᠠᠭᠤ ᠪᠠᠷ ᠳᠤᠤᠭᠠᠷᠬᠤ᠃
ᠬᠣᠨᠢ ᠢᠬᠡᠷᠡᠯᠡᠬᠦ
ᠨᠢᠭᠡ ᠤᠳᠠᠭ᠎ᠠ ᠳ᠋ᠤ᠌ ᠬᠣᠶᠠᠷ ᠠ᠋ᠴᠠ ᠳᠡᠭᠡᠭᠰᠢ ᠬᠤᠷᠠᠭᠠᠯᠠᠬᠤ᠃
ᠬᠣᠨᠢ ᠬᠢᠬᠦ ᠬᠣᠨᠢ ᠠᠯᠠᠬᠤ᠃
ᠬᠣᠨᠢ ᠲᠥᠬᠥᠭᠡᠷᠬᠦ ᠬᠣᠨᠢ ᠠᠯᠠᠬᠤ᠃
ᠬᠣᠨᠢ ᠭᠠᠷᠭᠠᠬᠤ ᠬᠣᠨᠢ ᠠᠯᠠᠬᠤ᠃
ᠬᠣᠨᠢᠨ ᠳᠡᠪᠡᠯ ᠬᠣᠨᠢᠨ ᠠᠷᠠᠰᠤ ᠪᠠᠷ ᠬᠢᠭᠰᠡᠨ ᠳᠡᠪᠡᠯ᠃
ᠬᠣᠨᠢᠨ ᠵᠢᠯ
ᠰᠠᠷ᠎ᠠ ᠶ᠋ᠢᠨ ᠵᠢᠷᠤᠬᠠᠢ ᠶ᠋ᠢᠨ 12 ᠡᠷᠬᠡᠲᠡᠨ ᠦ᠌ ᠳᠣᠲᠣᠷᠠᠬᠢ ᠬᠣᠨᠢ ᠡᠵᠡᠯᠡᠭᠰᠡᠨ ᠵᠢᠯ᠃
ᠬᠤᠷᠠᠭ᠎ᠠ
ᠬᠣᠨᠢᠨ ᠤ᠋ ᠲᠤᠰ ᠵᠢᠯ ᠦ᠋ᠨ ᠲᠥᠯ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 1 ᠨᠠᠰᠤᠲᠠᠢ ᠃
ᠡᠷ᠎ᠡ ᠬᠤᠷᠠᠭ᠎ᠠ ᠲᠤᠰ ᠵᠢᠯ ᠦ᠋ᠨ ᠡᠷ᠎ᠡ ᠬᠦᠢᠰᠦᠨ ᠦ᠌ ᠲᠥᠯ᠃
ᠥᠬᠢᠨ ᠬᠤᠷᠠᠭ᠎ᠠ ᠲᠤᠰ ᠵᠢᠯ ᠦ᠋ᠨ ᠡᠮ᠎ᠡ ᠬᠦᠢᠰᠦᠨ ᠦ᠌ ᠲᠥᠯ᠃
ᠬᠤᠷᠠᠭ᠎ᠠ ᠬᠠᠷᠢᠭᠤᠯᠬᠤ ᠬᠤᠷᠠᠭ᠎ᠠ ᠪᠠᠨ ᠪᠡᠯᠴᠢᠭᠡᠨ ᠮᠠᠯᠯᠠᠬᠤ᠃
ᠬᠤᠷᠠᠭ᠎ᠠ ᠲᠣᠭᠯᠠᠬᠤ ( ᠳᠠᠭᠰᠢᠬᠤ ) ᠬᠤᠷᠠᠭᠠᠨ ᠤ᠋ ᠦᠰᠦᠷᠴᠦ ᠲᠣᠭᠯᠠᠵᠤ ᠨᠠᠭᠠᠳᠬᠤ᠃
ᠬᠤᠷᠠᠬ᠎ᠠ ᠢᠮᠨᠡᠬᠦ ① ᠬᠤᠷᠠᠭᠠᠨ ᠤ᠋ ᠪᠥᠭᠡᠨᠰᠦᠭ ᠢ᠋ ᠠᠪᠴᠤ ᠴᠠᠭᠠᠯᠠᠬᠤ ᠶ᠋ᠢ ᠬᠡᠯᠡᠨ᠎ᠡ᠃
② ᠬᠤᠷᠠᠭᠠᠨ ᠴᠢᠬᠢ ᠶ᠋ᠢ ᠣᠭᠲᠣᠯᠵᠤ ᠲᠡᠮᠳᠡᠭ ᠲᠠᠯᠪᠢᠬᠤ᠃
ᠬᠤᠷᠠᠭ᠎ᠠ ᠤᠭᠵᠢᠬᠤ ᠬᠤᠷᠠᠭ᠎ᠠ ᠶ᠋ᠢ ᠰᠦ ᠪᠤᠶᠤ ᠪᠤᠳᠠᠭᠠᠨ ᠰᠥᠮᠥᠰᠦ ᠪᠡᠷ ᠲᠡᠵᠢᠭᠡᠬᠦ᠃
ᠬᠤᠷᠠᠭ᠎ᠠ ᠵᠠᠭᠢᠰᠠᠬᠤ
ᠴᠠᠳᠬᠠᠯ ᠮᠠᠭᠤᠲᠠᠢ ᠬᠤᠷᠠᠭ᠎ᠠ ᠶ᠋ᠢ ᠥᠭᠡᠷ᠎ᠡ ᠡᠬᠡ ᠳ᠋ᠦ᠍ ᠲᠦᠷ ᠬᠥᠬᠥᠭᠦᠯᠬᠦ ᠶ᠋ᠢ ᠬᠡᠯᠡᠨ᠎ᠡ᠃
ᠬᠤᠷᠠᠭ᠎ᠠ ᠬᠠᠢᠴᠢᠯᠠᠬᠤ ᠬᠤᠷᠠᠭᠠᠨ ᠤ᠋ ᠦᠰᠦ ᠶ᠋ᠢ ᠬᠢᠷᠭᠠᠬᠤ᠃
ᠬᠤᠷᠠᠭᠠᠨ ᠪᠥᠬᠥᠭᠡᠭ ( ᠫᠧᠩ ) ᠬᠤᠷᠠᠭ᠎ᠠ ᠬᠣᠷᠢᠬᠤ ᠳᠤᠯᠠᠭᠠᠨ ᠬᠣᠷᠣᠭ᠎ᠠ᠃
ᠳᠡᠯᠡᠭᠡ ᠬᠤᠷᠠᠭ᠎ᠠ ᠬᠣᠶᠠᠷ ᠡᠬᠡ ᠶ᠋ᠢ ᠬᠥᠬᠥᠵᠦ ᠪᠣᠢ ᠬᠤᠷᠠᠭ᠎ᠠ᠃
ᠢᠬᠡᠷ᠎ᠡ ᠬᠤᠷᠠᠭ᠎ᠠ ᠨᠢᠭᠡᠨ ᠤᠳᠠᠭ᠎ᠠ ᠳ᠋ᠤ᠌ ᠬᠣᠶᠠᠷ ᠢ᠋ᠶ᠋ᠠᠷ ᠬᠤᠷᠠᠭᠠᠯᠠᠬᠤ᠃
ᠢᠬᠡᠷ᠎ᠡ ᠶ᠋ᠢᠨ ᠲᠠᠯ᠎ᠠ ᠢᠬᠢᠷ᠎ᠡ ᠭᠠᠷᠤᠭᠰᠠᠨ ᠤ᠋ ᠨᠢᠭᠡ ᠶ᠋ᠢ ᠬᠡᠯᠡᠨ᠎ᠡ᠃
ᠢᠬᠡᠷ᠎ᠡ ᠶ᠋ᠢᠨ ᠥᠷᠥᠭᠡᠰᠦᠨ ᠢᠬᠢᠷ᠎ᠡ ᠭᠠᠷᠤᠭᠰᠠᠨ ᠤ᠋ ᠨᠢᠭᠡ ᠶ᠋ᠢ ᠬᠡᠯᠡᠨ᠎ᠡ᠃
ᠠᠯᠳᠠᠰᠢ
ᠬᠥᠭ ᠡᠴᠡ ᠡᠮᠦᠨ᠎ᠡ ᠭᠠᠷᠤᠭᠰᠠᠨ ᠬᠤᠷᠠᠭ᠎ᠠ᠂ ᠵᠠᠷᠢᠮ ᠭᠠᠵᠠᠷ ᠳᠠᠬᠤᠯᠠᠢ ᠭᠡᠳᠡᠭ᠃
ᠬᠡᠨᠵᠡ ᠬᠤᠷᠠᠭ᠎ᠠ ᠬᠥᠭ ᠡᠴᠡ ᠬᠣᠢᠨ᠎ᠠ ᠨᠠᠮᠤᠷᠰᠢᠵᠤ ᠭᠠᠷᠤᠭᠰᠠᠨ ᠢ᠋ ᠬᠡᠯᠡᠨ᠎ᠡ᠃
ᠭᠥᠭᠡᠢ ᠬᠤᠷᠠᠭ᠎ᠠ ᠡᠪᠦᠯ ᠭᠠᠷᠤᠭᠰᠠᠨ ᠬᠤᠷᠠᠭ᠎ᠠ ᠶ᠋ᠢ ᠬᠡᠯᠡᠨ᠎ᠡ᠃
ᠬᠠᠪᠴᠢ ᠬᠤᠷᠠᠭ᠎ᠠ ᠡᠪᠦᠯ ᠦ᠋ᠨ ᠡᠴᠦᠰ ( ᠵᠢᠯ ᠵᠠᠪᠰᠠᠷ ) ᠭᠠᠷᠤᠭᠰᠠᠨ ᠬᠤᠷᠠᠭ᠎ᠠ ᠶ᠋ᠢ ᠬᠡᠯᠡᠨ᠎ᠡ᠃
ᠭᠤᠪᠰᠢᠶᠠ ᠬᠤᠷᠠᠭ᠎ᠠ
ᠥᠪᠡᠷ ᠦ᠋ᠨ ᠡᠬᠡ ᠡᠴᠡ ᠭᠠᠳᠠᠨ᠎ᠠ ᠪᠤᠰᠤᠳ ᠡᠬᠡ ᠶ᠋ᠢᠨ ᠬᠥᠬᠥ ᠶ᠋ᠢ ᠬᠤᠯᠠᠭᠤᠨ ᠬᠥᠬᠥᠬᠦ ᠵᠠᠩᠲᠠᠢ ᠬᠤᠷᠠᠭ᠎ᠠ ᠶ᠋ᠢ ᠬᠡᠯᠡᠨ᠎ᠡ᠃
ᠬᠦᠷᠦᠪᠡ
ᠨᠢᠯᠬ᠎ᠠ ᠬᠤᠷᠠᠭ᠎ᠠ ᠪᠢᠰᠢ᠂ ᠰᠦᠨ ᠳ᠋ᠡᠭᠡᠨ ᠴᠠᠳᠴᠤ ᠲᠥᠯᠵᠢᠨ ᠳᠡᠪᠡᠭᠡᠷᠡᠵᠦ ᠰᠡᠭᠦᠯ ᠨᠢ ᠥᠭᠡᠬᠦᠯᠡᠨ ᠴᠢᠩᠭᠠᠷᠠᠵᠤ ᠲᠠᠪᠬᠠᠯᠠᠭᠰᠠᠨ ᠠ᠋ᠴᠠ ᠡᠬᠢᠯᠡᠨ ᠳᠠᠷᠠᠭ᠎ᠠ ᠵᠢᠯ ᠦ᠋ᠨ ᠬᠠᠩᠰᠢ ᠶ᠋ᠢᠨ ᠨᠣᠭᠣᠭᠠᠨ ᠳ᠋ᠤ᠌ ᠤᠷᠤᠳᠠᠯᠠᠬᠢ ᠬᠤᠭᠤᠴᠠᠭᠠᠨ ᠳ᠋ᠠᠬᠢ ᠪᠦᠳᠦᠭᠦᠷᠡᠭᠰᠡᠨ ᠬᠤᠷᠠᠭᠠᠨ ᠤ᠋ ᠨᠡᠷᠡᠢᠳᠦᠯ᠃ ᠨᠢᠯᠬ᠎ᠠ ᠬᠤᠷᠠᠭ᠎ᠠ ᠪᠣᠯᠤᠨ ᠲᠥᠯᠥᠭᠡ ᠶ᠋ᠢᠨ ᠬᠣᠭᠣᠷᠣᠨᠳᠣᠬᠢ ᠬᠤᠷᠠᠭ᠎ᠠ ᠶ᠋ᠢᠨ ᠨᠡᠷ᠎ᠡ ᠂1 ᠨᠠᠰᠤᠲᠠᠢ᠃
ᠬᠥᠷᠥᠪᠡᠵᠢᠬᠦ
ᠲᠣᠷᠨᠢᠭᠤᠨ ᠪᠣᠢᠵᠢᠭᠰᠠᠨ ᠬᠤᠷᠠᠭ᠎ᠠ᠂ ᠰᠡᠭᠦᠯ ᠨᠢ ᠲᠠᠪᠬᠠᠯᠠᠵᠤ ᠦᠰᠦ ᠨᠢ ᠭᠣᠭᠴᠣᠭᠠᠷᠠᠵᠤ ᠢᠷᠡᠬᠦ ᠶ᠋ᠢ ᠬᠡᠯᠡᠨ᠎ᠡ᠃
ᠰᠡᠩᠰᠡ ᠬᠤᠷᠠᠭ᠎ᠠ
ᠬᠤᠷᠠᠭ᠎ᠠ ᠬᠥᠷᠥᠪᠡᠵᠢᠬᠦᠯᠡᠷ ᠦᠰᠦ ᠨᠢ ᠭᠣᠭᠴᠣᠭᠠᠷᠠᠵᠤ ᠡᠷᠵᠢᠭᠡᠷ ᠮᠥᠷᠲᠡᠭᠡᠨ ᠤᠷᠲᠤ ᠪᠣᠯᠤᠨ ᠰᠠᠩᠭᠤᠷᠬᠤ ᠶ᠋ᠢ ᠬᠡᠯᠡᠨ᠎ᠡ᠃
ᠲᠥᠯᠥᠭᠡ
2 ᠨᠠᠰᠤᠲᠠᠢ ᠬᠣᠨᠢ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 2 ᠬᠠᠯᠪᠠᠭ᠎ᠠ ᠰᠢᠳᠦᠲᠡᠢ᠃
ᠡᠷ᠎ᠡ ᠲᠥᠯᠥᠭᠡ 2 ᠨᠠᠰᠤᠲᠠᠢ ᠡᠷ᠎ᠡ ᠬᠣᠨᠢ᠃
ᠥᠬᠢᠨ ᠲᠥᠯᠥᠭᠡ 2 ᠨᠠᠰᠤᠲᠠᠢ ᠡᠮ᠎ᠡ ᠬᠣᠨᠢ᠃
ᠬᠢᠵᠠᠭᠠᠯᠠᠩ ᠬᠣᠨᠢ
3 ᠨᠠᠰᠤᠲᠠᠢ ᠬᠣᠨᠢ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 4 ᠬᠠᠯᠪᠠᠭᠠᠲᠠᠢ᠃
ᠬᠢᠵᠠᠭᠠᠯᠠᠩ ᠡᠷ᠎ᠡ ᠬᠣᠨᠢ 3 ᠬᠣᠨᠢ ᠨᠠᠰᠤᠲᠠᠢ ᠡᠷ᠎ᠡ ᠬᠣᠨᠢ᠃
ᠬᠢᠵᠠᠭᠠᠯᠠᠩ ᠡᠮ᠎ᠡ ᠬᠣᠨᠢ 3 ᠬᠣᠨᠢ ᠨᠠᠰᠤᠲᠠᠢ ᠡᠮ᠎ᠡ ᠬᠣᠨᠢ᠃
ᠵᠤᠰᠠᠭ
ᠤᠭ ᠲᠠᠭᠠᠨ ᠬᠢᠵᠠᠭᠠᠯᠠᠩ ( 3 ᠨᠠᠰᠤᠲᠠᠢ ) ᠡᠮ᠎ᠡ ᠬᠣᠨᠢ ᠪᠤᠶᠤ ᠡᠮ᠎ᠡ ᠢᠮᠠᠭ᠎ᠠ ᠶ᠋ᠢ ᠨᠡᠷᠡᠯᠡᠵᠦ ᠪᠠᠢᠯ᠎ᠠ᠃ ᠣᠳᠣ ᠨᠡᠯᠢᠶᠡᠳ ᠭᠠᠵᠠᠷ ( ᠥᠪᠥᠷ ) ᠰᠢᠳᠦᠯᠡᠩ ( 2 ᠨᠠᠰᠤᠲᠠᠢ ) ᠡᠮ᠎ᠡ ᠬᠣᠨᠢ ᠪᠤᠶᠤ ᠡᠮ᠎ᠡ ᠢᠮᠠᠭ᠎ᠠ ᠶ᠋ᠢ ᠵᠤᠰᠠᠭ ᠭᠡᠵᠦ ᠬᠡᠯᠡᠬᠦ ᠪᠣᠯᠵᠤ ᠪᠣᠢ᠃ 2 ᠨᠠᠰᠤᠲᠠᠢ ᠬᠣᠨᠢ ᠶ᠋ᠢ ᠨᠢ ᠲᠥᠯᠥᠭᠡ ᠭᠡᠵᠦ᠂ ᠢᠮᠠᠭ᠎ᠠ ᠶ᠋ᠢ ᠪᠣᠷᠯᠣᠩ ᠭᠡᠵᠦ ᠨᠡᠷᠡᠯᠡᠳᠡᠭ ᠳᠡ᠃
ᠰᠣᠶᠣᠭᠠᠯᠠᠩ ᠬᠣᠨᠢ
4 ᠨᠠᠰᠤᠲᠠᠢ ᠬᠣᠨᠢ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠂ 6 ᠬᠠᠯᠪᠠᠭᠠᠲᠠᠢ᠃
ᠰᠣᠶᠣᠭᠠᠯᠠᠩ ᠡᠷ᠎ᠡ ᠬᠣᠨᠢ 4 ᠨᠠᠰᠤᠲᠠᠢ ᠡᠷ᠎ᠡ ᠬᠣᠨᠢ᠃
ᠰᠣᠶᠣᠭᠠᠯᠠᠩ ᠡᠮ᠎ᠡ ᠬᠣᠨᠢ 4 ᠨᠠᠰᠤᠲᠠᠢ ᠡᠮ᠎ᠡ ᠬᠣᠨᠢ᠃
ᠰᠠᠭᠠᠯᠢ ᠬᠣᠨᠢ
4 ᠨᠠᠰᠤᠲᠠᠢ ᠡᠮ᠎ᠡ ᠬᠣᠨᠢ᠃ ᠰᠦ ᠰᠠᠭᠠᠯᠭᠠᠬᠤ ᠨᠠᠰᠤᠨ ᠳ᠋ᠤ᠌ ᠬᠦᠷᠦᠭᠰᠡᠨ ᠬᠣᠨᠢ᠃
ᠰᠠᠭᠠᠯᠢ ᠶ᠋ᠢᠨ ᠮᠠᠯ ( ᠰᠠᠭᠠᠬᠤ ᠮᠠᠯ )
ᠬᠣᠨᠢᠨ ᠬᠣᠯᠪᠣᠭᠠᠨ ᠳ᠋ᠤ᠌ ᠣᠷᠣᠵᠤ ᠰᠠᠭᠠᠯᠭᠠᠬᠤ ᠬᠣᠨᠢ᠃
ᠰᠠᠭᠠᠮᠠᠰᠢᠷᠠᠬᠤ ᠰᠦ ᠲᠡᠢ ᠪᠣᠯᠵᠤ ᠢᠷᠡᠬᠦ ᠂ ᠬᠥᠬᠥ ᠳᠠᠯᠠᠩ ᠳ᠋ᠤᠨᠢ ᠰᠦ ᠶᠡᠬᠡ ᠬᠤᠷᠠᠬᠤ᠃
ᠢᠷᠭᠡ ᠨᠠᠰᠤ ᠭᠦᠢᠴᠡᠭᠰᠡᠨ ᠡᠷ᠎ᠡ ᠬᠣᠨᠢ᠃
ᠠᠮᠪᠠᠨ ᠢᠷᠭᠡ ᠨᠠᠰᠤ ᠭᠦᠢᠴᠡᠵᠦ ᠪᠠᠢᠷᠢᠭᠤᠰᠢᠭᠰᠠᠨ ᠲᠣᠯᠣᠭᠠᠢ ᠡᠷ᠎ᠡ ᠬᠣᠨᠢ᠃
ᠢᠷᠭᠡ ᠶ᠋ᠢᠨ ᠰᠢᠭᠦᠰᠦ ᠨᠠᠰᠤ ᠭᠦᠢᠴᠡᠭᠰᠡᠨ ᠡᠷ᠎ᠡ ᠬᠣᠨᠢᠨ ᠤ᠋ ᠰᠢᠮ᠎ᠡ ᠲᠡᠵᠢᠭᠡᠯᠲᠦ ᠢᠳᠡᠰᠢ - ᠤᠭᠤᠴᠠ᠃
ᠬᠤᠴᠠ ᠰᠢᠳᠦᠯᠡᠩ ᠡᠴᠡ ᠳᠡᠭᠡᠭᠰᠢᠬᠢ ᠴᠠᠭᠠᠯᠠᠭᠰᠠᠨ ᠦᠭᠡᠢ ᠲᠠᠯᠪᠢᠭᠰᠠᠨ ᠡᠷ᠎ᠡ ᠬᠣᠨᠢ᠃
ᠬᠤᠴᠠ ᠲᠠᠯᠪᠢᠬᠤ ᠡᠷ᠎ᠡ ᠬᠤᠷᠠᠭ᠎ᠠ ᠪᠠᠨ ᠴᠠᠭᠠᠯᠠᠬᠤ ᠦᠭᠡᠢ ᠦᠯᠡᠳᠡᠭᠡᠨ ᠬᠤᠴᠠ ᠪᠣᠯᠭᠠᠬᠤ᠃
ᠬᠤᠴᠠ ᠪᠠᠨ ᠲᠠᠯᠪᠢᠬᠤ ᠢᠯᠭᠠᠭᠰᠠᠨ ᠬᠤᠴᠠ ᠪᠠᠨ ᠤᠤᠯ ᠰᠦᠷᠦᠭ ᠲᠦ᠋ᠨᠢ ᠪᠤᠴᠠᠭᠠᠨ ᠨᠡᠢᠯᠡᠭᠦᠯᠬᠦ᠃
ᠬᠤᠴᠠ ᠢᠯᠭᠠᠬᠤ
ᠵᠤᠨ ᠤ᠋ ᠴᠠᠭ ᠬᠤᠴᠠ ᠶ᠋ᠢ ᠲᠥᠯᠯᠡᠬᠦ ᠬᠣᠨᠢᠨ ᠤ᠋ ᠰᠦᠷᠦᠭ ᠡᠴᠡ ᠰᠠᠯᠭᠠᠨ ᠲᠤᠰᠠᠭᠠᠷ ᠬᠠᠷᠢᠭᠤᠯᠬᠤ᠃
ᠬᠤᠴᠠ ᠨᠡᠢᠯᠡᠭᠦᠯᠬᠦ ᠬᠤᠴᠠ ᠪᠠᠨ ᠡᠮ᠎ᠡ ᠬᠣᠨᠢᠳ ᠲᠤ᠌ ᠲᠠᠯᠪᠢᠬᠤ᠃
ᠬᠤᠴᠠ ᠬᠥᠭᠡᠭᠡᠬᠦ ᠬᠤᠴᠠ᠂ ᠡᠮ᠎ᠡ ᠬᠣᠨᠢ ᠶ᠋ᠢ ᠬᠡᠭᠡᠯᠲᠦᠭᠦᠯᠬᠦ ᠪᠡᠷ ᠳᠠᠭᠠᠬᠤ᠃
ᠬᠤᠴᠠ ᠳᠠᠭᠠᠬᠤ ᠬᠤᠴᠠ ᠬᠥᠭᠡᠭᠡᠬᠦ᠃
ᠬᠤᠴᠠᠨ ᠤ᠋ ᠬᠥᠭ
ᠬᠤᠴᠠᠨ ᠤ᠋ ᠡᠮ᠎ᠡ ᠬᠣᠨᠢ ᠶ᠋ᠢ ᠴᠠᠭ ᠪᠤᠰᠤ ᠪᠠᠷ ᠬᠥᠭᠡᠭᠡᠬᠦ ᠶ᠋ᠢ ᠪᠣᠯᠭᠣᠮᠵᠢᠯᠠᠵᠤ᠂ ᠵᠠᠰᠠᠭ᠎ᠠ ᠶ᠋ᠢ ᠨᠢ ᠬᠠᠯᠬᠠᠯᠠᠨ ᠤᠶᠠᠬᠤ ᠳᠠᠯᠠᠪᠴᠢ᠃
ᠬᠤᠴᠠᠨ ᠤ᠋ ᠬᠤᠤᠬ᠎ᠠ
ᠬᠤᠴᠠᠨ ᠤ᠋ ᠪᠥᠭᠡᠨᠰᠦᠭ ( ᠲᠥᠮᠥᠰᠥ ) ᠶ᠋ᠢᠨ ᠭᠠᠳᠠᠭᠤᠷᠬᠢ ᠠᠷᠠᠰᠤ᠃
ᠰᠢᠪᠵᠢ ᠬᠣᠨᠢ ᠳᠠᠪᠵᠠ᠂ ᠶᠠᠰᠤ ᠨᠠᠷᠢᠨ ᠪᠡᠶ᠎ᠡ ᠪᠠᠭ᠎ᠠ ᠥᠰᠪᠥᠷᠢ ᠮᠠᠭᠤᠲᠠᠢ ᠬᠣᠨᠢ᠃
ᠡᠮ᠎ᠡ ᠬᠣᠨᠢ
ᠵᠤᠰᠠᠭ ᠠ᠋ᠴᠠ ᠳᠡᠭᠡᠭᠰᠢᠬᠢ ᠡᠮ᠎ᠡ ᠬᠣᠨᠢ᠃ ᠰᠢᠨᠵᠢᠶᠠᠩ ᠳ᠋ᠤ᠌ ᠡᠮ᠎ᠡ ᠬᠣᠨᠢ ᠶ᠋ᠢ ᠨᠠᠢᠵᠠᠷ ᠭᠡᠳᠡᠭ᠃
