ᠣᠷᠣᠢ ᠦᠭᠡᠢ ᠰᠦᠮ᠎ᠡ – ᠬᠣᠷᠢᠨ ᠬᠣᠶᠠᠷ ᠂ ᠵᠢᠷᠭᠤᠭᠠᠨ ᠵᠦᠢᠯ ᠬᠠᠮᠤᠭ ᠠᠮᠢᠲᠠᠨ Оройгүй сүм – Хорин хоёр ᠂ Зургаан зүйл хамаг амьтан - Oroigui sum 22 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠬᠣᠷᠢᠨ ᠬᠣᠶᠠᠷ ᠂ ᠵᠢᠷᠭᠤᠭᠠᠨ ᠵᠦᠢᠯ ᠬᠠᠮᠤᠭ ᠠᠮᠢᠲᠠᠨ Оройгүй сүм – Хорин хоёр ᠂ Зургаан зүйл хамаг амьтан - Oroigui sum 22

ᠣᠷᠣᠢ ᠦᠭᠡᠢ ᠰᠦᠮ᠎ᠡ – ᠬᠣᠷᠢᠨ ᠬᠣᠶᠠᠷ ᠂ ᠵᠢᠷᠭᠤᠭᠠᠨ ᠵᠦᠢᠯ ᠬᠠᠮᠤᠭ ᠠᠮᠢᠲᠠᠨ Оройгүй сүм – Хорин хоёр ᠂ Зургаан зүйл хамаг амьтан - Oroigui sum 22

ᠠᠩᠭᠢᠯᠠᠯ:ᠲᠤᠭᠤᠵᠢ ᠷᠣᠮᠠᠨ
2023-12-12

772

ᠬᠣᠷᠢᠨ ᠬᠣᠶᠠᠷ ᠂ ᠵᠢᠷᠭᠤᠭᠠᠨ ᠵᠦᠢᠯ ᠬᠠᠮᠤᠭ ᠠᠮᠢᠲᠠᠨ


                ᠬᠥᠮᠦᠨ ᠵᠠᠯᠠᠭᠤ ᠪᠠᠷ ᠢ᠋ᠶ᠋ᠠᠨ ᠪᠠᠢᠳᠠᠭ ᠦᠭᠡᠢ 
                ᠬᠦᠯᠢᠶᠡᠰᠦ ᠴᠢᠩᠭ᠎ᠠ ᠪᠠᠷ ᠢ᠋ᠶ᠋ᠠᠨ ᠪᠠᠢᠳᠠᠭ ᠦᠭᠡᠢ 
                ᠬᠥᠪᠳᠥ ᠨᠣᠭᠣᠭᠠᠨ ᠢ᠋ᠶ᠋ᠠᠷ ᠢ᠋ᠶ᠋ᠠᠨ ᠪᠠᠢᠳᠠᠭ ᠦᠭᠡᠢ  

       ᡀᠠᠰᠠ ᠵᠣᠣ ᠶ᠋ᠢᠨ ᠶᠡᠬᠡ ᠬᠦᠷᠳᠦ ᠶ᠋ᠢ ᠰᠠᠨᠵᠢ ᠬᠡᠳᠦᠨ ᠨᠥᠬᠥᠳ ᠦ᠋ᠨ ᠢ᠋ᠶ᠋ᠡᠨ ᠬᠠᠮᠲᠤ ᠰᠠᠪᠠᠭ᠎ᠠ ᠦᠭᠡᠢᠬᠡᠨ ᠡᠷᠭᠢᠭᠦᠯᠵᠦ ᠶᠠᠪᠤᠯ᠎ᠠ᠃ ᠵᠢᠷᠭᠤᠭᠠᠨ ᠲᠠᠯ᠎ᠠ ᠲᠠᠢ ᠠᠰᠤᠷᠤ ᠲᠣᠮᠣ ᠲᠡᠷᠡ ᠬᠦᠷᠳᠦᠨ ᠦ᠌ ᠲᠠᠯ᠎ᠠ ᠪᠦᠷᠢ ᠳ᠋ᠦ᠍ ᠨᠢ ᠬᠡᠳᠦ ᠬᠡᠳᠦᠨ ᠮᠣᠳᠣᠨ ᠪᠠᠷᠢᠭᠤᠯ ᠬᠢᠵᠡᠢ᠃ ᠪᠠᠷᠢᠭᠤᠯ ᠪᠦᠷᠢ ᠨᠢ ᠲᠦᠮᠡᠨ ᠬᠥᠮᠦᠨ ᠦ᠌ ᠭᠠᠷ ᠳᠠᠮᠵᠢᠭᠰᠠᠭᠠᠷ ᠡᠯᠡᠭᠳᠡᠨ ᠭᠥᠯᠢᠢᠵᠦ ᠬᠠᠲᠠᠭᠰᠠᠨ ᠪᠢᠰᠢᠯᠠᠭ ᠰᠢᠭ᠋ ᠲᠣᠰᠣ ᠳᠠᠭᠠᠭᠠᠭᠰᠠᠨ ᠰᠢᠷ᠎ᠠ ᠶᠠᠭᠤᠮ᠎ᠠ ᠪᠣᠯᠵᠠᠢ᠃ ᠵᠦᠢ ᠨᠢ ᠲᠡᠳᠡ ᠬᠦᠷᠳᠦ ᠡᠷᠭᠢᠭᠦᠯᠦᠨ ᠬᠢᠯᠪᠠᠷᠴᠢᠯᠠᠵᠤ ᠤᠩᠰᠢᠬᠤ ᠪᠤᠰᠤ ᠬᠠᠷᠢᠨ ᠠᠮᠠᠨ ᠤ᠋ ᠪᠠᠢᠩᠭᠤ ᠶ᠋ᠢᠨ ᠤᠩᠰᠢᠯᠭ᠎ᠠ ᠪᠠᠷ ᠨᠣᠮ ᠤ᠋ᠨ ᠮᠥᠷ ᠬᠥᠭᠡᠭᠡᠬᠦ ᠶᠣᠰᠣᠲᠠᠢ ᠤᠯᠤᠰ᠃ ᠭᠡᠪᠡᠴᠦ ᠬᠦᠷᠳᠦ ᠡᠷᠭᠢᠭᠦᠯᠦᠨ᠂ ᠠᠵᠢᠯ ᠢ᠋ᠶ᠋ᠠᠨ ᠬᠥᠩᠭᠡᠪᠴᠢᠯᠡᠵᠦ ᠪᠠᠢᠯ᠎ᠠ᠃ ᠨᠢᠭᠡ ᠶᠣᠰᠣᠨ ᠳ᠋ᠤ᠌ ᠪᠠᠨ ᠲᠢᠭ ᠦᠭᠡᠢᠳᠡᠵᠦ ᠪᠠᠢᠭ᠎ᠠ ᠬᠡᠷᠡᠭ᠃  ᠬᠦᠷᠳᠦ ᠶ᠋ᠢ ᠨᠢᠭᠡ ᠤᠳᠠᠭ᠎ᠠ ᠡᠷᠭᠢᠭᠦᠯᠬᠦ ᠳ᠋ᠦ᠍ ᠪᠡᠨ ᠬᠡᠳᠦᠨ ᠮᠢᠩᠭᠠᠨ ᠮᠠᠨᠢ ᠮᠡᠭᠵᠡᠮ ᠤᠩᠰᠢᠭᠰᠠᠨ ᠲᠠᠢ ᠲᠡᠩᠴᠡᠬᠦ ᠠᠯᠪᠠ ᠵᠠᠯᠭᠠᠭᠤᠯᠳᠠᠭ ᠭᠡᠵᠦ ᠲᠣᠭᠠᠴᠠᠭᠳᠠᠳᠠᠭ ᠶᠤᠮ᠃ ᠵᠢᠷᠭᠤᠭᠠᠨ ᠲᠠᠯ᠎ᠠ ᠲᠠᠢ ᠲᠡᠷᠡ ᠲᠣᠮᠣ ᠪᠤᠯᠤ ᠶ᠋ᠢᠨ ᠳᠣᠲᠣᠷ᠎ᠠ ᠭᠣᠣᠯ ᠢ᠋ ᠨᠢ ᠮᠠᠨᠢ ᠶ᠋ᠢᠨ ᠵᠢᠷᠭᠤᠭᠠᠨ ᠦᠰᠦᠭ᠂ ᠮᠡᠭᠵᠡᠮ ᠦ᠋ᠨ ᠲᠠᠪᠤᠨ ᠱᠠᠳ ᠰᠢᠯᠦᠭ ᠢ᠋ ᠬᠡᠳᠦᠨ ᠮᠢᠩᠭ᠎ᠠ ᠳᠠᠪᠲᠠᠨ ᠪᠢᠴᠢᠭᠰᠡᠨ ᠴᠠᠭᠠᠰᠤ ᠪᠠᠷ ᠣᠷᠢᠶᠠᠵᠠᠢ᠃ ᠨᠠᠷᠠ ᠵᠥᠪ ᠡᠷᠭᠢᠬᠦ ᠨᠢ ᠤᠩᠰᠢᠭᠰᠠᠨ ᠲᠠᠢ ᠲᠡᠩᠴᠡᠬᠦ ᠶᠣᠰᠣᠲᠠᠢ ᠲᠤᠯᠠ ᠦᠰᠦᠭ ᠢ᠋ ᠡᠷᠭᠢᠯᠲᠡ ᠡᠬᠢᠯᠡᠬᠦ ᠲᠠᠯ᠎ᠠ ᠠ᠋ᠴᠠ ᠪᠢᠴᠢᠬᠦ ᠶᠣᠰᠣᠲᠠᠢ᠃ ᠵᠢᠷᠭᠤᠭᠠᠨ ᠲᠠᠯ᠎ᠠ ᠨᠢ ᠲᠣᠰᠪᠣᠷᠢ ᠥᠭᠡᠷ᠎ᠡ ᠥᠩᠭᠡᠲᠡᠢ᠂ ᠭᠣᠣᠯ ᠳᠡᠭᠡᠷ᠎ᠡ ᠪᠡᠨ ᠨᠠᠷᠠ ᠵᠥᠪ ᠡᠷᠭᠢᠳᠡᠭ ᠡᠨᠡᠬᠦ ᠪᠤᠯᠤ ᠨᠢ ᠱᠠᠰᠢᠨ ᠤ᠋ ᠵᠢᠳᠬᠦᠯᠲᠡᠨ ᠨᠦ᠍ᠭᠦᠳ ᠦ᠋ᠨ ᠪᠣᠳᠣᠵᠤ ᠣᠯᠤᠭᠰᠠᠨ ᠰᠠᠨᠠᠭᠠᠴᠢᠯᠠᠭ᠎ᠠ᠂ 《ᠬᠥᠳᠡᠯᠮᠦᠷᠢ ᠬᠥᠩᠭᠡᠯᠡᠬᠦ》 ᠠᠷᠭ᠎ᠠ ᠪᠠᠢᠯ᠎ᠠ᠃ ᠤᠤᠯ ᠨᠢ ᠨᠣᠮ ᠮᠡᠳᠡᠳᠡᠭ ᠦᠭᠡᠢ ᠬᠥᠮᠦᠰ ᠲᠦ᠍ ᠵᠣᠷᠢᠭᠤᠯᠤᠭᠰᠠᠨ ᠪᠣᠯᠪᠠᠴᠤ ᠣᠳᠣ ᠬᠡᠨ ᠪᠦᠬᠦᠨ ᠦ᠌ ᠡᠷᠭᠢᠭᠦᠯᠵᠦ ᠵᠤᠭᠠᠴᠠᠬᠤ ᠵᠦᠢᠯ ᠪᠣᠯᠤᠨ ᠬᠤᠪᠢᠷᠠᠵᠠᠢ᠃ 
       — ᠨᠠᠳᠠ ᠳ᠋ᠤ᠌ ᠶᠠᠭᠠᠬᠢᠭᠠᠳ ᠡᠮ᠎ᠡ ᠪᠤᠶᠤ ᠪᠢᠷᠢᠳ ᠳᠠᠭᠠᠷᠠᠴᠢᠬᠠᠳᠠᠭ ᠪᠠᠢᠨ᠎ᠠ! ᠪᠢ ᠡᠷᠭᠢᠭᠦᠯᠬᠦ ᠡᠴᠡ ᠲᠠᠲᠠᠭᠠᠯᠵᠠᠵᠤ ᠪᠠᠢᠨ᠎ᠠ! ᠭᠡᠵᠦ ᠭᠡᠨᠡᠳᠲᠡ ᠬᠦᠷᠳᠦᠨ ᠦ᠌ ᠥᠩᠭᠡ ᠪᠡᠷ ᠨᠢ ᠢᠯᠭᠠᠭᠰᠠᠨ ᠢ᠋ ᠠᠵᠢᠬᠤ ᠳ᠋ᠤ᠌ ᠪᠠᠨ ᠴᠣᠭᠰᠣᠩ ᠠᠭᠤᠷᠯᠠᠪᠠ᠃ ᠲᠡᠷᠡ ᠰᠠᠨᠠᠭᠠᠨ ᠳ᠋ᠤ᠌ ᠦᠭᠡᠢ ᠡᠭᠦᠨ ᠢ᠋ ᠠᠵᠢᠵᠠᠢ᠃ 
       ᠦᠨᠡᠬᠡᠷ ᠲᠡᠭᠦᠨ ᠳ᠋ᠦ᠍ ᠬᠦᠷᠳᠦᠨ ᠦ᠌ ᠤᠯᠠᠭᠠᠨ ᠥᠩᠭᠡ ᠲᠡᠢ ᠲᠠᠯ᠎ᠠ ᠨᠢ ᠳᠠᠭᠠᠷᠠᠴᠢᠬᠠᠵᠠᠢ᠃ ᠤᠯᠠᠭᠠᠨ ᠥᠩᠭᠡ ᠲᠡᠢ ᠲᠠᠯ᠎ᠠ ᠳ᠋ᠤ᠌ 《ᠮᠸ》ᠦᠰᠦᠭ ᠪᠤᠶᠤ ᠪᠢᠷᠢᠳ ᠢ᠋ ᠲᠣᠮᠢᠶᠠᠯᠠᠭᠰᠠᠨ ᠦᠰᠦᠭ ᠪᠢᠴᠢᠭᠳᠡᠭᠰᠡᠨ ᠪᠠᠢᠬᠤ ᠶᠣᠰᠣᠲᠠᠢ ᠪᠢᠯᠡ᠃ ᠬᠡᠳᠦᠨ ᠲᠦᠮᠡ ᠳᠠᠬᠢᠨ《ᠪᠢᠷᠢᠳ ᠪᠢᠷᠢᠳ》 ᠭᠡᠵᠦ ᠪᠢᠴᠢᠭᠰᠡᠨ ᠪᠠᠢᠭ᠎ᠠ ᠭᠡᠵᠦ ᠲᠥᠰᠦᠭᠡᠯᠡᠭᠡᠳ ᠴᠣᠭᠰᠣᠩ ᠤ᠋ᠨ ᠳᠣᠲᠣᠷ᠎ᠠ ᠡᠪ ᠦᠭᠡᠢ ᠪᠣᠯᠵᠠᠢ᠃ ᠲᠡᠷᠡ ᠭᠱᠠᠨ ᠳ᠋ᠤ᠌ ᠨᠢᠭᠡᠨ ᠵᠢᠡᠭ᠌ᠳᠠᠭᠠᠨ ᠤ᠋ ᠬᠢᠨ ᠨᠢ ᠴᠥᠮ ᠯᠡ ᠬᠦᠷᠳᠦᠨ ᠦ᠌ ᠠᠯᠢ ᠲᠠᠯ᠎ᠠ ᠳ᠋ᠤ᠌ ᠰᠠᠨᠠᠮᠰᠠᠷ ᠦᠭᠡᠢ ᠲᠠᠭᠠᠷᠠᠭᠰᠠᠨ ᠢ᠋ᠶ᠋ᠠᠨ ᠠᠵᠢᠭᠯᠠᠪᠠ᠃ 
       — ᠨᠠᠳᠠ ᠳ᠋ᠤ᠌ ᠠᠰᠤᠷᠢ ᠲᠠᠭᠠᠷᠠᠵᠠᠢ! ᠭᠡᠵᠦ ᠫᠠᠭᠰᠠᠩ ᠳᠠᠭᠤ ᠠᠯᠲᠠᠨ ᠪᠠᠶᠠᠷᠯᠠᠪᠠ᠃ ᠨᠣᠭᠣᠭᠠᠨ ᠥᠩᠭᠡ ᠲᠡᠢ ᠪᠥᠭᠡᠳ 《ᠮᠠ》 ᠦᠰᠦᠭ ᠲᠡᠢ ᠲᠠᠯ᠎ᠠ ᠶᠤᠮ᠃ 
       — ᠨᠠᠳᠠ ᠳ᠋ᠤ᠌ ᠬᠥᠮᠦᠨ ᠲᠠᠭᠠᠷᠠᠵᠠᠢ! ᠭᠡᠵᠦ ᠰᠠᠨᠵᠢ ᠲᠤᠩ ᠶᠡᠬᠡ ᠣᠯᠵᠠᠭᠤᠷᠬᠠᠪᠠ᠃ ᠬᠦᠷᠳᠦᠨ ᠦ᠌ ᠰᠢᠷ᠎ᠠ ᠪᠣᠳᠣᠭ ᠲᠠᠢ᠂ 《ᠨᠢ》 ᠦᠰᠦᠭ ᠲᠡᠢ ᠲᠠᠯ᠎ᠠ ᠲᠣᠬᠢᠶᠠᠭᠰᠠᠨ ᠪᠠᠢᠯ᠎ᠠ᠃ 
       — ᠬᠧᠧᠺ! ᠨᠠᠳᠠ ᠳ᠋ᠤ᠌ ᠲᠠᠮᠤ ᠲᠠᠭᠠᠷᠠᠵᠠᠢ᠃ ᠬᠧᠧᠺ! ᠬᠧᠧᠺ! ᠭᠡᠵᠦ ᠬᠡᠨ ᠨᠢᠭᠡ ᠨᠢ ᠪᠣᠬᠢᠮᠳᠠᠬᠣ ᠰᠣᠨᠣᠰᠳᠠᠪᠠ? ᠲᠡᠭᠦᠨ ᠢ᠋ᠶ᠋ᠡᠨ ᠴᠡᠭᠡᠷᠯᠡᠭᠡᠳ 《ᠬᠧᠧᠺ!》 (ᠰᠥᠨᠥᠲᠦᠭᠡᠢ) ᠭᠡᠵᠦ ᠬᠠᠰᠬᠢᠷᠤᠭᠰᠠᠨ ᠬᠡᠷᠡᠭ ᠪᠢᠯᠡ᠃ ᠲᠡᠭᠦᠨ ᠳ᠋ᠦ᠍ ᠬᠦᠷᠳᠦᠨ ᠦ᠌ ᠬᠥᠬᠡ ᠥᠩᠭᠡ ᠲᠡᠢ 《ᠬᠣᠮ》 ᠦᠰᠦᠭ ᠲᠡᠢ ᠲᠠᠯ᠎ᠠ ᠣᠨᠣᠭᠳᠠᠭᠰᠠᠨ ᠪᠣᠯᠠᠢ᠃ ᠴᠡᠭᠡᠷᠯᠡᠵᠦ᠂ ᠭᠤᠲᠤᠮᠠᠷ ᠦᠭᠡ ᠨᠢ ᠠᠷᠭ᠎ᠠ ᠦᠭᠡᠢ ᠮᠥᠨ᠃ 
       — ᠣᠮ ᠬᠡᠨ ᠳ᠋ᠦ᠍ ᠨᠣᠭᠳᠠᠵᠤ ᠪᠣᠯ? ᠭᠡᠵᠦ ᠨᠢᠭᠡ ᠨᠢ ᠰᠣᠨᠢᠷᠬᠠᠨ ᠠᠰᠠᠭᠤᠪᠠ᠃ ᠠᠵᠠ ᠨᠢ ᠳᠤᠲᠠᠭᠰᠠᠨ ᠴᠤ᠌ ᠶᠤᠮ ᠤᠤ᠂ ᠡᠰᠡᠪᠡᠯ ᠰᠠᠨᠠᠮᠰᠠᠷ ᠦᠭᠡᠢ ᠴᠦ᠍ ᠲᠡᠢᠨ ᠬᠦ᠌ ᠲᠠᠭᠠᠷᠠᠭᠰᠠᠨ ᠶᠤᠮ ᠤᠤ᠂ ᠪᠤᠤ ᠮᠡᠳᠡ᠃ ᠶᠠᠮᠠᠷ ᠴᠤ᠌ ᠭᠡᠰᠡᠨ ᠲᠡᠳᠡᠨ ᠦ᠌ ᠬᠡᠨ ᠳ᠋ᠦ᠍ ᠨᠢ ᠴᠦ᠍ ᠬᠦᠷᠳᠦᠨ ᠦ᠌ 《ᠣᠮ》 ᠦᠰᠦᠭ ᠲᠡᠢ ᠴᠠᠭᠠᠨ ᠪᠣᠳᠣᠭ ᠲᠠᠢ ᠲᠠᠯ᠎ᠠ ᠲᠠᠭᠠᠷᠠᠭᠰᠠᠨ ᠦᠭᠡᠢ᠂ ᠬᠠᠷᠢᠨ ᠡᠷᠡᠦ ᠡᠪᠦᠳᠦᠭ ᠪᠣᠯᠤᠭᠰᠠᠨ ᠡᠮᠡᠭᠡᠨ ᠡᠪᠦᠭᠡᠨ ᠬᠣᠶᠠᠷ ᠲᠡᠷᠡ ᠲᠠᠯ᠎ᠠ ᠳ᠋ᠤ᠌ ᠨᠢ ᠣᠷᠣᠴᠢᠬᠠᠭᠰᠠᠨ ᠶᠠᠪᠤᠵᠤ ᠪᠠᠢᠯ᠎ᠠ᠃ ᠡᠨᠡ ᠬᠦᠷᠳᠦ ᠠᠰᠤᠷᠤ ᠲᠣᠮᠣ ᠤᠴᠢᠷ ᠠ᠋ᠴᠠ ᠬᠥᠮᠦᠨ ᠪᠣᠰᠤᠭ᠎ᠠ ᠵᠣᠭᠰᠣᠭᠠᠳ ᠡᠯᠢᠭᠡᠨ ᠲᠤᠰᠢᠶ᠎ᠠ ᠪᠠᠨ ᠳᠠᠭᠠᠷᠠᠭᠤᠯᠤᠭᠰᠠᠨ ᠪᠠᠷᠢᠭᠤᠯ ᠢ᠋ ᠠᠳᠬᠤᠨ ᠲᠦᠷᠢᠵᠦ ᠡᠷᠭᠢᠭᠦᠯᠳᠡᠭ ᠪᠠᠢᠵᠠᠢ᠃ ᠣᠮ ᠦᠰᠦᠭ ᠲᠡᠢ ᠴᠠᠭᠠᠨ ᠲᠠᠯ᠎ᠠ ᠨᠢ ᠲᠩᠷᠢ ᠭᠡᠳᠡᠭ ᠢ᠋ ᠪᠡᠯᠭᠡᠳᠡᠭᠰᠡᠨ ᠬᠠᠮᠤᠭ ᠤ᠋ᠨ ᠳᠡᠭᠡᠳᠦ ᠬᠦᠨᠳᠦᠳᠬᠡᠯᠲᠡᠢ ᠬᠡᠰᠡᠭ ᠪᠠᠢᠵᠠᠢ᠃ 
       — ᠵᠠ ᠪᠢᠳᠡᠨ ᠡᠴᠡ ᠴᠦ᠍ ᠶᠠᠭᠤᠨ ᠤ᠋ ᠨᠢ 《ᠣᠮ》 ᠪᠤᠶᠤ ᠲᠩᠷᠢ ᠨᠠᠷ ᠭᠠᠷᠬᠤ ᠪᠣᠢ ᠳᠠ ᠭᠡᠵᠦ ᠫᠠᠭᠰᠠᠩ ᠠᠮᠠᠨ ᠳ᠋ᠤ᠌ ᠪᠠᠨ ᠪᠣᠪᠲᠣᠨᠠᠪᠠ 《ᠨᠡᠭᠡᠷᠡᠨ ᠴᠦ᠍ ᠲᠡᠢᠮᠦ ᠳᠡ᠃ ᠪᠢᠳᠡᠨ ᠰᠢᠭ᠋ ᠶᠠᠭᠤᠮ᠎ᠠ ᠶᠠᠭᠠᠬᠢᠵᠤ ᠲᠩᠷᠢ ᠲᠡᠢ ᠳᠦᠢᠬᠦ ᠪᠢᠯᠡ》 ᠭᠡᠵᠦ ᠰᠠᠨᠵᠢ ᠪᠣᠳᠣᠯ᠎ᠠ᠃ 
       ᠡᠬᠡ ᠪᠣᠯᠤᠭᠰᠠᠨ ᠵᠢᠷᠭᠤᠭᠠᠨ ᠵᠦᠢᠯ ᠠᠮᠢᠲᠠᠨ ᠤ᠋ ᠣᠷᠣᠢ ᠶ᠋ᠢᠨ ᠳᠡᠭᠡᠳᠦ ᠨᠢ ᠲᠩᠷᠢ ᠨᠠᠷ ᠪᠥᠭᠡᠳ ᠲᠡᠳᠡᠨ ᠢ᠋ 《ᠣᠮ》 ᠭᠡᠵᠦ ᠲᠣᠮᠢᠶᠠᠯᠠᠨ᠎ᠠ᠃ ᠲᠡᠭᠦᠨ ᠦ᠌ ᠳᠠᠷᠠᠭᠠᠬᠢ ᠨᠢ ᠠᠰᠤᠷᠢ ᠨᠠᠷ ᠪᠥᠭᠡᠳ 《ᠮᠠ》 ᠭᠡᠵᠦ ᠲᠣᠳᠣᠷᠬᠠᠢᠯᠠᠨ᠎ᠠ᠃ ᠭᠤᠷᠪᠠᠳᠠᠬᠢ ᠨᠢ 《ᠨᠢ》 ᠪᠤᠶᠤ ᠬᠥᠮᠦᠨ᠃ ᠳᠥᠷᠪᠡᠳᠡᠬᠢ ᠨᠢ 《ᠪᠠᠳ》 ᠪᠤᠶᠤ ᠠᠳᠤᠭᠤᠰᠤ᠂ ᠲᠠᠪᠤᠳᠠᠬᠢ ᠨᠢ 《 ᠮᠧ》 ᠪᠤᠶᠤ ᠪᠢᠷᠢᠳ᠂ ᠵᠢᠷᠭᠤᠭᠠᠳᠠᠬᠢ ᠨᠢ 《 ᠬᠣᠮ》 ᠪᠤᠶᠤ ᠲᠠᠮᠤ ᠶᠤᠮ᠃ ᠴᠥᠮ ᠢ᠋ᠶ᠋ᠡᠷ ᠢ᠋ᠶ᠋ᠡᠨ ᠨᠡᠢᠯᠡᠭᠡᠳ 《ᠣᠮ ᠮᠠ ᠨᠢ ᠪᠠᠳ ᠮᠧ ᠬᠣᠮ》 ᠭᠡᠰᠡᠨ ᠮᠠᠨᠢ ᠶ᠋ᠢᠨ ᠵᠢᠷᠭᠤᠭᠠᠨ ᠦᠰᠦᠭ ᠪᠣᠯᠤᠨ᠎ᠠ᠃ ᠡᠨᠡ ᠵᠢᠷᠤᠭ ᠢ᠋ ᠪᠤᠳ᠋ᠳ᠋ᠾᠠ ᠶ᠋ᠢᠨ ᠪᠦᠬᠦᠢᠯᠡ ᠱᠠᠪᠢ ᠨᠠᠷ ᠠᠮᠠᠨ ᠤ᠋ ᠤᠩᠰᠢᠯᠭ᠎ᠠ ᠪᠣᠯᠭᠠᠨ᠎ᠠ᠃ ᠵᠢᠷ ᠦ᠋ᠨ ᠦᠭᠡ ᠪᠡᠷ ᠬᠡᠯᠡᠪᠡᠯ 《ᠲᠩᠷᠢ᠂ ᠠᠰᠤᠷᠢ᠂ ᠬᠥᠮᠦᠨ᠂ ᠠᠳᠤᠭᠤᠰᠤ᠂ ᠪᠢᠷᠢᠳ᠂ ᠲᠠᠮᠤ》 ᠭᠡᠰᠡᠨ ᠤᠩᠰᠢᠯᠭ᠎ᠠ ᠶᠤᠮ᠃ ᠡᠢᠮᠦ ᠦᠭᠡ ᠶ᠋ᠢ ᠬᠡᠳᠦᠨ ᠵᠠᠭᠤᠨ ᠮᠢᠩᠭᠠᠨ ᠯᠠᠮᠠ ᠨᠠᠷ ᠡᠳᠦᠷ ᠪᠦᠷᠢ ᠠᠮᠠᠨ ᠤ᠋ ᠤᠩᠰᠢᠯᠭ᠎ᠠ ᠪᠣᠯᠭᠠᠵᠤ ᠪᠠᠢᠳᠠᠭ ᠢ᠋ ᠡᠷᠭᠢᠴᠡᠭᠦᠯᠦᠨ ᠪᠣᠳᠣᠭᠠᠳ ᠰᠠᠨᠵᠢ ᠶ᠋ᠢᠨ ᠢᠨᠢᠶᠡᠳᠦ ᠬᠦᠷᠬᠦ ᠰᠢᠭ ᠪᠣᠯᠪᠠ᠃ ᠪᠤᠷᠬᠠᠨ ᠤ᠋ ᠨᠣᠮ ᠤ᠋ᠨ ᠲᠤᠬᠠᠢ ᠳ᠋ᠤ᠌ ᠠᠩᠬ᠎ᠠ ᠤᠳᠠᠭ᠎ᠠ ᠯᠠ ᠢᠨᠢᠶᠡᠳᠦ ᠨᠢ ᠬᠦᠷᠦᠭᠰᠡᠨ ᠳ᠋ᠦ᠍ ᠲᠡᠷᠡ ᠥᠪᠡᠷ ᠢ᠋ᠶ᠋ᠡᠨ ᠴᠦ᠍ ᠭᠠᠢᠬᠠᠯ᠎ᠠ᠃ 
       ᠬᠠᠷᠢ ᠬᠡᠯᠡ ᠪᠡᠷ ᠯᠠ ᠬᠡᠯᠡᠳᠡᠭ ᠪᠣᠯᠬᠣᠷ ᠡᠭᠡᠯ ᠮᠣᠩᠭᠣᠯ ᠬᠥᠮᠦᠰ ᠣᠢᠯᠠᠭᠠᠵᠤ ᠤᠬᠠᠭᠠᠷᠠᠳᠠᠭ ᠦᠭᠡᠢ ᠪᠠᠢᠬ᠎ᠠ᠃ ᠲᠡᠭᠦᠨ ᠡᠴᠡ ᠪᠢᠰᠢ 《ᠲᠩᠷᠢ᠂ ᠠᠰᠤᠷᠢ᠂ ᠬᠥᠮᠦᠨ᠂ ᠠᠳᠤᠭᠤᠰᠤ᠂ ᠪᠢᠷᠢᠳ᠂ ᠲᠠᠮᠤ》 ᠭᠡᠳ ᠯᠡ ᠠᠮᠠᠨ ᠳᠣᠲᠣᠷ᠎ᠠ ᠪᠠᠨ ᠤᠩᠰᠢᠭᠠᠳ ᠰᠠᠭᠤᠭᠠᠳ ᠪᠠᠢᠬᠤ ᠶ᠋ᠢ ᠴᠢᠩᠨᠠᠬᠤ ᠳ᠋ᠤ᠌ ᠭᠠᠵᠢᠭ ᠲᠠᠢ ᠴᠤ᠌ ᠶᠤᠮ ᠰᠢᠭ᠋ ᠰᠠᠨᠠᠭᠳᠠᠬᠤ ᠪᠢᠰᠢ ᠤᠤ? ᠭᠡᠵᠦ ᠰᠠᠨᠵᠢ ᠳ᠋ᠤ᠌ ᠪᠣᠳᠣᠭᠳᠠᠯ᠎ᠠ᠃ 
      《ᠲᠩᠷᠢ ᠨᠠᠷ ᠤ᠋ᠨ ᠣᠷᠣᠨ ᠳ᠋ᠤ᠌ ᠲᠩᠷᠢ ᠨᠦ᠍ᠭᠦᠳ ᠰᠠᠭᠤᠨ᠎ᠠ᠃ ᠠᠰᠤᠷᠢ ᠶ᠋ᠢᠨ ᠣᠷᠣᠨ ᠳ᠋ᠤ᠌ ᠠᠰᠤᠷᠢ᠂ ᠬᠥᠮᠦᠨ ᠦ᠌ ᠣᠷᠣᠨ ᠳ᠋ᠤ᠌ ᠬᠥᠮᠦᠨ᠂ ᠠᠳᠤᠭᠤᠰᠤᠨ ᠤ᠋ ᠣᠷᠣᠨ ᠳ᠋ᠤ᠌ ᠠᠳᠤᠭᠤᠰᠤ᠂ ᠪᠢᠷᠢᠳ ᠦ᠋ᠨ ᠣᠷᠣᠨ ᠳ᠋ᠤ᠌ ᠪᠢᠷᠢᠳ᠂ ᠲᠠᠮᠤ ᠶ᠋ᠢᠨ ᠣᠷᠣᠨ ᠳ᠋ᠤ᠌ ᠡᠷᠯᠢᠭ ᠴᠢᠳᠬᠥᠷ ᠦ᠋ᠳ ᠰᠠᠭᠤᠨ᠎ᠠ᠃ ᠡᠨᠡ ᠪᠣᠯ ᠡᠬᠡ ᠪᠣᠯᠤᠭᠰᠠᠨ ᠵᠢᠷᠭᠤᠭᠠᠨ ᠵᠦᠢᠯ ᠠᠮᠢᠲᠠᠰ ᠮᠥᠨ᠃ ᠲᠡᠳᠡᠭᠡᠷ ᠦ᠋ᠨ ᠲᠤᠰᠠ ᠶ᠋ᠢᠨ ᠲᠤᠯᠠᠳᠠ ᠯᠠᠮ᠎ᠠ ᠬᠥᠮᠦᠨ ᠮᠥᠷᠭᠥᠯ ᠪᠢᠰᠢᠯᠭᠠᠯ ᠦᠢᠯᠡᠳᠦᠮᠦᠢ !》 ᠭᠡᠵᠦ ᠯᠠᠮᠠ ᠪᠠᠭᠰᠢ ᠨᠢ ᠦᠷᠭᠦᠯᠵᠢ ᠰᠤᠷᠭᠠᠨ ᠵᠢᠭᠠᠭᠰᠠᠭᠠᠷ ᠴᠡᠭᠡᠵᠢᠯᠡᠭᠦᠯᠦᠭᠰᠡᠨ ᠢ᠋ ᠰᠠᠨᠵᠢ ᠢᠮᠠᠭᠲᠠ ᠰᠠᠨᠠᠵᠤ ᠶᠠᠪᠤᠳᠠᠭ ᠪᠢᠯᠡ᠃ 
       ᠬᠦᠷᠳᠦ ᠶ᠋ᠢ ᠠᠭᠠᠵᠢᠮ ᠢ᠋ᠶ᠋ᠠᠷ ᠡᠷᠭᠢᠭᠦᠯᠬᠦ ᠳ᠋ᠦ᠍ ᠭᠣᠣᠯ ᠨᠢ ᠦᠯᠦ ᠮᠡᠳᠡᠭ ᠴᠢᠬᠢᠷᠡᠨ ᠭᠤᠨᠢᠭ ᠲᠠᠢ ᠳᠤᠤᠭᠠᠷᠴᠤ᠂ ᠵᠢᠩᠳᠠᠭᠠᠨ ᠤ᠋ ᠬᠢᠨ ᠨᠢ ᠨᠢᠭᠡ ᠦᠶ᠎ᠡ ᠳᠠᠭᠤ ᠦᠭᠡᠢ ᠪᠤᠯᠵᠠᠭᠠᠵᠤ ᠥᠪᠡᠷ ᠥᠪᠡᠷ ᠦ᠋ᠨ ᠲᠠᠯ᠎ᠠ ᠳ᠋ᠤ᠌ ᠣᠨᠣᠭᠳᠠᠭᠰᠠᠨ ᠮᠠᠨᠢ ᠶ᠋ᠢᠨ ᠦᠰᠦᠭ ᠦ᠋ᠨ ᠲᠤᠬᠠᠢ ᠡᠷᠭᠢᠴᠡᠭᠦᠯᠦᠨ ᠪᠣᠳᠣᠵᠤ ᠪᠠᠢᠬᠤ ᠰᠢᠭ᠋ ᠳᠦᠩᠰᠦᠭᠦᠷ ᠪᠠᠢᠯ᠎ᠠ᠃ 
      《ᠡᠬᠡ ᠪᠣᠯᠤᠭᠰᠠᠨ ᠵᠢᠷᠭᠤᠭᠠᠨ ᠵᠦᠢᠯ ᠠᠮᠢᠲᠠᠨ ᠯᠠ ᠭᠡᠳ ᠶᠠᠷᠢᠶ᠎ᠠ ᠳ᠋ᠤ᠌ ᠪᠠᠢᠳᠠᠭ᠃ ᠭᠡᠲᠡᠯ᠎ᠡ ᠲᠠᠯ᠎ᠠ ᠬᠤᠪᠢ ᠨᠢ ᠣᠭᠲᠣ ᠪᠠᠢᠬᠤ ᠦᠭᠡᠢ ᠶᠦᠮ ᠰᠢᠭ ᠪᠣᠢ ᠳᠠ? ᠪᠢᠷᠢᠳ ᠦ᠋ᠨ ᠣᠷᠣᠨ ᠭᠡᠵᠦ ᠶᠡᠷᠦ ᠨᠢ ᠪᠢᠷᠢᠳ ᠭᠡᠵᠦ ᠶᠠᠮᠠᠷ ᠠᠮᠢᠲᠠᠨ ᠪᠠᠢᠳᠠᠭ ᠪᠢᠯᠡ᠃ ᠵᠠ ᠲᠩᠷᠢ᠂ ᠠᠰᠤᠷᠢ ᠨᠠᠷ ᠭᠡᠳᠡᠭ ᠨᠢ ᠪᠠᠰᠠ ᠶᠠᠮᠠᠷ ᠪᠢᠯᠡ?》ᠭᠡᠵᠦ ᠬᠡᠪ ᠭᠡᠨᠡᠳᠲᠡ ᠰᠠᠨᠵᠢ ᠡᠷᠭᠢᠴᠡᠭᠦᠯᠦᠨ ᠪᠣᠳᠣᠯ᠎ᠠ᠃ ᠡᠨᠡ ᠲᠤᠬᠠᠢ ᠨᠤᠲᠤᠭ ᠲᠤ᠌ ᠪᠠᠨ ᠪᠠᠢᠬᠤ ᠳ᠋ᠤ᠌ ᠪᠠᠨ ᠯᠠᠮᠠ ᠪᠠᠭᠰᠢ ᠠ᠋ᠴᠠ ᠪᠠᠨ ᠠᠰᠠᠭᠤᠭᠰᠠᠨ ᠢ᠋ᠶ᠋ᠠᠨ ᠰᠠᠨᠠᠪᠠ《 ᠡᠢᠮᠦ ᠶᠠᠭᠤᠮ᠎ᠠ ᠪᠣᠳᠣᠬᠤ ᠨᠢ ᠬᠦᠷᠲᠡᠯ᠎ᠡ ᠨᠢᠭᠦᠯ᠃ ᠠᠰᠠᠭᠤᠭᠰᠠᠨ ᠨᠢ ᠪᠦᠷ ᠶᠡᠬᠡ ᠠᠯᠳᠠᠰ!》 ᠭᠡᠵᠦ ᠪᠠᠭᠰᠢ ᠨᠢ ᠰᠤᠷᠭᠠᠵᠠᠢ᠃ ᠲᠡᠷᠡ ᠴᠠᠭ ᠲᠤ᠌ ᠭᠡᠮᠰᠢᠵᠦ ᠥᠩᠭᠡᠷᠡᠭᠰᠡᠨ᠃ 
       ᠰᠡᠭᠦᠯ ᠳ᠋ᠦ᠍ ᠪᠠᠰᠠ ᠲᠠᠮᠤ ᠶ᠋ᠢᠨ ᠣᠷᠣᠨ ᠭᠡᠭᠴᠢ ᠶ᠋ᠢᠨ ᠲᠤᠬᠠᠢ ᠯᠠᠮᠠ ᠪᠠᠭᠰᠢ ᠠ᠋ᠴᠠ ᠪᠠᠨ ᠵᠣᠷᠢᠭᠯᠠᠨ ᠠᠰᠠᠭᠤᠭᠰᠠᠨ ᠢ᠋ᠶ᠋ᠠᠨ ᠰᠠᠨᠠᠪᠠ 《ᠦᠬᠦᠵᠦ ᠲᠥᠷᠥᠯ ᠠᠷᠠᠯᠵᠢᠭᠰᠠᠨ ᠬᠣᠢᠨ᠎ᠠ ᠪᠠᠨ ᠮᠠᠭᠤ ᠵᠠᠶᠠᠭ᠎ᠠ ᠲᠠᠢ ᠬᠥᠮᠦᠨ ᠲᠠᠮᠤ ᠳ᠋ᠤ᠌ ᠤᠨᠠᠳᠠᠭ ᠶᠤᠮ᠃ ᠲᠡᠭᠡᠬᠦ ᠪᠡᠷ ᠲᠡᠷᠡ ᠣᠷᠣᠨ ᠢ᠋ ᠠᠮᠢᠳᠤ ᠰᠡᠷᠡᠭᠦᠨ ᠦᠶ᠎ᠡ ᠳ᠋ᠡᠭᠡᠨ ᠦᠵᠡᠭᠰᠡᠨ ᠬᠥᠮᠦᠨ ᠨᠢᠭᠡ ᠴᠦ᠍ ᠦᠭᠡᠢ᠃ ᠪᠤᠶᠠᠨᠲᠠᠢ ᠵᠠᠷᠢᠮ ᠨᠢ ᠦᠬᠦᠭᠰᠡᠨ ᠬᠣᠢᠨ᠎ᠠ ᠪᠠᠨ ᠴᠤ᠌ ᠦᠵᠡᠳᠡᠭ ᠦᠭᠡᠢ ᠵᠦᠢᠯ᠃ ᠡᠢᠮᠦ ᠶᠠᠭᠤᠮ᠎ᠠ ᠶ᠋ᠢ ᠬᠡᠲᠦᠷᠬᠡᠢ ᠰᠣᠨᠢᠭᠤᠴᠢᠯᠠᠵᠤ ᠬᠡᠷᠡᠭ ᠦᠭᠡᠢ᠃ ᠶᠡᠷᠦ ᠨᠢ ᠪᠤᠷᠬᠠᠨ ᠤ᠋ ᠨᠣᠮ ᠳ᠋ᠤ᠌ ᠶᠠᠭᠠᠬᠢᠵᠤ ᠯᠠ ᠪᠢᠴᠢᠭᠰᠡᠨ ᠪᠠᠢᠨ᠎ᠠ ᠪᠣᠢ᠂ ᠲᠡᠭᠦᠨ ᠢ᠋ ᠦᠭᠡ ᠳᠠᠭᠤ ᠦᠭᠡᠢ᠂ ᠡᠷᠡᠭᠡᠯᠵᠡᠨ ᠪᠣᠳᠣᠬᠤ ᠶᠠᠭᠤᠮ᠎ᠠ ᠦᠭᠡᠢ ᠰᠢᠭᠤᠳ ᠯᠠ ᠰᠦᠰᠦᠭᠯᠡᠨ ᠳᠠᠭᠠᠬᠤ ᠤᠴᠢᠷᠲᠠᠢ᠃ ᠥᠴᠦᠬᠡᠨ ᠲᠡᠳᠦᠢ ᠡᠷᠡᠭᠡᠯᠵᠡᠨ ᠥᠭᠡᠷ᠎ᠡ ᠶᠠᠭᠤᠮ᠎ᠠ ᠪᠣᠳᠣᠵᠤ ᠡᠬᠢᠯᠡᠪᠡᠯ ᠪᠤᠷᠤᠭᠤ ᠳᠠᠪᠠᠭ᠎ᠠ ᠪᠠᠷ ᠣᠷᠣᠵᠤ᠂ ᠪᠤᠷᠤᠭᠤ ᠨᠣᠮᠲᠠᠨ ᠤ᠋ ᠰᠦᠷᠦᠭ ᠲᠦ᠍ ᠨᠡᠢᠯᠡᠨ᠎ᠡ᠃ ᠢᠯᠡᠭᠦᠦ ᠳᠤᠲᠠᠭᠤ ᠶᠤᠮ ᠪᠢᠲᠡᠭᠡᠢ ᠠᠰᠠᠭᠤᠵᠤ ᠪᠠᠢ᠃ ᠨᠢᠭᠦᠯ᠂ ᠠᠯᠳᠠᠰ》 ᠭᠡᠵᠦ ᠪᠠᠭᠰᠢ ᠨᠢ ᠲᠡᠭᠡᠬᠦ ᠳ᠋ᠦ᠍ ᠰᠤᠷᠭᠠᠨ ᠵᠢᠭᠠᠭᠰᠠᠨ ᠪᠢᠯᠡ᠃ ᠲᠡᠭᠦᠨ ᠡᠴᠡ ᠬᠣᠢᠰᠢ ᠢᠯᠡᠭᠦᠦ ᠳᠤᠲᠠᠭᠤ ᠶᠤᠮ ᠪᠠᠭᠰᠢ ᠠ᠋ᠴᠠ ᠪᠠᠨ ᠠᠰᠠᠭᠤᠬᠤ ᠪᠠᠨ ᠪᠦᠷ ᠪᠣᠯᠢᠵᠤ ᠪᠢᠯᠡ᠃ 
       ᠥᠨᠥᠳᠥᠷ ᠦ᠋ᠨ ᠡᠨᠡ ᠨᠢᠭᠡᠨ ᠨᠠᠷᠠᠯᠠᠭ ᠥᠷᠯᠥᠭᠡ ᠶᠠᠭᠠᠬᠢᠭᠠᠳ ᠴᠤ᠌ ᠶᠤᠮ ᠪᠣᠢ᠂ ᠰᠠᠨᠵᠢ ᠶ᠋ᠢᠨ ᠰᠣᠨᠢᠭᠤᠴᠢ ᠰᠡᠳᠬᠢᠯ ᠳᠠᠬᠢᠨ ᠰᠡᠷᠭᠦᠵᠦ᠂ ᠡᠯᠳᠡᠪ ᠢ᠋ ᠡᠷᠭᠢᠴᠡᠭᠦᠯᠦᠨ ᠪᠣᠳᠣᠵᠠᠢ᠃ ᠶᠡᠷᠦ ᠨᠢ ᡀᠠᠰᠠ ᠳ᠋ᠤ᠌ ᠡᠷᠳᠡᠮ ᠰᠤᠷᠬᠤ ᠪᠠᠷ ᠢᠷᠡᠭᠰᠡᠨ ᠡᠴᠡ ᠬᠣᠢᠰᠢ ᠦᠶ᠎ᠡ ᠦᠶ᠎ᠡ ᠡᠢᠮᠦ ᠶᠠᠪᠤᠳᠠᠯ ᠲᠡᠭᠦᠨ ᠳ᠋ᠦ᠍ ᠲᠣᠬᠢᠶᠠᠯᠳᠤᠵᠤ ᠪᠠᠢᠯ᠎ᠠ᠃ ᠲᠡᠷᠡ ᠪᠣᠯᠭᠠᠨ ᠳ᠋ᠤ᠌ ᠠᠰᠠᠭᠤᠯᠲᠠ ᠪᠣᠢ ᠪᠣᠯᠵᠤ᠂ ᠠᠰᠠᠭᠤᠯᠲᠠ ᠪᠠᠨ ᠲᠠᠯᠪᠢᠬᠤ ᠪᠦᠷᠢ ᠳ᠋ᠦ᠍ ᠪᠤᠷᠤᠭᠤᠳᠠᠵᠤ ᠪᠠᠢᠯ᠎ᠠ᠃ 《ᠣᠳᠣ ᠪᠣᠳᠣᠬᠤ ᠨᠢ ᠲᠠᠩᠳᠠ ᠯᠠ ᠯᠠᠮ᠎ᠠ ᠪᠠᠭᠰᠢ ᠨᠠᠷ ᠲᠤ᠌ ᠪᠠᠨ ᠠᠰᠠᠭᠤᠯᠲᠠ ᠲᠠᠯᠪᠢᠵᠤ ᠪᠤᠷᠤᠭᠤᠳᠠᠵᠤ ᠶᠠᠪᠤᠵᠠᠢ᠃ ᠶᠡᠷᠦ ᠨᠢ ᠵᠢᠩᠳᠠᠭᠠᠨ ᠤ᠋ ᠬᠢᠨ ᠳ᠋ᠦ᠍ ᠪᠡᠨ ᠲᠠᠯᠪᠢᠵᠤ ᠪᠣᠯᠳᠠᠭ ᠦᠭᠡᠢ ᠶᠦᠮ ᠤᠤ?》 ᠭᠡᠵᠦ ᠰᠠᠨᠵᠢ ᠪᠣᠳᠣᠪᠠ᠃ ᠨᠣᠮ᠂ ᠠᠮᠢᠳᠤᠷᠠᠯ ᠬᠣᠶᠠᠷ ᠵᠥᠷᠢᠶᠡᠲᠡᠢ ᠳ᠋ᠦ᠍ ᠭᠠᠢᠬᠠᠵᠠᠢ᠃ 
       — ᠫᠠᠭᠰᠠᠩ ᠠᠨᠳᠤᠤ ᠴᠢᠮ᠎ᠠ ᠳ᠋ᠤ᠌ ᠠᠰᠤᠷᠢ ᠶ᠋ᠢᠨ ᠣᠷᠣᠨ ᠤ᠋ ᠤᠩᠰᠢᠯᠭ᠎ᠠ ᠲᠠᠭᠠᠷᠠᠵᠠᠢ᠃ ᠲᠡᠭᠡᠭᠡᠳ ᠴᠢ ᠬᠡᠵᠢᠶ᠎ᠡ ᠠᠰᠤᠷᠢ ᠨᠠᠷ ᠲᠤ᠌ ᠪᠠᠨ ᠣᠴᠢᠬᠤ ᠶᠤᠮ ᠪᠣᠢ? ᠭᠡᠵᠦ ᠰᠠᠨᠵᠢ ᠲᠣᠬᠣᠭᠤᠷᠬᠠᠬᠤ ᠮᠠᠶᠢᠭᠲᠠᠢ ᠠᠰᠠᠭᠤᠯ᠎ᠠ᠃ ᠫᠠᠭᠰᠠᠩ ᠭᠡᠳᠡᠭ ᠠᠨᠳᠤᠤ ᠨᠤᠲᠤᠭ ᠤ᠋ᠨ ᠲᠡᠷᠡ ᠲᠥᠪᠡᠳ ᠵᠠᠯᠠᠭᠤ ᠰᠠᠨᠵᠢ ᠶ᠋ᠢᠨ ᠦᠭᠡᠨ ᠳ᠋ᠦ᠍ ᠠᠰᠤᠷᠤ ᠶᠡᠬᠡ ᠠᠭᠤᠷᠯᠠᠨ ᠳᠤᠷ᠎ᠠ ᠦᠭᠡᠢᠴᠡᠬᠦ ᠰᠢᠭ ᠪᠣᠯᠤᠯ᠎ᠠ᠃ ᠤᠭ ᠠ᠋ᠴᠠ ᠪᠠᠨ ᠴᠤ᠌ ᠲᠡᠳᠡ ᠪᠡᠶ᠎ᠡ ᠪᠠᠶᠠᠨ ᠳ᠋ᠤ᠌ ᠪᠠᠨ ᠲᠠᠯ᠎ᠠ ᠥᠭᠴᠦ ᠰᠤᠷᠤᠭ᠎ᠠ ᠦᠭᠡᠢ ᠪᠣᠯᠬᠣᠷ ᠡᠢᠮᠦ ᠬᠦᠢᠲᠡᠨ ᠦᠭᠡᠨ ᠡᠴᠡ ᠶᠠᠭᠤᠨ ᠳ᠋ᠤ᠌ ᠴᠤ᠌ ᠬᠦᠷᠴᠦ ᠪᠣᠯᠤᠨ᠎ᠠ ᠭᠡᠳᠡᠭ ᠢ᠋ ᠲᠣᠭᠠᠴᠠᠭᠠᠯᠠᠭᠰᠠᠨ ᠦᠭᠡᠢ ᠪᠡᠶ᠎ᠡ ᠪᠡᠶ᠎ᠡ ᠶ᠋ᠢ ᠦᠲᠦᠭᠰᠡᠨ ᠠᠵᠠᠢ᠃ ᠴᠣᠭᠰᠣᠩ ᠲᠡᠷᠡ ᠥᠳᠥᠯᠲᠡ ᠶ᠋ᠢ ᠨᠢ ᠠᠰᠢᠭᠯᠠᠨ᠂ 
       — ᠠᠵᠠ ᠲᠠᠢ ᠯᠠ ᠡᠳᠦᠷ ᠪᠣᠯᠤᠭᠠᠳ ᠫᠠᠭᠰᠠᠩ ᠠᠨᠳᠤᠤ ᠳ᠋ᠤ᠌ ᠠᠰᠤᠷᠢ ᠨᠠᠷ ᠤ᠋ᠨ ᠪᠡᠯᠭᠡᠳᠡᠯ ᠲᠠᠭᠠᠷᠴᠢᠬᠠᠵᠠᠢ᠃ ᠲᠡᠭᠦᠨ ᠡᠴᠡ ᠪᠢᠰᠢ᠂ ᠲᠡᠭᠦᠨ ᠳ᠋ᠦ᠍ ᠮᠢᠨᠦᠬᠢ ᠰᠣᠯᠢᠭᠳᠠᠭᠠᠳ ᠣᠴᠢᠴᠢᠬᠠᠭᠰᠠᠨ ᠬᠡᠷᠡᠭ ᠪᠠᠢᠯ ᠦᠭᠡᠢ ᠭᠡᠵᠦ ᠶᠣᠵᠣᠯᠠᠪᠠ᠃ ᠰᠠᠨᠵᠢ ᠶ᠋ᠢᠨ ᠢᠨᠢᠶᠡᠳᠦ ᠬᠦᠷᠦᠯ᠎ᠡ᠃ ᠰᠠᠨᠵᠢ ᠫᠠᠭ᠍ᠰᠠᠡᠭ ᠲᠦ᠍ ᠠᠰᠤᠷᠢ ᠨᠠᠷ ᠤ᠋ᠨ ᠤᠩᠰᠢᠯᠭ᠎ᠠ᠂ ᠴᠣᠭ᠍ᠰᠠᠡᠭ ᠲᠦ᠍ ᠪᠢᠷᠢᠳ ᠨᠠᠷ ᠤ᠋ᠨ ᠪᠤᠶᠤ《ᠮᠧ》 ᠲᠠᠭᠠᠷᠴᠢᠬᠠᠭᠰᠠᠨ ᠳ᠋ᠤ᠌ ᠡᠭᠳᠡᠭᠦᠴᠡᠭᠰᠡᠨ ᠪᠠᠢᠯ᠎ᠠ᠃ 
       — ᠮᠢᠨᠦ ᠮᠥᠨ ᠴᠢᠨᠠᠷ ᠠᠰᠤᠷᠢ ᠶᠤᠮ ᠴᠢᠨᠢ ᠠᠷᠭ᠎ᠠ ᠦᠭᠡᠢ ᠡᠨᠡ ᠤᠩᠰᠢᠯᠭ᠎ᠠ ᠲᠠᠭᠠᠷᠠᠯ᠎ᠠ᠃ ᠬᠠᠷᠢᠨ ᠰᠠᠨᠵᠢ ᠴᠢᠮ᠎ᠠ ᠳ᠋ᠤ᠌ ᠬᠥᠮᠦᠨ ᠲᠡᠳᠦᠢ ᠡᠴᠡ ᠴᠠᠰᠢ ᠶᠠᠭᠤᠮ᠎ᠠ ᠲᠠᠭᠠᠷᠠᠭᠰᠠᠨ ᠦᠭᠡᠢ᠃ ᠴᠣᠭᠰᠣᠩ ᠳ᠋ᠤ᠌ ᠪᠣᠯ ᠪᠦᠷ ᠪᠢᠷᠢᠳ ᠦ᠋ᠨ ᠤᠩᠰᠢᠯᠭ᠎ᠠ ᠲᠣᠬᠢᠶᠠᠵᠤ ᠶᠠᠭ ᠯᠠ ᠰᠠᠪᠠ᠂ ᠰᠠᠪᠠᠨ ᠳ᠋ᠤ᠌ ᠪᠠᠨ ᠪᠠᠢᠭ᠎ᠠ ᠶᠤᠮ ᠪᠢᠰᠢ ᠤᠤ? ᠭᠡᠵᠦ ᠫᠠᠭᠰᠠᠩ ᠭᠠᠰᠢᠭᠤᠨ ᠢ᠋ᠶ᠋ᠠᠷ ᠶᠣᠵᠣᠯᠠᠨ ᠬᠡᠯᠡᠪᠡ᠃ ᠡᠨᠡ ᠦᠭᠡ ᠲᠡᠷᠡ ᠨᠢᠭᠡᠨ ᠵᠢᠩᠳᠠᠭᠠᠨ ᠤ᠋ ᠬᠡᠳᠦᠨ ᠵᠠᠯᠠᠭᠤ ᠶ᠋ᠢᠨ ᠳᠤᠮᠳᠠ ᠳᠠᠷᠢ ᠠᠪᠤᠯᠴᠠᠭᠤᠯᠬᠤ ᠮᠡᠲᠦ ᠨᠥᠯᠥᠭᠡ ᠦᠵᠡᠭᠦᠯᠵᠡᠢ᠃ ᠬᠦᠷᠳᠦᠨ ᠳᠣᠲᠣᠷ᠎ᠠ ᠲᠡᠳᠡ ᠵᠣᠳᠣᠯᠳᠤᠵᠤ ᠡᠬᠢᠯᠡᠪᠡ᠃ ᠲᠡᠳᠡᠨ ᠦ᠌ ᠵᠣᠳᠣᠭᠠᠨ ᠤ᠋ ᠬᠥᠯ ᠳ᠋ᠦ᠍ ᠴᠢᠷᠦᠭᠳᠡᠬᠦ ᠡᠴᠡ ᠪᠣᠯᠭᠣᠮᠵᠢᠯᠠᠵᠤ ᠬᠣᠶᠠᠷ ᠭᠤᠷᠪᠠᠨ ᠡᠪᠦᠭᠡᠳ ᠡᠮᠡᠭᠡᠳ ᠠᠷᠠᠢᠬᠢᠨ ᠭᠠᠳᠠᠭᠰᠢ ᠭᠠᠷᠤᠯ᠎ᠠ᠃ 
       ᠲᠠᠪᠤᠭᠤᠯᠠ ᠪᠠᠨ ᠪᠠᠢᠭᠰᠠᠨ ᠪᠥᠭᠡᠳ ᠰᠠᠨᠵᠢ᠂ ᠴᠣᠭᠰᠣᠩ ᠬᠣᠶᠠᠷ ᠨᠢᠭᠡ ᠲᠠᠯ᠎ᠠ᠂ ᠨᠥᠭᠦᠭᠡ ᠳ᠋ᠦ᠍ ᠪᠤᠰᠤᠳ ᠨᠢ ᠣᠷᠣᠵᠤ ᠨᠢᠳᠤᠷᠭᠠᠯᠴᠠᠵᠤ ᠡᠬᠢᠯᠡᠪᠡ᠃ ᠬᠦᠷᠳᠦᠨ ᠳᠣᠲᠣᠷ᠎ᠠ ᠢᠪᠴᠤᠤ ᠵᠠᠢ ᠦᠭᠡᠢ ᠲᠤᠯᠠ ᠪᠡᠶᠡᠰ ᠢ᠋ᠶ᠋ᠡᠨ ᠤᠨᠤᠬᠤ ᠠ᠋ᠴᠠ ᠡᠮᠦᠨ᠎ᠡ ᠬᠦᠷᠳᠦᠨ ᠦ᠌ ᠮᠣᠳᠣᠨ ᠬᠠᠨ᠎ᠠ ᠤᠷᠤᠭᠤ ᠴᠣᠬᠢᠵᠤ ᠭᠠᠷ ᠢ᠋ᠶ᠋ᠠᠨ ᠰᠢᠯᠪᠤᠯᠠᠬᠤ ᠨᠢ ᠢᠯᠡᠭᠦᠦ ᠲᠡᠢ ᠪᠠᠢᠯ᠎ᠠ᠃ ᠲᠥᠪᠡᠳ ᠭᠠᠵᠠᠷ ᠨᠢᠳᠤᠷᠭ᠎ᠠ ᠶ᠋ᠢᠨ ᠵᠣᠳᠣᠭᠠᠨ ᠶᠡᠬᠡ ᠳᠡᠯᠭᠡᠷᠡᠭᠰᠡᠨ ᠪᠣᠯᠬᠣᠷ ᠲᠡᠳᠡ ᠨᠣᠮ ᠰᠤᠷᠬᠤ ᠶ᠋ᠢᠨ ᠬᠠᠵᠠᠭᠤ ᠪᠠᠷ ᠲᠡᠭᠦᠨ ᠢ᠋ ᠴᠦ᠍ ᠪᠠᠰᠠ ᠰᠤᠷᠤᠭᠠᠳ ᠠᠪᠴᠠᠢ᠃ ᠰᠠᠨᠵᠢ ᠬᠦᠷᠳᠦᠨ ᠦ᠌ ᠪᠠᠷᠢᠭᠤᠯ ᠠ᠋ᠴᠠ ᠠᠳᠬᠤᠨ ᠠᠪᠲᠠᠯ᠎ᠠ ᠲᠡᠷᠡ ᠨᠢ ᠮᠤᠯᠲᠤᠷᠠᠨ ᠢᠷᠡᠬᠦ ᠳ᠋ᠦ᠍ ᠲᠡᠭᠦᠪᠡᠷ ᠢ᠋ᠶ᠋ᠡᠨ ᠫᠠᠭᠰᠠᠩ ᠤ᠋ᠨ ᠰᠢᠨᠠ ᠤᠷᠤᠭᠤ ᠬᠥᠪᠰᠢᠵᠦ ᠣᠷᠬᠢᠪᠠ᠃ ᠲᠡᠭᠡᠲᠡᠯ᠎ᠡ ᠫᠠᠭ᠍ᠰᠠᠡᠭ ᠱᠠᠯᠬᠠᠰᠬᠢᠨ ᠮᠠᠭᠤᠵᠢᠷᠠᠵᠤ ᠤᠨᠠᠯ᠎ᠠ᠃ ᠡᠨᠡ ᠮᠥᠴᠡ ᠳ᠋ᠦ᠍ ᠯᠡ ᠲᠡᠳᠡ ᠶᠠᠮᠠᠷ ᠬᠡᠷᠡᠭ ᠲᠠᠷᠢᠭᠰᠠᠨ ᠢ᠋ᠶ᠋ᠠᠨ ᠤᠬᠠᠭᠠᠷᠠᠵᠤ ᠴᠥᠮ ᠦ᠋ᠨ ᠬᠢᠨᠢ  ᠳᠣᠲᠣᠷ᠎ᠠ ᠫᠠᠯᠬᠢᠵᠤ᠂ ᠬᠥᠰᠡᠷ ᠣᠢᠴᠢᠭᠰᠠᠨ ᠫᠠᠭᠰᠠᠩ ᠢ᠋ ᠡᠷᠭᠦᠨ ᠥᠨᠳᠡᠢᠯᠭᠡᠭᠡᠳ ᠵᠠᠢ ᠦᠭᠡᠢ ᠰᠢᠬᠠᠮ ᠬᠦᠷᠳᠦᠨ ᠡᠴᠡ ᠴᠢᠷᠬᠦ ᠲᠣᠭᠠᠨ ᠤ᠋ ᠭᠠᠷᠭᠠᠵᠤ ᠢᠷᠡᠪᠡ᠃ ᠲᠡᠭᠡᠲᠡᠯ᠎ᠡ ᠴᠥᠮ ᠦ᠋ᠨ ᠨᠢ ᠲᠣᠯᠣᠭᠠᠢ ᠳ᠋ᠤ᠌ ᠰᠢᠭᠤᠳᠠᠢ ᠤᠭᠯᠠᠭᠳᠠᠵᠤ ᠶᠠᠭᠤ ᠴᠤ᠌ ᠦᠵᠡᠬᠦ ᠪᠡᠨ ᠪᠣᠯᠢᠪᠠ᠃ ᠭᠠᠷ ᠢ᠋ ᠨᠢ ᠬᠥᠮᠦᠰ ᠬᠦᠯᠢᠵᠦ ᠤᠭᠤᠴᠠ ᠨᠢᠷᠤᠭᠤ ᠤᠷᠤᠭᠤ ᠨᠢ ᠬᠠᠢᠷ᠎ᠠ ᠨᠠᠢᠷ ᠦᠭᠡᠢ ᠴᠣᠬᠢᠯᠠᠵᠤ ᠨᠢᠭᠡᠨ ᠳᠠᠰᠢ ᠲᠦᠷᠢᠵᠦ ᠡᠬᠢᠯᠡᠪᠡ᠃ ᠲᠡᠳᠡᠨ ᠢ᠋ ᠵᠣᠳᠣᠯᠳᠤᠵᠤ ᠡᠬᠢᠯᠡᠬᠦ ᠶ᠋ᠢ ᠮᠡᠳᠡᠭᠡᠳ ᠨᠣᠮᠣᠬᠠᠳᠬᠠᠭᠴᠢᠳ ᠢᠷᠡᠭᠰᠡᠨ ᠨᠢ ᠲᠡᠷᠡ ᠠᠵᠢ᠃ ᠲᠣᠯᠣᠭᠠᠢ ᠳ᠋ᠤ᠌ ᠨᠢ ᠰᠢᠭᠤᠳᠠᠢ ᠡᠮᠦᠰᠬᠡᠭᠡᠳ ᠶᠠᠭᠤ ᠴᠤ᠌ ᠦᠵᠡᠬᠦ ᠦᠭᠡᠢ ᠪᠣᠯᠭᠠᠮᠠᠭᠴᠠ ᠭᠠᠷ ᠢ᠋ ᠨᠢ ᠬᠦᠯᠢᠵᠦ ᠬᠥᠮᠦᠨ ᠢ᠋ ᠪᠢᠷᠢᠪᠴᠢᠯᠠᠬᠤ ᠳ᠋ᠤ᠌ ᠪᠠᠨ ᠲᠥᠪᠡᠳ ᠦ᠋ᠳ ᠭᠠᠷᠮᠠᠭᠠᠢ ᠪᠢᠯᠡ᠃ 
       — ᠭᠢᠨᠳᠠᠨ ᠤᠷᠤᠭᠤ ᠠᠪᠠᠴᠢ ! ᠪᠤᠷᠬᠠᠨ ᠤ᠋ ᠱᠠᠪᠢ ᠨᠠᠷ ᠪᠠᠢᠵᠤ᠂ ᠪᠤᠷᠬᠠᠨ ᠤ᠋ ᠰᠢᠲᠦᠭᠡᠨ ᠳᠣᠲᠣᠷ᠎ᠠ ᠵᠣᠳᠣᠯᠳᠤᠳᠠᠭ ᠶᠠᠭᠠᠬᠢᠭᠰᠠᠨ ᠮᠠᠭᠤ ᠢᠷᠣ᠎ᠠ ᠶ᠋ᠢᠨ ᠨᠢᠭᠦᠯᠲᠡᠨ ᠦ᠋ᠳ ᠪᠣᠢ? ᠭᠡᠵᠦ ᠬᠡᠨ ᠨᠢᠭᠡᠨ ᠬᠥᠮᠦᠨ ᠵᠠᠩᠨᠠᠵᠤ ᠪᠠᠢᠬᠤ ᠶ᠋ᠢ ᠰᠠᠨᠵᠢ ᠰᠣᠨᠣᠰᠤᠯ᠎ᠠ《ᠫᠠᠭᠰᠠᠩ ᠶᠠᠭᠤ ᠪᠣᠯᠤᠭᠰᠠᠨ ᠪᠣᠯ᠂ ᠠᠷᠠᠢ ᠴᠢᠩᠭᠠᠳᠠᠭᠤᠯᠴᠢᠬᠠᠯ᠎ᠠ》 ᠭᠡᠵᠦ ᠰᠠᠡᠭᠵᠢ ᠳᠣᠲᠣᠷ᠎ᠠ ᠪᠠᠨ ᠬᠠᠷᠠᠮᠰᠠᠨ ᠪᠣᠳᠣᠯ᠎ᠠ᠃ 
       — ᠦᠬᠦᠳᠡᠯ ᠢ᠋ ᠠᠪᠤᠭᠠᠳ ᠶᠠᠪᠤ! ᠭᠡᠵᠦ ᠨᠥᠭᠥᠭᠡᠬᠢ ᠬᠥᠮᠦᠨ ᠲᠤᠰᠢᠶᠠᠵᠤ ᠪᠠᠢᠬᠤ ᠶ᠋ᠢ ᠰᠣᠨᠣᠰᠤᠭᠠᠳ ᠰᠠᠨᠵᠢ ᠶ᠋ᠢᠨ ᠳᠣᠲᠣᠷ᠎ᠠ ᠫᠠᠯ ᠬᠢᠵᠡᠢ᠃ ᠫᠠᠭᠰᠠᠩ ᠢ᠋  ᠦᠬᠦᠵᠡᠢ ᠭᠡᠵᠦ ᠪᠣᠳᠣᠬᠤ ᠳ᠋ᠤ᠌ ᠲᠤᠢᠯ ᠤ᠋ᠨ ᠶᠡᠬᠡ ᠪᠡᠷ ᠬᠠᠷᠠᠮᠰᠠᠨ ᠭᠡᠮᠰᠢᠯ᠎ᠡ᠃ ᠨᠢᠭᠦᠯ ᠬᠢᠭᠰᠡᠨ ᠢ᠋ᠶ᠋ᠡᠨ ᠤᠬᠠᠭᠠᠷᠠᠯ᠎ᠠ᠃ ᠲᠡᠳᠡᠨ ᠢ᠋ ᡀᠠᠰᠠ ᠶ᠋ᠢᠨ ᠭᠢᠨᠳᠠᠨ ᠳ᠋ᠤ᠌ ᠲᠡᠷᠡ ᠳᠠᠷᠤᠢ ᠬᠦᠷᠭᠡᠪᠡ᠃ ᠲᠣᠯᠣᠭᠠᠢ ᠳ᠋ᠤ᠌ ᠨᠥᠮᠥᠷᠭᠡᠭᠰᠡᠨ ᠲᠠᠭᠠᠷ ᠤᠭᠤᠲᠠ ᠶ᠋ᠢ ᠠᠪᠬᠤ ᠳ᠋ᠤ᠌ ᠨᠢ ᠡᠷᠭᠢᠨ ᠲᠣᠭᠣᠷᠢᠨ ᠢ᠋ ᠠᠵᠢᠭᠯᠠᠪᠠᠯ ᠴᠢᠭᠢᠭ ᠬᠠᠩᠬᠤᠯᠤᠭᠰᠠᠨ ᠪᠦᠭᠴᠢᠮ ᠬᠠᠷᠠᠩᠭᠤᠢ ᠴᠢᠯᠠᠭᠤᠨ ᠨᠦᠬᠡ ᠰᠢᠭ ᠶᠠᠭᠤᠮᠠᠨ ᠳ᠋ᠤ᠌ ᠲᠡᠳᠡᠨ ᠢ᠋ ᠬᠢᠴᠢᠬᠡᠵᠡᠢ᠃ ᠡᠷᠭᠢᠨ ᠲᠣᠭᠣᠷᠢᠨ ᠳ᠋ᠤ᠌ ᠶᠠᠭᠤ ᠴᠤ᠌ ᠪᠠᠢᠭᠰᠠᠨ ᠦᠭᠡᠢ᠃ ᠳᠡᠪᠢᠰᠬᠡᠷ ᠴᠦ᠍ ᠦᠭᠡᠢ ᠬᠣᠩᠭᠢᠯ ᠪᠠᠢᠵᠠᠢ ᠃ ᠬᠠᠷᠢᠨ ᠲᠡᠳᠡᠨ ᠢ᠋ ᠴᠥᠮ ᠢ᠋ ᠨᠢ ᠨᠢᠭᠡ ᠳᠣᠣᠷ᠎ᠠ ᠣᠷᠣᠭᠤᠯᠤᠭᠰᠠᠨ ᠨᠢ ᠵᠣᠯ ᠪᠠᠢᠯ᠎ᠠ᠃ ᠲᠡᠳᠡ ᠬᠡᠰᠡᠭ ᠴᠢᠮᠡᠭᠡ ᠦᠭᠡᠢ ᠪᠠᠢᠭᠰᠠᠨ ᠢ᠋ᠶ᠋ᠠᠨ᠂ 
       — ᠫᠠᠭᠰᠠᠩ ᠠᠨᠳᠤᠤ ᠶᠠᠭᠠᠬᠢᠭᠰᠠᠨ ᠪᠣᠯ? ᠭᠡᠵᠦ ᠰᠠᠨᠵᠢ ᠰᠠᠨᠠᠭ᠎ᠠ ᠵᠣᠪᠠᠬᠤ ᠶ᠋ᠢᠨ ᠡᠷᠬᠡ ᠪᠡᠷ ᠠᠰᠠᠭᠤᠯ᠎ᠠ᠃ 
       — ᠪᠤᠤ ᠮᠡᠳᠡ! ᠭᠡᠵᠦ ᠪᠠᠷᠤᠭ ᠯᠠ ᠴᠥᠮ ᠢ᠋ᠶ᠋ᠡᠷ ᠢ᠋ᠶ᠋ᠡᠨ ᠭᠠᠢᠬᠠᠨ ᠡᠷᠡᠭᠡᠯᠵᠡᠯ᠎ᠡ᠃ 
       — ᠦᠬᠦᠭᠰᠡᠨ ᠪᠠᠢᠬ᠎ᠠ ᠠ᠋! ᠦᠬᠦᠳᠡᠯ ᠢ᠋ ᠠᠪᠠᠴᠢ ! ᠭᠡᠵᠦ ᠪᠠᠢᠬᠤ ᠶ᠋ᠢ ᠪᠢ ᠰᠣᠨᠣᠰᠤᠭᠰᠠᠨ! ᠭᠡᠵᠦ ᠴᠣᠭᠰᠣᠩ ᠬᠡᠯᠡᠪᠡ᠃ ᠴᠥᠮ ᠢ᠋ᠶ᠋ᠡᠷ ᠢ᠋ᠶ᠋ᠡᠨ ᠬᠠᠷᠠᠮᠰᠠᠨ ᠬᠢᠮᠤᠷᠠᠯ᠎ᠠ᠃ 
       — ᠦᠬᠦᠭᠰᠡᠨ ᠪᠣᠯ ᠰᠠᠨᠵᠢ ᠴᠢ ᠯᠡ ᠠᠯᠠᠭᠰᠠᠨ ᠳᠠ᠃ ᠨᠠᠮᠠᠶ᠋ᠢ ᠬᠠᠷᠠᠭᠰᠠᠭᠠᠷ ᠪᠠᠢᠲᠠᠯ᠎ᠠ ᠰᠢᠨᠡ ᠤᠷᠤᠭᠤ ᠨᠢ ᠴᠢ ᠬᠦᠷᠳᠦᠨ ᠦ᠌ ᠪᠠᠷᠢᠭᠤᠯ ᠮᠣᠳᠣ ᠪᠠᠷ ᠭᠥᠪᠰᠢᠴᠢᠬᠡᠭᠰᠡᠨ ᠰᠢᠦ ᠳᠡ! ᠭᠡᠪᠡ᠃ 
       — ᠲᠡᠭᠡᠬᠦ ᠨᠢ ᠴᠦ᠍ ᠲᠡᠭᠡᠭᠰᠡᠨ᠃ ᠭᠡᠬᠦ ᠳ᠋ᠦ᠍ ᠪᠡᠨ ᠠᠶᠠᠷᠬᠠᠨ ᠯᠠ ᠴᠣᠬᠢᠬᠤ ᠰᠢᠭ᠋ ᠪᠣᠯᠤᠭᠰᠠᠨ ᠳᠠ᠃ ᠠᠷᠠᠢ ᠦᠬᠦᠴᠢᠬᠡᠮᠡᠷ ᠦᠭᠡᠢ ᠶᠦᠮ ᠭᠡᠵᠦ ᠰᠠᠨᠵᠢ ᠭᠠᠢᠬᠠᠵᠠᠨᠠᠪᠠ᠃ 
       — ᠠᠨᠳᠤᠤ ᠶ᠋ᠢᠨ ᠫᠠᠭ᠍ᠰᠠᠡᠭ ᠪᠠᠢᠬᠤ ᠦᠭᠡᠢ ᠪᠣᠯᠤᠭᠰᠠᠨ ᠪᠣᠯ ᠰᠠᠨᠵᠢ ᠴᠢ ᠯᠡ ᠲᠥᠪᠡᠳ ᠲᠦ᠍ ᠶᠠᠰᠤ ᠪᠠᠨ ᠲᠠᠯᠪᠢᠨ᠎ᠠ ᠳᠠ ᠭᠡᠵᠦ ᠴᠣᠭᠰᠣᠩ ᠬᠡᠯᠡᠪᠡ᠃ 
       — ᠨᠡᠭᠡᠷᠡᠨ ᠯᠡ ᠲᠡᠭᠡᠨ᠎ᠡ ᠳᠡ! ᠭᠡᠵᠦ ᠰᠠᠨᠵᠢ ᠰᠡᠭᠦᠷᠡᠰᠦ ᠠᠯᠲᠠᠨ ᠭᠤᠨᠢᠭᠲᠠᠶ᠎ᠠ ᠥᠭᠦᠯᠡᠯ᠎ᠡ᠃ 
       — ᠵᠠ ᠡᠢᠮᠦ ᠮᠠᠭᠤ ᠶᠠᠭᠤᠮ᠎ᠠ ᠵᠥᠩᠨᠡᠬᠦ ᠪᠡᠨ ᠪᠣᠯᠢᠶ᠎ᠠ᠃ ᠥᠭᠡᠷ᠎ᠡ ᠶᠠᠭᠤᠮ᠎ᠠ ᠶᠠᠷᠢᠵᠠᠭᠠᠶ᠎ᠠ ᠭᠡᠵᠦ ᠨᠢᠭᠡ ᠨᠥᠬᠥᠷ ᠨᠢ ᠲᠡᠳᠡᠨ ᠦ᠌ ᠰᠡᠳᠬᠢᠯ ᠢ᠋ ᠵᠠᠰᠠᠬᠤ ᠦᠭᠡ ᠬᠡᠯᠡᠬᠦ ᠳ᠋ᠦ᠍ ᠴᠥᠮ ᠢ᠋ᠶ᠋ᠡᠷ ᠢ᠋ᠶ᠋ᠡᠨ ᠰᠡᠭᠡᠭᠡ ᠠᠪᠴᠤ ᠬᠡᠰᠡᠭ ᠵᠠᠭᠤᠷ᠎ᠠ ᠳᠠᠭᠤ ᠦᠭᠡᠢ ᠰᠠᠭᠤᠵᠠᠭᠠᠯ᠎ᠠ᠃ ᠬᠠᠵᠠᠭᠤ ᠶ᠋ᠢᠨ ᠱᠣᠷᠣᠩ ᠳ᠋ᠤ᠌ ᠬᠡᠨ ᠨᠢᠭᠡ ᠶ᠋ᠢ ᠲᠠᠷᠴᠢᠯᠠᠭᠠᠨ ᠵᠣᠪᠠᠭᠠᠵᠤ ᠪᠠᠢᠭ᠎ᠠ ᠪᠣᠯᠤᠯᠲᠠᠢ ᠮᠠᠭᠤᠬᠠᠢ ᠴᠢᠷᠠᠯᠠᠬᠤ ᠳᠠᠭᠤᠨ ᠰᠣᠨᠣᠰᠤᠭᠳᠠᠯ᠎ᠠ᠃ ᠲᠡᠳᠡ ᠴᠣᠴᠢᠷᠳᠠᠨ ᠭᠠᠢᠬᠠᠯ᠎ᠠ᠃ ᠤᠷᠢᠳᠤ ᠡᠮᠦᠨ᠎ᠡ ᠨᠢ ᠭᠢᠨᠳᠠᠨ ᠳ᠋ᠤ᠌ ᠰᠠᠭᠤᠵᠤ ᠪᠠᠢᠭ᠎ᠠ ᠦᠭᠡᠢ ᠪᠣᠯᠬᠣᠷ ᠲᠡᠳᠡᠨ ᠳ᠋ᠦ᠍ ᠡᠨᠡ ᠰᠢᠨ᠎ᠡ ᠣᠷᠴᠢᠨ ᠶᠡᠬᠡ ᠯᠡ ᠠᠶᠠᠭᠦᠢ ᠪᠠᠢᠯ᠎ᠠ᠃ ᠬᠠᠵᠠᠭᠤ ᠶ᠋ᠢᠨ ᠱᠣᠷᠣᠩ ᠠ᠋ᠴᠠ ᠴᠢᠷᠠᠯᠠᠬᠤ ᠳᠠᠭᠤᠨ ᠨᠢᠭᠡ ᠦᠶ᠎ᠡ ᠴᠢᠩᠭᠠᠷᠠᠵᠤ᠂ ᠨᠢᠭᠡ ᠦᠶ᠎ᠡ ᠰᠤᠯᠠᠷᠠᠵᠤ ᠰᠣᠨᠣᠰᠤᠭᠳᠠᠭᠰᠠᠭᠠᠷ ᠪᠠᠢᠯ᠎ᠠ᠃ 
       — ᠪᠢᠳᠡᠨ ᠢ᠋ ᠪᠠᠰᠠ ᠯᠠ ᠢᠩᠭᠢᠬᠦ ᠪᠠᠢᠬᠤ ᠳᠠ ᠭᠡᠵᠦ ᠬᠡᠨ ᠨᠢᠭᠡ ᠨᠢ ᠬᠡᠯᠡᠪᠡ᠃ 
       — ᠯᠠᠪ ᠯᠠ ᠳᠠᠪᠤᠰᠤ ᠲᠠᠢ ᠰᠠᠪᠠᠭ᠎ᠠ ᠪᠠᠷ ᠳᠠᠯᠠᠨ ᠲᠠᠪᠤ ᠰᠠᠪᠠᠭᠤᠯᠬᠤ ᠲᠡᠢᠮᠦ ᠳᠠᠢᠯᠠᠯᠭᠠᠨ ᠳ᠋ᠤ᠌ ᠨᠣᠷᠣᠬᠣ ᠪᠣᠢ ᠭᠡᠵᠦ ᠨᠢᠭᠡ ᠨᠢ ᠱᠣᠭᠯᠠᠪᠠ᠃ 
       — ᠲᠣᠬᠣᠭᠤᠷᠬᠠᠯᠲᠠ ᠦᠭᠡᠢ ᠦᠨᠡᠨ ᠳᠡ᠃ ᠵᠥᠪᠬᠡᠨ ᠯᠠᠴᠢᠰᠠ ᠶ᠋ᠢᠨ ᠬᠠᠭᠠᠯᠭ᠎ᠠ ᠪᠠᠷ ᠭᠡᠮ ᠪᠤᠷᠤᠭᠤ ᠦᠭᠡᠢ ᠮᠥᠷᠲᠡᠭᠡᠨ ᠱᠠᠭᠠᠢᠭᠰᠠᠨ ᠬᠥᠮᠦᠨ ᠢ᠋ ᠯᠡ ᠠᠷᠪᠠᠨ ᠳᠥᠷᠪᠡ ᠡᠴᠡ ᠳᠣᠭᠣᠭᠰᠢ ᠦᠭᠡᠢ ᠰᠠᠪᠠᠭᠠᠳᠠᠭᠠᠳ ᠳᠠᠷᠠᠭ᠎ᠠ ᠨᠢ ᠬᠡᠷᠡᠭ ᠵᠣᠷᠢᠭ ᠢ᠋ ᠠᠰᠠᠭᠤᠳᠠᠭ ᠰᠢᠦ ᠳᠡ᠃ ᠭᠡᠲᠡᠯ᠎ᠡ ᠪᠢᠳᠡ ᠶᠠᠭᠠᠬᠢᠭᠰᠠᠨ ᠪᠣᠢ? ᠬᠦᠷᠳᠦᠨ ᠳ᠋ᠦ᠍ ᠵᠣᠳᠣᠯᠳᠤᠭᠰᠠᠨ᠃ ᠪᠠᠰᠠ ᠠᠶᠠᠭᠦᠢ ᠪᠣᠯ ᠨᠢᠭᠡ ᠶ᠋ᠢ ᠪᠡᠨ ᠠᠯᠠᠭᠰᠠᠨ᠁ 
       — ᠳᠡᠮᠡᠢ ᠶᠠᠭᠤᠮᠠᠨ ᠠ᠋ᠴᠠ ᠮᠠᠷᠭᠤᠯᠳᠤᠭᠰᠠᠨ ᠳᠠ ᠃ ᠬᠡᠨ ᠳ᠋ᠦ᠍ ᠶᠠᠮᠠᠷ ᠮᠠᠨᠢ ᠨᠣᠭᠳᠠᠭᠰᠠᠨ ᠶᠤᠮ ᠫᠠᠳ ᠦᠭᠡᠢ ᠶᠠᠭᠤᠮ᠎ᠠ ᠪᠠᠢᠭᠰᠠᠨ ᠯᠠ ᠳᠠ᠃ 
       — ᠫᠠᠭ᠍ᠰᠠᠡᠭ ᠠᠨᠳᠤᠤ ᠦᠬᠦᠴᠢᠬᠡᠭᠰᠡᠨ ᠪᠣᠯ ᠶᠠᠭᠠᠬᠢᠨ᠎ᠠ ! 
       — ᠲᠡᠷᠡ ᠤᠤᠯ ᠨᠢ ᠭᠦᠵᠢᠷᠮᠡᠭ ᠮᠣᠩᠭᠣᠯ ᠮᠠᠶᠢᠭ ᠤ᠋ᠨ ᠡᠷ᠎ᠡ ᠶᠤᠮᠰᠠᠨ᠃ 
       — ᠰᠡᠬᠡᠵᠦ ᠯᠡ ᠦᠵᠡᠭᠡᠰᠡᠢ ᠪᠢᠯᠡ᠃ ᠶᠠᠮᠠᠷ ᠰᠠᠢᠨ ᠪᠠᠢᠬᠤ ᠪᠣᠢ? 
       — ᠥᠯᠥᠰᠴᠦ ᠡᠬᠢᠯᠡᠯ᠎ᠡ ᠭᠡᠬᠦᠴᠢᠯᠡᠨ ᠲᠡᠳᠡ ᠬᠣᠭᠣᠷᠣᠨᠳᠣ ᠪᠠᠨ ᠵᠠᠪᠰᠠᠷ ᠵᠠᠢ ᠦᠭᠡᠢ ᠶᠠᠷᠢᠵᠠᠭᠠᠯ᠎ᠠ᠃ ᠥᠭᠡᠷ᠎ᠡ ᠬᠢᠬᠦ ᠠᠵᠢᠯ ᠦᠭᠡᠢ ᠶᠦᠮ ᠪᠣᠯᠬᠣᠷ ᠶᠠᠷᠢᠬᠤ ᠲᠡᠩᠬᠡᠭᠡ ᠪᠡᠨ ᠲᠠᠰᠤᠷᠠᠬᠤ ᠬᠦᠷᠲᠡᠯ᠎ᠡ ᠦᠭᠡ ᠰᠣᠯᠢᠵᠠᠭᠠᠬᠤ ᠪᠣᠯᠤᠯᠴᠠᠭ᠎ᠠ ᠲᠠᠢ ᠪᠠᠢᠯ᠎ᠠ᠃ 
       — ᠦᠭᠡᠢ ᠶᠡᠷᠦ ᠠ᠋᠃ ᠡᠨᠳᠡ ᠴᠢᠨᠢ ᠪᠠᠰᠠ ᠨᠢᠭᠡ ᠬᠦᠷᠳᠦ ᠪᠠᠢᠵᠤ ᠪᠠᠢᠳᠠᠭ ᠶᠠᠭᠤᠮ᠎ᠠ ᠭᠡᠵᠦ ᠴᠣᠭᠰᠣᠩ ᠭᠡᠨᠡᠳᠲᠡ ᠬᠡᠯᠡᠪᠡ᠃ ᠲᠡᠳᠡ ᠭᠠᠢᠬᠠᠨ ᠠᠵᠢᠭᠯᠠᠪᠠᠯ ᠱᠣᠷᠣᠩ ᠤ᠋ᠨ ᠬᠠᠷᠠᠩᠭᠤᠢ ᠮᠤᠬᠤᠷ ᠬᠠᠨᠠᠨ ᠳ᠋ᠤ᠌ ᠬᠣᠩᠬᠣᠷᠬᠠᠢ ᠭᠠᠷᠭᠠᠭᠠᠳ ᠳᠡᠭᠡᠷ᠎ᠡ ᠨᠢ ᠪᠢᠴᠢᠬᠠᠨ ᠵᠡᠰ ᠬᠦᠷᠳᠦ ᠲᠠᠯᠪᠢᠭᠰᠠᠨ ᠪᠠᠢᠬᠤ ᠶ᠋ᠢ ᠦᠵᠡᠵᠡᠭᠡᠵᠦ ᠲᠡᠳᠡ ᠭᠠᠢᠬᠠᠯ᠎ᠠ᠃ 
       — ᠭᠢᠨᠳᠠᠨ ᠳ᠋ᠤ᠌ ᠬᠦᠷᠲᠡᠯ᠎ᠡ ᠬᠦᠷᠳᠦ ᠪᠠᠢᠬᠤ ᠳ᠋ᠤ᠌ ᠴᠤ᠌ ᠪᠤᠷᠬᠠᠨ ᠤ᠋ ᠨᠣᠮ ᠢ᠋ ᠪᠢᠳᠡ ᠶᠠᠭᠠᠬᠢᠵᠤ ᠮᠠᠷᠲᠠᠬᠤ ᠪᠣᠢ? ᠡᠨᠳᠡ ᠪᠠᠰᠠ ᠯᠠ ᠬᠦᠷᠳᠦ ᠡᠷᠭᠢᠭᠦᠯᠵᠦ ᠪᠣᠯᠳᠠᠭ ᠪᠠᠢᠵᠠᠢ᠃ 
       — ᠣᠳᠣ ᠡᠭᠦᠨ ᠢ᠋ ᠴᠢᠨᠢ ᠡᠷᠭᠢᠭᠦᠯᠵᠦ ᠯᠡ ᠵᠤᠭ᠎ᠠ ᠶ᠋ᠢ ᠪᠡᠨ ᠭᠠᠷᠭᠠᠵᠠᠭᠠᠶ᠎ᠠ ᠳᠠ! 
       — ᠳᠠᠬᠢᠭᠠᠳ ᠵᠣᠳᠣᠭᠠᠨ ᠡᠭᠦᠰᠬᠦ ᠶ᠋ᠢᠨ ᠨᠡᠮᠡᠷᠢ᠃ ᠪᠣᠯᠢᠶ᠎ᠠ ᠲᠠ ᠮᠢᠨᠢ ! ᠭᠡᠵᠦ ᠲᠡᠳᠡ ᠶᠠᠷᠢᠵᠠᠭᠠᠯ᠎ᠠ᠃ 
       ᠲᠥᠪᠡᠳ ᠭᠠᠵᠠᠷ ᠬᠠᠮᠤᠭ ᠤ᠋ᠨ ᠡᠯᠪᠡᠭ ᠶᠠᠭᠤᠮᠠᠨ ᠤ᠋ ᠨᠢᠭᠡ ᠨᠢ ᠬᠦᠷᠳᠦ ᠪᠣᠯᠤᠨ᠎ᠠ᠃ ᠥᠴᠦᠬᠡᠨ ᠵᠢᠵᠢᠭ ᠡᠴᠡ ᠡᠬᠢᠯᠡᠭᠡᠳ  ᠠᠰᠤᠷᠤ ᠲᠣᠮᠣ ᠶ᠋ᠢ ᠬᠦᠷᠲᠡᠯ᠎ᠡ ᠮᠣᠳᠣᠨ ᠠ᠋ᠴᠠ ᠡᠬᠢᠯᠡᠭᠡᠳ ᠵᠡᠰ᠂ ᠭᠠᠤᠯᠢ᠂ ᠮᠥᠩᠭᠥ ᠠᠯᠲᠠᠨ ᠬᠦᠷᠲᠡᠯ᠎ᠡ ᠬᠦᠷᠳᠦ ᠪᠣᠢ ᠪᠢᠯᠡ᠃ ᠲᠡᠳᠡᠨ ᠢ᠋ ᠭᠠᠷ ᠢ᠋ᠶ᠋ᠠᠷ ᠢᠮᠡᠷᠦᠨ ᠡᠷᠭᠢᠭᠦᠯᠵᠦ᠂ ᠮᠠᠨᠢ ᠮᠡᠭᠵᠡᠮ ᠤᠩᠰᠢᠬᠤ ᠬᠦᠨᠳᠦ ᠠᠵᠢᠯ ᠢ᠋ ᠬᠥᠩᠭᠡᠯᠡᠳᠡᠭ ᠪᠣᠯᠤᠨ᠎ᠠ᠃ ᠤᠩᠰᠢᠯᠭ᠎ᠠ ᠶ᠋ᠢ ᠲᠦᠷᠭᠡᠳᠬᠡᠨ ᠬᠥᠩᠭᠡᠪᠴᠢᠯᠡᠭᠰᠡᠨ ᠬᠡᠷᠡᠭ᠃ ᠭᠡᠪᠡᠴᠦ ᠪᠠᠰᠠ ᠤᠰᠤᠨ ᠬᠦᠷᠳᠦ ᠂ ᠰᠠᠯᠬᠢᠨ ᠬᠦᠷᠳᠦ ᠵᠣᠬᠢᠶᠠᠵᠠᠢ᠃ ᠤᠷᠤᠰᠬᠠᠯ ᠤᠰᠤᠨ ᠤ᠋ ᠬᠦᠴᠦ ᠪᠡᠷ ᠲᠡᠭᠡᠷᠮ᠎ᠡ ᠠᠳᠠᠯᠢ ᠡᠷᠭᠢᠵᠦ ᠪᠠᠢᠩᠭᠤ ᠬᠥᠳᠡᠯᠭᠡᠭᠡᠨ ᠳ᠋ᠦ᠍ ᠣᠷᠣᠰᠢᠬᠤ ᠬᠦᠷᠳᠦ᠂ ᠪᠠᠰᠠ ᠬᠠᠪᠲᠠᠭᠠᠢ ᠳᠠᠪᠤᠤ ᠳᠡᠭᠡᠷ᠎ᠡ ᠣᠯᠠᠨ ᠵᠠᠭᠤᠨ ᠮᠠᠨᠢ ᠪᠢᠴᠢᠭᠡᠳ ᠳᠠᠷᠴᠠᠭ ᠠᠳᠠᠯᠢ ᠰᠠᠯᠬᠢᠨ ᠳ᠋ᠤ᠌ ᠬᠡᠢᠰᠬᠡᠵᠦ ᠪᠠᠢᠳᠠᠭ ᠰᠠᠯᠬᠢᠨ ᠤ᠋ ᠬᠦᠷᠳᠦ ᠪᠣᠢ᠃ ᠲᠥᠪᠡᠳ ᠦ᠋ᠨ ᠲᠦᠷᠭᠡᠨ ᠤᠷᠤᠰᠬᠠᠯᠲᠤ ᠭᠣᠣᠯ ᠤ᠋ᠳ ᠳᠡᠭᠡᠷ᠎ᠡ᠂ ᠰᠠᠯᠬᠢᠨ ᠵᠠᠮ ᠪᠣᠯᠤᠭᠰᠠᠨ ᠤᠤᠯ ᠤ᠋ᠨ ᠬᠥᠨᠳᠡᠢ᠂ ᠰᠢᠪᠡᠷ᠂ ᠳᠠᠭᠵᠠ᠂ ᠰᠠᠷᠯᠤᠭ ᠤ᠋ᠨ ᠰᠡᠪᠡᠭ ᠦ᠋ᠨ ᠪᠠᠨᠠᠭ ᠤ᠋ᠨ ᠣᠷᠣᠢ ᠳᠡᠭᠡᠷ᠎ᠡ ᠲᠡᠷᠡ ᠬᠦ᠌ ᠬᠦᠷᠳᠦᠨ ᠨᠦ᠍ᠭᠦᠳ ᠲᠡᠢ ᠣᠯᠠᠨᠲᠠ ᠲᠣᠬᠢᠶᠠᠯᠳᠤᠵᠤ ᠪᠣᠯᠤᠨ᠎ᠠ᠃ ᠲᠡᠷᠡ ᠪᠦᠬᠦᠨ ᠳᠡᠭᠡᠷ᠎ᠡ ᠡᠴᠡ 《ᠣᠮ ᠮᠠ ᠨᠢ ᠪᠠᠳ ᠮᠧ ᠬᠣᠮ 》ᠪᠤᠶᠤ 《ᠲᠩᠷᠢ᠂ ᠠᠰᠤᠷᠢ᠂ ᠬᠥᠮᠦᠨ᠂ ᠠᠳᠤᠭᠤᠰᠤ᠂ ᠪᠢᠷᠢᠳ᠂ ᠲᠠᠮᠤ》 ᠭᠡᠰᠡᠨ ᠦᠭᠡᠰ ᠢ᠋ ᠯᠡ ᠤᠩᠰᠢᠵᠤ ᠪᠣᠯᠤᠨ᠎ᠠ᠃ 
       — ᠡᠨᠡ ᠭᠢᠨᠳᠠᠨ ᠳ᠋ᠤ᠌ ᠠᠬ᠎ᠠ ᠮᠠᠨᠢ ᠪᠡᠶ᠎ᠡ ᠪᠠᠷᠠᠭᠰᠠᠨ ᠶᠤᠮ ᠳᠠ᠂ ᠬᠥᠭᠡᠷᠦᠬᠦᠢ! ᠭᠡᠵᠦ ᠲᠦᠷᠦᠭᠦᠨ ᠡᠴᠡ ᠬᠣᠢᠰᠢ ᠳᠠᠭᠤ ᠦᠭᠡᠢ ᠰᠠᠭᠤᠭᠰᠠᠨ ᠫᠠᠭᠪᠠ  ᠳᠠᠭᠤ ᠠᠯᠳᠠᠪᠠ᠃ ᠡᠨᠡ ᠦᠭᠡ ᠴᠥᠮ ᠦ᠋ᠨ ᠬᠢᠨᠢ ᠰᠡᠳᠬᠢᠯ ᠢ᠋ ᠬᠥᠨᠳᠡᠵᠡᠢ᠃ ᠴᠣᠴᠢᠷᠳᠠᠨ ᠭᠠᠢᠬᠠᠭᠰᠠᠨ ᠨᠠᠢᠵᠠ ᠨᠠᠷ ᠨᠢ ᠵᠣᠪᠠᠨᠢᠪᠠ᠃ 
       — ᠶᠠᠭᠠᠬᠢᠭᠠᠳ ᠡᠨᠳᠡ ᠨᠠᠰᠤ ᠪᠠᠷᠠᠭᠰᠠᠨ ᠶᠤᠮ ᠪᠣᠢ? ᠭᠡᠵᠦ ᠴᠣᠭᠰᠣᠩ ᠭᠠᠢᠬᠠᠨ ᠠᠰᠠᠭᠤᠯ᠎ᠠ᠃ ᠫᠠᠭᠪᠠ ᠰᠠᠨᠠᠭ᠎ᠠ ᠠᠯᠲᠠᠨ᠂ 
       — ᠪᠢᠷᠢᠳ ᠲᠦ᠍ ᠪᠠᠷᠢᠭᠳᠠᠵᠤ ᠦᠬᠦᠭᠰᠡᠨ ᠶᠦᠮ ᠭᠡᠨ᠎ᠡ ᠯᠠᠢ ᠭᠡᠵᠦ ᠬᠡᠯᠡᠬᠦ ᠳ᠋ᠦ᠍ ᠴᠥᠮ ᠢ᠋ᠶ᠋ᠡᠷ ᠢ᠋ᠶ᠋ᠡᠨ ᠴᠣᠴᠢᠯ᠎ᠠ᠃ ᠡᠨᠳᠡ ᠪᠢᠷᠢᠳ ᠪᠠᠢᠭ᠎ᠠ ᠶᠤᠮ ᠭᠡᠵᠦ ᠰᠠᠨᠠᠭᠰᠠᠨ ᠦᠭᠡᠢ᠃ 
       — ᠶᠠᠭᠠᠬᠢᠭᠠᠳ? 
       — ᠶᠠᠭᠠᠬᠢᠬᠤ ᠪᠣᠢ ? ᠲᠡᠷᠡ ᠯᠠ ᠬᠦᠷᠳᠦᠨ ᠦ᠌ ᠴᠠᠭᠠᠬᠠᠨ᠎ᠠ ᠥᠨᠴᠥᠭ ᠡᠴᠡ ᠬᠡᠳᠦᠨ ᠲᠦᠮᠡᠨ ᠳ᠋ᠢᠭᠪᠠᠷᠠᠨᠵᠠ᠂ ᠬᠢᠯᠢᠨᠴᠡᠲᠦ ᠬᠣᠷᠣᠬᠠᠢ ᠭᠠᠷᠴᠤ ᠢᠷᠡᠭᠰᠡᠨ ᠶᠦᠮ ᠭᠡᠨ᠎ᠡ ᠯᠠᠢ ᠃ ᠠᠬ᠎ᠠ ᠶ᠋ᠢ ᠮᠠᠨᠢ ᠴᠢᠷᠠᠮᠠᠨ ᠨᠢᠴᠦᠭᠦᠯᠡᠭᠡᠳ ᠭᠠᠭᠴᠠᠭᠠᠷ ᠢ᠋ ᠨᠢ ᠡᠨᠡ ᠭᠢᠨᠳᠠᠨ ᠳ᠋ᠤ᠌ ᠬᠠᠶᠠᠴᠢᠬᠠᠭᠰᠠᠨ ᠶᠤᠮ ᠭᠡᠳᠡᠭ᠃ ᠲᠡᠭᠡᠭᠡᠳ ᠲᠡᠷᠡ ᠣᠯᠠᠨ ᠥᠯᠥᠰᠬᠦᠯᠡᠩ ᠳ᠋ᠢᠭᠪᠠᠷᠠᠨᠵᠠ᠂ ᠬᠢᠯᠢᠨᠴᠡᠲᠦ ᠬᠣᠷᠣᠬᠠᠢ ᠨᠤᠭᠤᠳ ᠠᠬ᠎ᠠ ᠶ᠋ᠢ ᠮᠢᠨᠢ ᠠᠮᠢᠳᠤ ᠪᠠᠷ ᠨᠢ ᠰᠣᠷᠣᠵᠤ ᠳᠠᠭᠤᠰᠬᠠᠭᠰᠠᠨ ᠶᠤᠮ ᠭᠡᠨ᠎ᠡ ᠯᠠᠢ᠃ 
       — ᠶᠠᠭᠠᠬᠢᠭᠠᠳ ᠲᠡᠢᠮᠦ ᠣᠯᠠᠨ ᠬᠣᠷᠣᠬᠠᠢ ᠰᠢᠪᠡᠵᠢ ᠭᠠᠷᠴᠤ ᠢᠷᠡᠭᠰᠡᠨ ᠶᠦᠮ ᠪᠣᠯ? 
       — ᠶᠠᠭᠠᠬᠢᠬᠤ ᠪᠣᠢ ! ᠲᠡᠢᠮᠦ ᠬᠣᠷᠣᠬᠠᠢ ᠨᠤᠭᠤᠳ ᠢ᠋ ᠲᠤᠰᠬᠠᠢ ᠭᠠᠵᠠᠷ ᠬᠣᠷᠢᠵᠤ ᠥᠯᠦᠰᠬᠡᠵᠦ ᠪᠠᠢᠭᠠᠳ ᠶᠠᠯᠠᠲᠠᠨ ᠤᠷᠤᠭᠤ ᠲᠠᠯᠪᠢᠳᠠᠭ ᠭᠡᠵᠦ ᠶᠠᠷᠢᠳᠠᠭ᠂ ᠲᠡᠷᠡ ᠦᠨᠡᠨ ᠪᠠᠢᠬ᠎ᠠ᠃ 
       — ᠪᠠᠰᠠ ᠥᠯᠥᠰᠬᠦᠯᠡᠩ ᠦᠬᠡᠷ ᠬᠤᠯᠤᠭᠠᠨ᠎ᠠ ᠶ᠋ᠢ ᠲᠠᠯᠪᠢᠳᠠᠭ ᠭᠡᠰᠡᠨ ᠦᠭᠡ ᠪᠠᠢᠳᠠᠭ᠃ 
       — ᠶᠠᠭᠠᠬᠢᠭᠠᠳ ᠠᠮᠢᠳᠤ ᠠᠮᠢᠲᠠᠨ ᠢ᠋ ᠥᠪᠡᠷ ᠬᠣᠭᠣᠷᠣᠨᠳᠣ ᠨᠢ ᠴᠦ᠍ ᠶᠡᠭᠦᠳᠬᠡᠯᠴᠡᠭᠦᠯᠳᠡᠭ ᠶᠦᠮ ᠪᠣᠢ? 
       — ᠡᠬᠡ ᠪᠣᠯᠤᠭᠰᠠᠨ ᠵᠢᠷᠭᠤᠭᠠᠨ ᠵᠦᠢᠯ ᠠᠮᠢᠲᠠᠨ ᠤ᠋ ᠲᠤᠰᠠ ᠶ᠋ᠢᠨ ᠲᠤᠯᠠᠳᠠ ᠭᠡᠳᠡᠭ ᠦᠭᠡᠢ ᠪᠢᠯᠢᠤ! 
       — ᠲᠡᠷᠡ ᠴᠦ᠍ ᠮᠠᠨᠢ ᠶ᠋ᠢᠨ ᠦᠭᠡ ᠪᠣᠯᠬᠤ ᠠ᠋ᠴᠠ ᠠᠮᠢᠳᠤᠷᠠᠯ ᠤ᠋ᠨ ᠦᠭᠡ ᠪᠢᠰᠢ ᠪᠠᠢᠬ᠎ᠠ ᠠ᠋ ! 
       — ᠠᠬ᠎ᠠ ᠴᠢᠨᠢ ᠲᠡᠭᠡᠪᠡᠯ ᠶᠡᠬᠡ ᠨᠢᠭᠦᠯ ᠬᠢᠭᠰᠡᠨ ᠬᠥᠮᠦᠨ ᠪᠠᠢᠵᠤ ᠯᠠ ᠳᠠ? 
       — ᠠᠬ᠎ᠠ ᠶᠠᠭᠤᠨ ᠨᠢᠭᠦᠯ ᠲᠡᠢ ᠪᠠᠢᠬᠤ ᠪᠣᠢ? ᠯᠠᠮᠠ ᠪᠠᠭᠰᠢ ᠶ᠋ᠢᠨ ᠵᠤᠯᠠ ᠶ᠋ᠢᠨ ᠰᠢᠷ᠎ᠠ ᠲᠣᠰᠣ ᠶ᠋ᠢ ᠥᠯᠥᠰᠬᠦ ᠳ᠋ᠦ᠍ ᠪᠡᠨ ᠤᠤᠭᠤᠴᠢᠬᠠᠭᠰᠠᠨ ᠶᠤᠮ ᠭᠡᠨ᠎ᠡ ᠯᠠᠢ᠃ ᠠᠰᠠᠭᠠᠰᠤᠲᠠᠢ ᠵᠤᠯᠠ ᠶ᠋ᠢ ᠦᠯᠢᠶᠡᠴᠢᠬᠡᠭᠡᠳ ᠯᠡ ᠬᠠᠶᠢᠯᠤᠮᠠᠭ ᠲᠣᠰᠣ ᠶ᠋ᠢ ᠨᠢ ᠤᠤᠭᠤᠴᠢᠬᠠᠭᠰᠠᠨ ᠭᠡᠳᠡᠭ ᠶᠦᠮ᠃ ᠲᠡᠭᠦᠨ ᠢ᠋ ᠶᠡᠬᠡ ᠲᠣᠮᠣ ᠨᠢᠭᠦᠯ ᠭᠡᠳ ᠯᠡ ᠠᠬ᠎ᠠ ᠶ᠋ᠢ ᠮᠠᠨᠢ ᠡᠨᠡ ᠱᠣᠷᠣᠩ ᠳ᠋ᠤ᠌ ᠬᠠᠶᠠᠴᠢᠬᠠᠭᠰᠠᠨ ᠭᠡᠵᠦ ᠡᠭᠡᠴᠢ ᠶᠠᠷᠢᠵᠤ ᠪᠠᠢᠭᠰᠠᠨ᠃ ᠲᠡᠭᠡᠭᠡᠳ ᠯᠡ ᠤᠳᠠᠯ ᠦᠭᠡᠢ ᠡᠨᠳᠡ ᠬᠢᠯᠢᠨᠴᠡᠲᠦ ᠬᠣᠷᠣᠬᠠᠢ ᠳ᠋ᠤ᠌ ᠪᠠᠷᠢᠭᠤᠯᠤᠭᠰᠠᠨ ᠶᠤᠮ᠃ ᠡᠭᠡᠴᠢ ᠨᠠᠳᠠ ᠳ᠋ᠤ᠌ ᠡᠨᠡ ᠱᠣᠷᠣᠩ ᠳ᠋ᠤ᠌ ᠭᠡᠵᠦ ᠲᠡᠷᠡ ᠵᠢᠯ ᠵᠢᠭᠠᠵᠤ ᠥᠭᠭᠦᠭᠰᠡᠨ ᠁ ᠭᠡᠵᠦ ᠫᠠᠭᠪᠠ ᠬᠡᠯᠡᠭᠰᠡᠨ ᠢ᠋ᠶ᠋ᠡᠨ ᠮᠡᠭᠰᠢᠨ ᠤᠬᠢᠯᠠᠯ᠎ᠠ᠃ ᠴᠥᠮ ᠢ᠋ᠶ᠋ᠡᠷ ᠢ᠋ᠶ᠋ᠡᠨ ᠰᠡᠳᠬᠢᠯ ᠬᠢᠮᠤᠷᠠᠯᠳᠤᠵᠤ ᠳᠠᠭᠤ ᠦᠭᠡᠢ ᠪᠤᠯᠵᠠᠭᠠᠯ᠎ᠠ᠃ 
        ᠰᠠᠶᠢᠬᠠᠨ ᠭᠢᠨᠳᠠᠨ ᠠ᠋ᠴᠠ ᠭᠠᠷᠴᠤ ᠴᠡᠷᠢᠭ ᠲᠦ᠍ ᠲᠠᠲᠠᠭᠳᠠᠭᠰᠠᠨ ᠪᠦᠬᠡᠮᠠᠡᠭ᠌ᠯᠠᠢ ᠶᠢᠨ ᠲᠤᠬᠠᠢ ᠰᠠᠨᠵᠢ ᠪᠣᠳᠣᠯ᠎ᠠ᠃ ᠲᠡᠷᠡ ᠣᠳᠣ ᠬᠠᠮᠢᠭ᠎ᠠ ᠶᠠᠪᠤᠭ᠎ᠠ ᠪᠣᠯ ᠭᠡᠵᠦ ᠭᠤᠨᠢᠭᠲᠠᠶ᠎ᠠ ᠳᠤᠷᠠᠰᠪᠠ ᠁ 
       ᠬᠠᠷᠠᠩᠭᠤᠢ ᠪᠣᠯᠵᠤ ᠡᠬᠢᠯᠡᠪᠡ᠃ ᠲᠡᠳᠡ ᠬᠦᠷᠳᠦ ᠲᠡᠢ ᠪᠤᠯᠤᠩ ᠠ᠋ᠴᠠ ᠵᠢᠪᠡᠭᠦᠷᠬᠡᠵᠦ᠂ ᠪᠡᠶ᠎ᠡ ᠪᠠᠶᠠᠨ ᠳ᠋ᠤ᠌ ᠪᠠᠨ ᠨᠠᠭᠠᠯᠳᠤᠨ ᠨᠥᠭᠦᠭᠡ ᠪᠤᠯᠤᠩ ᠳ᠋ᠤ᠌ ᠰᠢᠪᠠᠭᠠᠷᠠᠯᠳᠤᠨ ᠰᠠᠭᠤᠵᠠᠭᠠᠪᠠ᠃ ᠲᠡᠷᠡ ᠥᠨᠴᠥᠭ ᠡᠴᠡ ᠶᠡᠬᠡᠳᠡ ᠪᠥᠱᠥᠭᠦᠷᠬᠡᠵᠡᠭᠡᠵᠦ ᠪᠠᠢᠯ᠎ᠠ᠃ ᠭᠡᠪᠡᠴᠦ ᠲᠡᠷᠡ ᠰᠥᠨᠢ ᠠᠮᠤᠭᠤᠯᠠᠩ ᠥᠩᠭᠡᠷᠡᠯ᠎ᠡ᠃ ᠮᠠᠷᠭᠠᠰᠢ ᠨᠢ ᠵᠣᠳᠣᠯᠳᠤᠭᠰᠠᠨ ᠯᠠᠮᠠ ᠨᠠᠷ ᠢ᠋ ᠱᠣᠷᠣᠩ ᠠ᠋ᠴᠠ ᠬᠥᠭᠡᠭᠡᠨ ᠭᠠᠷᠭᠠᠵᠤ᠂ 
       — ᠳᠠᠬᠢᠭᠠᠳ ᠨᠢᠭᠦᠯ ᠬᠢᠵᠦ ᠡᠨᠳᠡ ᠢᠷᠡᠪᠡᠯ ᠬᠣᠬᠢ ᠴᠢᠨᠢ ᠰᠢᠦ᠃ ᠪᠠᠭᠰᠢ ᠯᠠᠮᠠ ᠨᠠᠷ ᠴᠢᠨᠢ ᠥᠮᠥᠭᠡᠷᠡᠭᠡ ᠦᠭᠡᠢ ᠪᠣᠯ ᠲᠠ ᠨᠠᠷ ᠦᠵᠡᠭᠡ ᠦᠭᠡᠢ ᠪᠡᠨ ᠦᠵᠡᠵᠦ ᠦᠬᠡᠷ ᠴᠠᠮ ᠢ᠋ᠶ᠋ᠠᠨ ᠬᠠᠷᠠᠢᠬᠤ ᠪᠠᠢᠭᠰᠠᠨ ᠭᠡᠵᠦ ᠬᠤᠶᠠᠭ ᠵᠠᠨᠤᠯᠬᠢᠯᠠᠵᠠᠢ᠃ ᠫᠠᠭᠰᠠᠩ ᠦ᠋ᠨ ᠲᠣᠯᠣᠭᠠᠢ ᠳ᠋ᠤ᠌ ᠮᠣᠳᠣ ᠪᠠᠷ ᠭᠥᠪᠰᠢᠭᠰᠡᠨ ᠳ᠋ᠦ᠍ ᠪᠡᠨ ᠰᠠᠨᠵᠢ ᠪᠥᠱᠥᠭᠦᠷᠬᠡᠨ ᠵᠣᠪᠠᠵᠤ᠂ ᠲᠡᠭᠦᠨ ᠢ᠋ ᠶᠠᠮᠠᠷ ᠪᠠᠢᠳᠠᠯ ᠲᠠᠢ ᠪᠠᠢᠭ᠎ᠠ ᠶ᠋ᠢ ᠮᠡᠳᠡᠬᠦ ᠶ᠋ᠢ ᠶᠠᠭᠤᠨ ᠤ᠋ ᠤᠷᠢᠳ ᠬᠦᠰᠡᠯ᠎ᠡ᠃ ᠫᠠᠭᠰᠠᠩ ᠳᠤᠬᠤᠨ ᠳ᠋ᠤ᠌ ᠪᠠᠨ ᠰᠢᠷᠬ᠎ᠠ ᠣᠯᠵᠠᠢ᠃ ᠭᠡᠪᠡᠴᠦ ᠠᠮᠢ ᠨᠠᠰᠤ ᠨᠢ ᠪᠦᠷᠢᠨ ᠪᠦᠲᠦᠨ ᠪᠠᠢᠯ᠎ᠠ᠃ ᠰᠠᠨᠵᠢ ᠰᠠᠷᠯᠤᠭ ᠤ᠋ᠨ ᠮᠢᠬ᠎ᠠ ᠪᠠᠷ ᠪᠤᠤᠵᠠ ᠬᠢᠵᠦ ᠬᠠᠭᠠᠷᠢᠭᠤᠯᠳᠠᠭᠰᠠᠨ ᠴᠠᠢ ᠪᠡᠯᠡᠳᠬᠡᠭᠡᠳ ᠫᠠᠭᠰᠠᠩ ᠢ᠋ ᠰᠢᠪᠠᠷ ᠲᠠᠭᠠᠵᠠᠨ ᠳ᠋ᠤ᠌ ᠨᠢ ᠣᠴᠢᠵᠤ ᠡᠷᠭᠢᠬᠦ ᠪᠡᠷ ᠰᠢᠢᠳᠴᠡᠢ᠃ ᠫᠠᠭᠰᠠᠩ ᠲᠡᠭᠦᠨ ᠳ᠋ᠦ᠍ ᠶᠡᠬᠡ ᠪᠠᠶᠠᠷᠯᠠᠪᠠ᠃ ᠲᠡᠷᠡ ᠰᠠᠨᠵᠢ ᠶ᠋ᠢᠨ ᠬᠣᠭᠣᠯᠠ᠂ ᠬᠦᠨᠡᠰᠦ ᠶ᠋ᠢ ᠠᠮᠲᠠᠷᠬᠠᠨ ᠢᠳᠡᠬᠦ ᠵᠠᠭᠤᠷ᠎ᠠ᠂ 
       — ᠬᠥᠮᠦᠨ ᠦ᠌ ᠰᠠᠢᠨ ᠢ᠋ ᠬᠠᠨᠢᠯᠠᠵᠤ ᠪᠠᠢᠵᠤ ᠮᠡᠳᠡᠳᠡᠭ ᠶᠦᠮ᠃ ᠭᠡᠬᠦ ᠳ᠋ᠦ᠍ ᠪᠡᠨ ᠴᠢ ᠨᠠᠮᠠᠶ᠋ᠢ ᠨᠥᠬᠥᠷ ᠭᠡᠵᠦ ᠪᠣᠳᠣᠳᠠᠭ ᠦᠭᠡᠢ ᠯᠡ ᠪᠢᠵᠡ᠃ ᠪᠢ ᠵᠥᠭᠡᠯᠡᠨ ᠨᠠᠭᠠᠯᠢᠩᠬᠠᠢ ᠪᠠᠢᠵᠤ ᠴᠢᠳᠠᠳᠠᠭ ᠦᠭᠡᠢ᠂ ᠥᠨᠳᠥᠷ ᠠᠭᠤᠯᠠ ᠶ᠋ᠢᠨ ᠵᠡᠷᠯᠢᠭ ᠣᠮᠣᠭ ᠤ᠋ᠨ ᠬᠥᠮᠦᠨ ᠰᠢᠦ! ᠭᠡᠪᠡ᠃ ᠰᠠᠨᠵᠢ ᠲᠡᠭᠦᠨ ᠢ᠋ ᠦᠨᠡᠨ ᠢ᠋ᠶ᠋ᠡᠨ ᠬᠡᠯᠡᠯ᠎ᠡ ᠭᠡᠵᠦ ᠪᠣᠳᠣᠵᠠᠢ᠃ ᠢᠩᠭᠢᠵᠦ ᠨᠢᠭᠡᠨ ᠵᠢᠡᠭ᠌ᠳᠠᠭᠠᠨ ᠤ᠋ ᠬᠢᠨ ᠬᠣᠭᠣᠷᠣᠨᠳᠣ ᠪᠠᠨ ᠡᠴᠦᠰ ᠦ᠋ᠨ ᠤᠳᠠᠭ᠎ᠠ ᠨᠢᠳᠤᠷᠭ᠎ᠠ ᠵᠥᠷᠢᠭᠦᠯᠡᠯᠴᠡᠭᠡᠳ ᠳᠠᠬᠢᠨ ᠡᠪᠯᠡᠷᠡᠪᠡ᠃ ᠲᠡᠭᠦᠨ ᠡᠴᠡ ᠬᠣᠢᠰᠢ ᠲᠡᠳᠡ ᠵᠣᠳᠣᠯᠳᠤᠬᠤ᠂ ᠭᠠᠳᠠᠭᠤᠷ ᠲᠡᠨᠦᠬᠦ ᠪᠡᠨ ᠪᠠᠷᠤᠭ ᠪᠦᠷᠢᠨ ᠬᠢᠵᠠᠭᠠᠷᠯᠠᠪᠠ᠃ ᠨᠣᠮ ᠬᠢᠴᠢᠶᠡᠯ ᠨᠢ ᠴᠦ᠍ ᠬᠦᠨᠳᠦᠷᠡᠵᠦ᠂ ᠵᠠᠪᠳᠤᠩ ᠳᠡᠭᠡᠷ᠎ᠡ ᠡᠴᠡ ᠪᠡᠨ ᠴᠦ᠍ ᠰᠠᠯᠠᠬᠤ ᠦᠭᠡᠢ ᠰᠢᠬᠠᠮ ᠰᠠᠭᠤᠵᠠᠭᠠᠳᠠᠭ ᠪᠣᠯᠵᠠᠢ᠃ 
       ᠡᠳᠦᠷ ᠦ᠋ᠳ ᠬᠣᠢᠨ᠎ᠠ ᠬᠣᠢᠨ᠎ᠠ ᠠ᠋ᠴᠠ ᠪᠠᠨ ᠥᠩᠭᠡᠷᠡᠵᠡᠢ᠃ ᠰᠤᠳᠤᠷ ᠤ᠋ᠳ ᠯᠠᠮᠠ ᠨᠠᠷ ᠤ᠋ᠨ ᠭᠠᠷ ᠳᠠᠮᠵᠢᠨ ᠡᠭᠡᠯᠵᠢᠯᠡᠭᠰᠡᠭᠡᠷ ᠪᠠᠢᠯ᠎ᠠ᠃ ᠺᠠᠢᠪ ᠵᠦᠮᠨᠧᠢ ᠶ᠋ᠢᠨ ᠲᠠᠶᠢᠭ ᠠ᠋ᠴᠠ ᠡᠬᠢᠯᠡᠭᠡᠳ ᠪᠠᠷᠠᠮᠢᠳ ᠤ᠋ᠳ᠂ ᠮᠠᠳᠢᠶᠠᠮᠤᠭᠠᠮ᠂ ᠠᠪᠢᠳᠠᠷᠮ᠎ᠠ ᠶ᠋ᠢᠨ ᠶᠣᠰᠣ᠂ ᠸᠢᠨᠠᠢ᠂ ᠲᠠᠷᠨᠢ ᠂ ᠸᠢᠨᠱᠠᠨᠣ ᠶ᠋ᠢᠨ ᠢᠯᠭᠠᠯ ᠶᠣᠰᠣ ᠶ᠋ᠢ ᠰᠤᠳᠤᠯᠤᠨ ᠥᠩᠭᠡᠷᠡᠯ᠎ᠡ᠃ ᠠᠯᠲᠠᠨᠭᠡᠷᠡᠯ᠂ ᠪᠠᠳᠮᠠᠬᠠᠲᠠᠨ᠂ ᠵᠠᠳᠠᠮᠪᠠ ᠰᠤᠳᠤᠷ ᠤ᠋ᠳ ᠢ᠋ ᠴᠡᠭᠡᠵᠢᠯᠡᠨ ᠳᠠᠭᠤᠰᠬᠠᠵᠤ᠂ ᠭᠦᠷᠢᠮ ᠦ᠋ᠨ ᠨᠣᠮ ᠢ᠋ ᠦᠵᠡᠪᠡ᠃ ᠳᠡᠭᠡᠷ᠎ᠡ ᠨᠢ ᠪᠠᠰᠠ ᠪᠣᠳᠢ ᠵᠦᠭ ᠦ᠋ᠨ ᠭᠤᠴᠢᠨ ᠬᠣᠶᠠᠷ ᠨᠣᠮ ᠢ᠋ ᠴᠦ᠍ ᠵᠠᠪ ᠵᠠᠢ ᠳ᠋ᠠᠭᠠᠨ ᠦᠵᠡᠯ᠎ᠡ᠃ ᠰᠠᠨᠰᠺᠷᠢᠲ᠂ ᠪᠠᠮᠭᠠᠯ᠂ ᠰᠢᠡᠭ᠌ᠭᠠᠯ᠂ ᠲᠥᠪᠡᠳ ᠬᠡᠯᠡ ᠶ᠋ᠢ ᠤᠷᠤᠯᠳᠤᠨ ᠨᠣᠮ ᠤ᠋ᠨ ᠳᠠᠭᠤᠳᠠᠯᠭ᠎ᠠ ᠪᠠᠷ ᠰᠤᠷᠪᠠ᠃ ᠲᠥᠪᠡᠳ ᠬᠡᠯᠡ ᠶ᠋ᠢ ᠪᠣᠯ ᠥᠪᠡᠷ ᠦ᠋ᠨ ᠲᠥᠷᠥᠯᠬᠢ ᠮᠣᠩᠭᠣᠯ ᠬᠡᠯᠡᠨ ᠡᠴᠡ ᠳᠤᠲᠠᠬᠤ ᠦᠭᠡᠢ ᠡᠵᠡᠮᠰᠢᠯ᠎ᠡ᠃ ᠰᠦᠮ᠎ᠡ ᠬᠡᠢᠳ ᠦ᠋ᠨ ᠨᠢᠭᠡᠨ ᠵᠢᠭᠳᠡ ᠶ᠋ᠢᠨ ᠰᠣᠨᠢᠷᠬᠠᠯ ᠦᠭᠡᠢ ᠠᠮᠢᠳᠤᠷᠠᠯ ᠡᠳᠦᠷ ᠰᠠᠷ᠎ᠠ᠂ ᠵᠢᠯ ᠢ᠋ᠶ᠋ᠡᠷ ᠡᠭᠡᠯᠵᠢᠯᠡᠨ ᠴᠢᠮᠡᠭᠡ ᠦᠭᠡᠢᠬᠡᠨ ᠤᠷᠤᠰᠤᠨ ᠥᠩᠭᠡᠷᠡᠵᠦ ᠪᠠᠢᠯ᠎ᠠ᠃ ᠨᠢᠳᠤᠨᠤᠨ ᠪᠣᠯᠤᠭᠰᠠᠨ ᠶᠠᠪᠤᠳᠠᠯ ᠡᠨᠡ ᠵᠢᠯ ᠳᠠᠪᠲᠠᠭᠳᠠᠭᠰᠠᠭᠠᠷ ᠁ 
       ᠰᠦᠷᠦᠭ ᠦ᠋ᠨ ᠳᠣᠲᠣᠷ᠎ᠠ ᠰᠡᠲᠡᠷ ᠵᠡᠭᠦᠵᠦ ᠠᠮᠢ ᠪᠠᠨ ᠳᠠᠷᠬᠠᠯᠠᠭᠤᠯᠤᠭᠰᠠᠨ ᠰᠡᠷᠬᠡ ᠢᠮᠠᠭ᠎ᠠ ᠰᠢᠭ᠋ ᠰᠠᠨᠵᠢ ᠵᠢᠡᠭ᠌ᠳᠠᠭᠠᠨ ᠤ᠋ ᠬᠢᠨ ᠳᠣᠲᠣᠷ᠎ᠠ ᠪᠠᠨ ᠶᠡᠬᠡ ᠶᠠᠭᠤᠮ᠎ᠠ ᠮᠡᠳᠡᠳᠡᠭ᠂ ᠤᠬᠠᠭᠠᠯᠢᠭ᠂ ᠲᠥᠯᠥᠪ ᠬᠥᠮᠦᠨ ᠭᠡᠭᠳᠡᠵᠦ ᠲᠦᠪᠦᠢᠨ ᠮᠠᠭᠲᠠᠭᠳᠠᠬᠤ ᠪᠣᠯᠤᠯ᠎ᠠ᠃ 
       ᠨᠤᠲᠤᠭ ᠠ᠋ᠴᠠ ᠨᠢ ᠬᠥᠮᠦᠰ ᠠᠯᠠᠱᠠ ᠳ᠋ᠤ᠌ ᠭᠠᠷᠤᠭᠰᠠᠨ ᠬᠦᠢ ᠬᠦᠢ ᠶ᠋ᠢᠨ ᠪᠣᠰᠤᠯᠭ᠎ᠠ ᠠ᠋ᠴᠠ ᠪᠣᠯᠵᠤ ᠢᠷᠡᠬᠦ ᠪᠡᠨ ᠪᠣᠯᠢᠵᠠᠢ᠃ ᠪᠦᠬᠡᠮᠠᠩᠯᠠᠢ ᠲᠥᠪᠡᠳ ᠦ᠋ᠨ ᠴᠡᠷᠢᠭ ᠡᠴᠡ ᠤᠷᠭᠤᠵᠤ ᠠᠭᠤᠯᠠ ᠶ᠋ᠢᠨ ᠳᠡᠭᠡᠷᠡᠮᠴᠢᠨ ᠪᠣᠯᠤᠭᠰᠠᠨ ᠰᠤᠷᠠᠭ ᠭᠠᠷᠴᠠᠢ᠃ ᠤᠳᠬᠤᠨ ᠬᠡᠦᠬᠡᠨ ᠦ᠌ ᠳᠦᠷᠢ ᠰᠠᠨᠵᠢ ᠳ᠋ᠤ᠌ ᠦᠶ᠎ᠡ ᠦᠶ᠎ᠡ ᠬᠠᠷᠠᠭᠳᠠᠬᠤ ᠪᠣᠯᠪᠠᠴᠤ ᠳᠠᠬᠢᠨ ᠮᠥᠷᠭᠥᠯ ᠬᠢᠬᠦ ᠪᠡᠷ ᠢᠷᠡᠭᠰᠡᠨ ᠦᠭᠡᠢ᠃ ᠰᠣᠨᠢᠷᠬᠠᠯ ᠦᠭᠡᠢ ᠨᠢᠭᠡᠨ ᠬᠡᠪ ᠦ᠋ᠨ ᠵᠢᠷᠭᠤᠭᠠᠨ ᠵᠢᠯ ᠳᠠᠬᠢᠭᠠᠳ ᠥᠩᠭᠡᠷᠡᠪᠡ᠃ ᠨᠤᠲᠤᠭ ᠣᠷᠣᠨ ᠠ᠋ᠴᠠ ᠪᠠᠨ ᠪᠦᠷᠢᠨ ᠲᠠᠰᠤᠷᠠᠵᠤ ᠲᠥᠪᠡᠳ ᠠᠮᠢᠳᠤᠷᠠᠯ ᠳ᠋ᠤ᠌ ᠳᠠᠰᠤᠭᠠᠳ ᠪᠠᠷᠤᠭ ᠯᠠ ᠮᠣᠩᠭᠣᠯ ᠲᠥᠷᠬᠦ ᠪᠡᠨ ᠬᠡᠭᠡᠯ᠎ᠡ᠃