ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 4 > Хөх зул – Боржигон Ванжал –"Тав ᠂ Таван хошуу малын бүлэг " 4
ᠲᠠᠪᠤ ᠂ ᠲᠠᠪᠤᠨ ᠬᠣᠰᠢᠭᠤ ᠮᠠᠯ ᠤᠨ ᠪᠦᠯᠦᠭ – 4
ᠲᠡᠮᠡᠭᠡᠨ ᠦ ᠨᠠᠰᠤ ᠰᠢᠳᠦᠨ ᠦ ᠨᠡᠷᠡᠢᠳᠦᠯ Тэмээний нас шүдний нэрэйдэл
ᠲᠡᠮᠡᠭᠡ
ᠨᠢᠷᠤᠭᠤᠨ ᠳ᠋ᠠᠭᠠᠨ ᠨᠢᠭᠡ ᠪᠤᠶᠤ ᠬᠣᠶᠠᠷ ᠪᠥᠬᠦᠲᠡᠢ ᠂ ᠪᠡᠶ᠎ᠡ ᠨᠢ ᠥᠨᠳᠥᠷ ᠂ ᠬᠦᠵᠦᠭᠦᠦ ᠨᠢ ᠤᠷᠲᠤ ᠭᠣᠬᠢᠭᠠᠷ ᠬᠡᠪᠢᠯᠭᠡᠲᠡᠢ ᠪᠤᠲᠠ ᠂ ᠲᠠᠪᠤᠨ ᠬᠣᠰᠢᠭᠤ ᠮᠠᠯ ᠤ᠋ᠨ ᠳᠣᠲᠣᠷᠠᠬᠢ ᠪᠤᠲᠠ ᠶ᠋ᠢᠨ ᠨᠢᠭᠡ ᠲᠥᠷᠥᠯ᠃
ᠲᠡᠮᠡᠭᠡ ᠪᠤᠢᠯᠠᠬᠤ
ᠪᠣᠲᠣᠭᠣ ᠪᠤᠶᠤ ᠢᠵᠢᠯᠢ ᠪᠡᠨ ᠮᠥᠷᠥᠭᠡᠳᠴᠦ ᠥᠨᠳᠥᠷ ᠤᠷᠲᠤ ᠳᠠᠭᠤ ᠪᠠᠷ ᠤᠶᠠᠩᠭᠠᠲᠠᠢ ᠳᠤᠤᠭᠠᠷᠬᠤ᠃
ᠲᠡᠮᠡᠭᠡ ᠣᠷᠢᠯᠠᠬᠤ
ᠨᠣᠬᠠᠢ ᠰᠢᠭ᠋ ᠬᠠᠪ ᠬᠠᠪ ᠭᠡᠵᠦ ᠳᠤᠤᠭᠠᠷᠤᠨ ᠰᠡᠪᠡᠰᠦ ᠪᠡᠨ ᠰᠠᠴᠤᠬᠤ᠃
ᠲᠡᠮᠡᠭᠡ ᠪᠤᠢᠯᠠᠯᠠᠬᠤ
ᠲᠡᠮᠡᠭᠡᠨ ᠦ᠌ ᠬᠠᠮᠠᠷ ᠤ᠋ᠨ ᠪᠠᠭᠠᠨ᠎ᠠ ᠳ᠋ᠤ᠌ ᠬᠥᠨᠳᠡᠯᠡᠨ ᠮᠣᠳᠣ ᠵᠡᠭᠦᠯᠭᠡᠬᠦ᠃
ᠲᠡᠮᠡᠭᠡ ᠳᠡᠭᠡᠰᠦᠯᠡᠬᠦ
ᠲᠡᠮᠡᠭᠡ ᠶ᠋ᠢ ᠨᠣᠣᠰᠣᠯᠠᠬᠤ ᠪᠤᠶᠤ ᠥᠲᠥᠯᠡᠬᠦ ᠭᠡᠵᠦ ᠬᠣᠶᠠᠷ ᠬᠥᠮᠦᠨ ᠤᠷᠲᠤ ᠳᠡᠭᠡᠰᠦᠨ ᠦ᠌ ᠦᠵᠦᠭᠦᠷ ᠡᠴᠡ ᠪᠠᠷᠢᠵᠤ ᠲᠡᠮᠡᠭᠡ ᠪᠡᠨ ᠣᠷᠢᠶᠠᠵᠤ ᠠᠪᠬᠤ ᠶ᠋ᠢ ᠳᠡᠭᠡᠰᠦᠯᠡᠬᠦ ᠭᠡᠨ᠎ᠡ᠃
ᠲᠡᠮᠡᠭᠡ ᠥᠳᠥᠯᠭᠦ
ᠰᠢᠷᠬᠠᠲᠤᠨ ᠥᠲᠥᠭᠰᠡᠨ ᠲᠡᠮᠡᠭᠡᠨ ᠦ᠌ ᠥᠳᠥ ᠶ᠋ᠢ ᠨᠢ ᠠᠷᠢᠯᠭᠠᠨ ᠴᠡᠪᠡᠷᠯᠡᠵᠦ ᠡᠮᠨᠡᠬᠦ᠃
ᠲᠡᠮᠡᠭᠡ ᠨᠣᠣᠰᠣᠯᠠᠬᠤ
ᠲᠡᠮᠡᠭᠡᠨ ᠦ᠌ ᠦᠰᠦ ᠨᠣᠣᠰᠣ ᠨᠢ ᠬᠥᠭᠡᠷᠴᠦ ᠬᠥᠭᠯᠡᠷᠡᠵᠦ ᠢᠷᠡᠬᠦ ᠳ᠋ᠦ᠍ ᠂ ᠲᠡᠭᠦᠬᠦ ᠪᠤᠶᠤ ᠵᠤᠮᠠᠭᠠᠨ ( ᠵᠣᠯᠭᠠᠵᠤ ) ᠠᠪᠬᠤ ᠶ᠋ᠢ ᠬᠡᠯᠡᠨ᠎ᠡ᠃
ᠲᠡᠮᠡᠭᠡ ᠬᠤᠵᠢᠷᠯᠠᠬᠤ
ᠬᠤᠵᠢᠷ ᠲᠠᠢ ᠭᠠᠵᠠᠷ ᠲᠡᠮᠡᠭᠡ ᠪᠡᠨ ᠠᠪᠠᠴᠢᠵᠤ ᠳᠣᠯᠢᠶᠠᠯᠭᠠᠬᠤ ᠪᠤᠶᠤ ᠡᠰᠡᠬᠦᠯ᠎ᠡ ᠬᠤᠵᠢᠷ᠂ ᠳᠠᠪᠤᠰᠤ ᠣᠯᠵᠤ ᠢᠷᠡᠵᠦ ᠢᠳᠡᠭᠦᠯᠬᠦ᠃
ᠲᠡᠮᠡᠭᠡ ᠰᠤᠷᠭᠠᠬᠤ
ᠲᠡᠮᠡᠭᠡᠨ ᠳ᠋ᠦ᠍ ᠣᠨᠣᠯᠭ᠎ᠠ᠂ ᠠᠴᠢᠶᠠᠯᠭᠠ ᠮᠡᠳᠡᠭᠦᠯᠬᠦ᠃
ᠲᠡᠮᠡᠭᠡ ᠬᠠᠮᠤᠬᠤ
ᠲᠡᠮᠡᠭᠡ ᠡᠮᠦᠨ᠎ᠡ ᠬᠥᠯ ᠢ᠋ᠶ᠋ᠡᠷ ᠢ᠋ᠶ᠋ᠡᠨ ᠠᠯᠠᠭᠠᠳᠠᠨ ᠴᠡᠭᠡᠵᠢᠨ ᠳᠣᠣᠷ᠎ᠠ ᠪᠠᠨ ᠣᠷᠣᠭᠤᠯᠬᠤ ᠶ᠋ᠢ ᠬᠡᠯᠡᠨ᠎ᠡ᠃
ᠲᠡᠮᠡᠭᠡ ᠲᠡᠢᠷᠬᠦ
ᠬᠣᠢᠲᠤ ᠬᠥᠯ ᠢ᠋ᠶ᠋ᠡᠷ ᠢ᠋ᠶ᠋ᠡᠨ ᠬᠣᠢᠰᠢ ᠢᠰᠬᠦᠯᠬᠦ᠃
ᠲᠡᠮᠡᠭᠡ ᠲᠤᠢᠯᠠᠬᠤ
ᠤᠨᠠᠭᠰᠠᠨ ᠬᠥᠮᠦᠨ ᠢ᠋ᠶ᠋ᠡᠨ ᠪᠤᠶᠤ ᠠᠴᠢᠭᠰᠠᠨ ᠠᠴᠢᠶ᠎ᠠ ᠪᠠᠨ ᠤᠨᠠᠭᠠᠬᠤ ᠪᠠᠷ ᠦᠰᠦᠷᠴᠦ ᠬᠠᠷᠠᠢᠯᠠᠬᠤ᠃
ᠲᠡᠮᠡᠭᠡ ᠲᠠᠪᠠᠭᠴᠢᠯᠠᠬᠤ
ᠡᠮᠨᠢᠭ ᠲᠡᠮᠡᠭᠡ ᠶ᠋ᠢ ᠰᠤᠷᠭᠠᠬᠤ ᠶ᠋ᠢᠨ ᠲᠤᠯᠠ ᠪᠤᠷᠤᠭᠤ ᠲᠠᠯ᠎ᠠ ᠶ᠋ᠢᠨ ᠤᠷᠲᠤ ᠪᠡᠷᠪᠡᠬᠡᠢ ᠪᠡᠷ ᠳᠡᠭᠡᠰᠦᠯᠡᠨ ᠠᠪᠴᠤ ᠨᠢᠷᠤᠭᠤᠨ ᠳᠡᠭᠡᠭᠦᠷ ᠨᠢ ᠭᠠᠷᠭᠠᠨ ᠵᠥᠪ ᠲᠠᠯ᠎ᠠ ᠠ᠋ᠴᠠ ᠨᠢ ᠲᠡᠳᠡᠨ ᠰᠥᠭᠥᠳᠬᠡᠬᠦ ᠳ᠋ᠦ᠍ ᠪᠡᠯᠡᠳᠬᠡᠭᠰᠡᠨ ᠳᠡᠭᠡᠰᠦ᠃
ᠲᠡᠮᠡᠭᠡ ᠬᠣᠮᠨᠣᠬᠤ
ᠠᠴᠢᠶ᠎ᠠ ᠠᠴᠢᠬᠤ ᠪᠠᠷ ᠵᠣᠬᠢᠶᠠᠭᠰᠠᠨ ᠬᠣᠮ ᠢ᠋ᠶ᠋ᠠᠨ ᠲᠡᠮᠡᠭᠡᠨ ᠦ᠌ ᠨᠢᠷᠤᠭᠤᠨ ᠳ᠋ᠤ᠌ ᠲᠠᠭᠠᠷᠠᠭᠤᠯᠵᠤ ᠤᠶᠠᠬᠤ ᠶ᠋ᠢ ᠬᠡᠯᠡᠨ᠎ᠡ᠃
ᠲᠡᠮᠡᠭᠡ ᠠᠴᠢᠶᠠᠯᠠᠬᠤ
ᠬᠣᠮ ᠲᠠᠢ ᠲᠡᠮᠡᠭᠡᠨ ᠳᠡᠭᠡᠷ᠎ᠡ ᠪᠡᠨ ᠠᠴᠢᠬᠤ ᠶᠠᠭᠤᠮ᠎ᠠ ᠪᠠᠨ ᠲᠡᠩᠴᠡᠭᠦᠯᠦᠨ ᠲᠡᠭᠡᠭᠡᠬᠦ᠃
ᠲᠡᠮᠡᠭᠡ ᠲᠣᠬᠣᠰᠢᠯᠠᠬᠤ
ᠲᠡᠮᠡᠭᠡ ᠶ᠋ᠢ ᠤᠨᠤᠬᠤ ᠶ᠋ᠢᠨ ᠲᠥᠯᠥᠭᠡ ᠪᠡᠯᠡᠳᠬᠡᠭᠰᠡᠨ ᠲᠡᠮᠡᠭᠡᠨ ᠦ᠌ ᠳᠤᠬᠤᠰᠢ ( ᠡᠮᠡᠭᠡᠯ ) ᠢ᠋ ᠲᠣᠬᠣᠬᠤ ᠶ᠋ᠢ ᠬᠡᠯᠡᠨ᠎ᠡ᠃
ᠲᠡᠮᠡᠭᠡ ᠰᠠᠯᠬᠢᠳᠠᠬᠤ
ᠲᠡᠮᠡᠭᠡ ᠨᠠᠮᠤᠷ ᠰᠠᠯᠬᠢ ᠪᠠᠷᠢᠨ ᠰᠥᠷᠦᠨ ᠶᠠᠪᠤᠬᠤ᠃
ᠲᠡᠮᠡᠭᠡ ᠬᠦᠷᠢᠶᠡᠯᠡᠬᠦ
7 .8 ᠰᠠᠷ᠎ᠠ ᠪᠣᠯᠬᠤ ᠳ᠋ᠤ᠌ ᠲᠡᠮᠡᠭᠡ ᠭᠠᠭᠴᠠ ᠬᠣᠶᠠᠷ ᠢ᠋ᠶ᠋ᠠᠷ ᠢ᠋ᠶ᠋ᠠᠨ ᠪᠤᠲᠠᠷᠠᠵᠤ ᠶᠠᠪᠤᠬᠤ ᠪᠠᠨ ᠪᠠᠢᠵᠤ ᠰᠦᠷᠦᠭ ᠢ᠋ᠶ᠋ᠡᠷ ᠢ᠋ᠶ᠋ᠡᠨ ᠨᠢᠭᠡᠨ ᠪᠥᠭᠡᠮ ᠶᠠᠪᠤᠬᠤ ᠶ᠋ᠢ ᠬᠡᠯᠡᠨ᠎ᠡ᠃
ᠲᠡᠮᠡᠭᠡᠨ ᠭᠥᠷᠥᠭᠡᠰᠦ
ᠬᠣᠶᠠᠷ ᠪᠥᠬᠦᠲᠡᠢ ᠵᠡᠷᠯᠢᠭ ᠲᠡᠮᠡᠭᠡ ᠂ ᠬᠠᠪᠲᠠᠭᠠᠢ ᠴᠤ᠌ ᠭᠡᠳᠡᠭ ᠃ ᠮᠠᠰᠢ ᠬᠣᠪᠣᠷᠳᠠᠵᠤ ᠪᠠᠢᠭ᠎ᠠ ᠠᠮᠢᠲᠠᠨ᠃
ᠮᠠᠨᠢᠨ ᠲᠡᠮᠡᠭᠡ ᠰᠠᠭᠠᠷᠮᠠᠭ ᠲᠡᠮᠡᠭᠡ ᠃
ᠪᠣᠲᠣᠭᠣ
ᠲᠡᠮᠡᠭᠡᠨ ᠦ᠌ ᠲᠤᠰ ᠵᠢᠯ ᠦ᠋ᠨ ᠲᠥᠯ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃
ᠡᠷ᠎ᠡ ᠪᠣᠲᠣᠭᠣ
ᠲᠡᠮᠡᠭᠡᠨ ᠦ᠌ ᠲᠤᠰ ᠵᠢᠯ ᠦ᠋ᠨ ᠡᠷ᠎ᠡ ᠬᠦᠢᠰᠦᠨ ᠦ᠌ ᠲᠥᠯ᠃
ᠥᠬᠢᠨ ᠪᠣᠲᠣᠭᠣ
ᠲᠡᠮᠡᠭᠡᠨ ᠦ᠌ ᠲᠤᠰ ᠵᠢᠯ ᠦ᠋ᠨ ᠡᠮ᠎ᠡ ᠬᠦᠢᠰᠦᠨ ᠦ᠌ ᠲᠥᠯ᠃
ᠤᠤᠭᠠᠨ ᠪᠣᠲᠣᠭᠣ
ᠬᠠᠮᠤᠭ ᠠᠩᠬᠠᠨ ᠤ᠋ ᠭᠠᠷᠤᠭᠰᠠᠨ ᠪᠣᠲᠣᠭᠣ᠃
ᠪᠣᠲᠣᠭᠣ ᠲᠠᠢ ᠢᠩᠭᠡ
ᠪᠣᠲᠣᠭᠣ ᠳᠠᠭᠠᠭᠤᠯᠵᠤ ᠪᠦᠬᠦᠢ ᠢᠩᠭᠡ ᠪᠠ ᠢᠩᠭᠡ ᠨᠦ᠍ᠭᠦᠳ᠃
ᠪᠣᠲᠣᠭᠣᠯᠠᠬᠤ
ᠢᠩᠭᠡ ᠲᠥᠯᠯᠡᠬᠦ ᠶ᠋ᠢ ᠪᠣᠲᠣᠭᠣᠯᠠᠬᠤ ᠭᠡᠳᠡᠭ ᠃ ᠬᠠᠷᠢᠨ ᠲᠥᠷᠥᠨ᠎ᠡ ᠭᠡᠳᠡᠭ ᠦᠭᠡᠢ᠃
ᠰᠠᠷᠪᠠᠭᠠᠨ ᠲᠣᠷᠣᠮ
ᠨᠢᠯᠬ᠎ᠠ ᠪᠣᠲᠣᠭᠣ ᠪᠢᠰᠢ ᠂ ᠬᠠᠷᠢᠨ ᠲᠥᠯᠵᠢᠨ ᠳᠡᠪᠡᠭᠡᠷᠡᠵᠦ ᠪᠡᠶ᠎ᠡ ᠴᠢᠩᠭᠠᠷᠠᠭᠰᠠᠨ ᠠ᠋ᠴᠠ ᠡᠬᠢᠯᠡᠨ ᠳᠠᠷᠠᠭ᠎ᠠ ᠵᠢᠯ ᠦ᠋ᠨ ᠣᠢ ᠳ᠋ᠠᠭᠠᠨ ᠬᠦᠷᠦᠭᠡᠳᠦᠢ ᠪᠦᠳᠦᠭᠦᠷᠡᠭᠰᠡᠨ ᠪᠣᠲᠣᠭᠣ ᠶ᠋ᠢ ᠬᠡᠯᠡᠨ᠎ᠡ ᠃ 1 ᠨᠠᠰᠤᠲᠠᠢ ᠂ ᠪᠠᠰᠠ ᠳ᠋ᠠᠭᠠᠨ ᠲᠣᠷᠣᠮ ᠭᠡᠳᠡᠭ ᠬᠡᠯᠡᠳᠡᠭ ᠭᠠᠵᠠᠷ ᠴᠤ᠌ ᠪᠣᠢ᠃
ᠲᠣᠷᠣᠮ 2 ᠨᠠᠰᠤᠲᠠᠢ ᠲᠡᠮᠡᠭᠡ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃
ᠡᠷ᠎ᠡ ᠲᠣᠷᠣᠮ 2 ᠨᠠᠰᠤᠲᠠᠢ ᠡᠷ᠎ᠡ ᠬᠦᠢᠰᠦᠨ ᠦ᠌ ᠲᠡᠮᠡᠭᠡ᠃
ᠥᠬᠢᠨ ᠲᠣᠷᠣᠮ 2 ᠨᠠᠰᠤᠲᠠᠢ ᠡᠮ᠎ᠡ ᠬᠦᠢᠰᠦᠨ ᠦ᠌ ᠲᠡᠮᠡᠭᠡ᠃
ᠲᠤᠷᠤᠮᠤᠨ ᠭᠤᠨᠵᠢ ᠲᠣᠷᠣᠮ ᠳ᠋ᠠᠭᠠᠨ ᠪᠤᠤᠷᠠᠨ ᠳ᠋ᠤ᠌ ᠰᠠᠭᠤᠵᠤ᠂ ᠭᠤᠨᠵᠢᠨ ᠳ᠋ᠠᠭᠠᠨ ᠪᠣᠲᠣᠭᠣᠯᠠᠭᠰᠠᠨ ᠢᠩᠭᠡ᠃
ᠰᠢᠷ᠎ᠠ ᠰᠢᠯᠪᠢ ᠲᠣᠷᠣᠮ ᠢ᠋ ᠠᠯᠠᠱᠠ ᠳ᠋ᠤ᠌ ᠰᠢᠷ᠎ᠠ ᠰᠢᠯᠪᠢ ᠭᠡᠳᠡᠭ᠃
ᠭᠤᠷᠪᠠᠲᠤ
3 ᠨᠠᠰᠤᠲᠠᠢ ᠲᠡᠮᠡᠭᠡ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃ ᠵᠠᠷᠢᠮ ᠭᠠᠵᠠᠷ ᠪᠠᠰᠠ ᠰᠤᠷᠭ᠎ᠠ ( ᠰᠤᠷᠭᠠᠬᠤ ᠨᠠᠰᠤ ) ᠭᠡᠵᠦ ᠬᠡᠯᠡᠳᠡᠭ ᠴᠦ᠍ ᠪᠣᠢ᠃
ᠭᠤᠨᠠᠨ ᠲᠡᠮᠡᠭᠡ 3 ᠨᠠᠰᠤᠲᠠᠢ ᠡᠷ᠎ᠡ ᠬᠦᠢᠰᠦᠨ ᠦ᠌ ᠲᠡᠮᠡᠭᠡ᠃
ᠭᠤᠨᠵᠢᠨ ᠲᠡᠮᠡᠭᠡ 3 ᠨᠠᠰᠤᠲᠠᠢ ᠡᠮ᠎ᠡ ᠬᠦᠢᠰᠦᠨ ᠦ᠌ ᠲᠡᠮᠡᠭᠡ᠃
ᠪᠠᠭᠠᠴᠤᠳ ᠲᠡᠮᠡᠭᠡ
ᠪᠠᠭ᠎ᠠ ᠨᠠᠰᠤᠨ ᠤ᠋ ᠲᠡᠮᠡᠭᠡ ᠶ᠋ᠢ ᠡᠵᠡᠨ᠎ᠡ ᠳ᠋ᠦ᠍ ᠪᠠᠭᠠᠴᠤᠳ ᠲᠡᠮᠡᠭᠡ ᠪᠤᠶᠤ ᠥᠷᠢᠰ ᠲᠡᠮᠡᠭᠡ ᠭᠡᠳᠡᠭ᠃
ᠳᠥᠷᠪᠡᠲᠦ
4 ᠨᠠᠰᠤᠲᠠᠢ ᠲᠡᠮᠡᠭᠡ ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃
ᠳᠥᠨᠡᠨ ᠲᠡᠮᠡᠭᠡ
4 ᠨᠠᠰᠤᠲᠠᠢ ᠡᠷ᠎ᠡ ᠬᠦᠢᠰᠦᠨ ᠦ᠌ ᠲᠡᠮᠡᠭᠡ᠃
ᠳᠦᠨᠵᠢᠨ ᠲᠡᠮᠡᠭᠡ 4 ᠨᠠᠰᠤᠲᠠᠢ ᠡᠮ᠎ᠡ ᠬᠦᠢᠰᠦᠨ ᠦ᠌ ᠲᠡᠮᠡᠭᠡ ᠃
ᠰᠤᠷᠭ᠎ᠠ ᠶ᠋ᠢᠨ ᠠᠬ᠎ᠠ
ᠳᠥᠨᠡᠨ ᠢ᠋ ᠵᠠᠷᠢᠮ ᠭᠠᠵᠠᠷ ᠪᠠᠰᠠ ᠰᠤᠷᠭ᠎ᠠ ᠶ᠋ᠢᠨ ᠠᠬ᠎ᠠ ᠭᠡᠳᠡᠭ ᠃
ᠲᠠᠢᠯᠤᠭ
ᠲᠠᠢᠯᠤᠭ ᠭᠡᠭᠴᠢ ᠤᠷᠢᠶ᠎ᠠ ᠲᠠᠢ ᠠᠳᠠᠯᠢ ᠤᠳᠬ᠎ᠠ ᠲᠠᠢ ᠃ ᠬᠡᠵᠢᠶ᠎ᠡ ᠠᠭᠲᠠᠯᠠᠭᠳᠠᠪᠠᠯ ᠲᠡᠳᠦᠢ ᠳ᠋ᠦ᠍ ᠲᠠᠢᠯᠤᠭ ᠨᠡᠷ᠎ᠡ ᠪᠡᠨ ᠬᠠᠰᠤᠭᠤᠯᠳᠠᠭ ᠃ ᠲᠡᠮᠡᠭᠡ ᠶ᠋ᠢ 4 ᠂ 5 ᠨᠠᠰᠤᠨ᠎ᠠ ᠠᠭᠲᠠᠯᠠᠳᠠᠭ ᠪᠣᠯᠬᠣᠷ 3 ᠠ᠋ᠴᠠ 5 ᠨᠠᠰᠤᠨ ᠤ᠋ ᠬᠣᠭᠣᠷᠣᠨᠳᠣᠬᠢ ᠵᠠᠰᠠᠭ᠎ᠠ ᠦᠭᠡᠢ ᠲᠡᠮᠡᠭᠡ ᠭᠡᠵᠦ ᠪᠣᠯᠤᠨ᠎ᠠ ᠃
ᠪᠢᠲᠡᠭᠦᠦ ᠰᠢᠳᠦᠲᠡᠢ ᠲᠠᠢᠯᠤᠭ ᠰᠢᠲᠦ ᠨᠢ ᠭᠠᠷᠤᠭ᠎ᠠ ᠦᠭᠡᠢ ᠲᠠᠢᠯᠤᠭ ᠃
ᠪᠤᠤᠷᠠᠨ ᠲᠠᠢᠯᠤᠭ ᠪᠤᠤᠷ᠎ᠠ ᠲᠠᠯᠪᠢᠬᠤ ᠪᠠᠷ ᠪᠡᠯᠡᠳᠬᠡᠵᠦ ᠪᠣᠢ ᠲᠠᠢᠯᠤᠭ ᠃
ᠵᠠᠰᠠᠮᠠᠯ
ᠬᠠᠭᠠᠷᠢᠮᠠᠯ ᠂ ᠡᠰᠬᠡᠯ ᠂ ᠨᠣᠢᠲᠤᠨ ᠮᠣᠷᠢ ᠭᠡᠰᠡᠨ ᠲᠡᠢ ᠠᠳᠠᠯᠢ ᠂ ᠰᠠᠢᠬᠠᠨ ᠵᠠᠰᠠᠭᠰᠠᠨ ᠳᠡᠢᠯᠦᠭ ( ᠡᠨᠳᠡ ) ᠃
ᠠᠳᠠ
5 ᠨᠠᠰᠤᠨ ᠠ᠋ᠴᠠ ᠳᠡᠭᠡᠭᠰᠢᠬᠢ ᠵᠠᠰᠠᠭᠰᠠᠨ ᠲᠡᠮᠡᠭᠡ ᠂ 5 ᠠ᠋ᠴᠠ ᠡᠮᠦᠨ᠎ᠡ ᠠᠳᠠᠯᠠᠭᠰᠠᠨ ᠢ᠋ ᠪᠠᠭᠠᠴᠤᠤᠯ ᠠᠳᠠ ᠭᠡᠨ᠎ᠡ ᠃
ᠤᠨᠤᠭᠠᠷᠢ ᠶ᠋ᠢᠨ ᠠᠳᠠ ᠵᠥᠪᠬᠡᠨ ᠤᠨᠤᠬᠤ ᠳ᠋ᠤ᠌ ᠵᠣᠷᠢᠭᠤᠯᠤᠭᠰᠠᠨ ᠡᠨᠳᠡ᠃
ᠵᠢᠩ ᠦ᠋ᠨ ᠡᠨᠳᠡ
ᠠᠴᠢᠶ᠎ᠠ ᠲᠡᠭᠡᠭᠡᠪᠦᠷᠢ ᠳ᠋ᠦ᠍ ᠵᠣᠷᠢᠭᠤᠯᠤᠭᠰᠠᠨ ᠡᠨᠳᠡ ᠂ ᠪᠠᠰᠠ ᠯᠤᠤᠭᠠᠷ ᠤ᠋ᠨ ᠲᠡᠮᠡᠭᠡ ᠴᠦ᠍ ᠭᠡᠳᠡᠭ ᠃
ᠢᠩᠭᠡ 5 ᠨᠠᠰᠤᠨ ᠠ᠋ᠴᠠ ᠳᠡᠭᠡᠭᠰᠢᠬᠢ ᠡᠮ᠎ᠡ ᠬᠦᠢᠰᠦᠨ ᠦ᠌ ᠲᠡᠮᠡᠭᠡ ᠃
ᠬᠠᠶᠠᠮᠠᠯ ᠢᠩᠭᠡ ᠪᠤᠤᠷᠠᠨ ᠳ᠋ᠤ᠌ ᠰᠠᠭᠤᠵᠤ ᠬᠡᠭᠡᠯ ᠠᠪᠤᠭᠰᠠᠨ ᠢᠩᠭᠡ ᠃
ᠰᠤᠪᠠᠢ ᠢᠩᠭᠡ ᠬᠡᠭᠡᠯ ᠠᠪᠤᠭᠰᠠᠨ ᠦᠭᠡᠢ ᠢᠩᠭᠡ ᠃
ᠬᠥᠬᠥᠯ ᠢᠩᠭᠡ ᠰᠦ ᠨᠢ ᠬᠤᠵᠢᠷᠠᠭᠠᠳᠤᠢ ᠬᠥᠬᠥᠭᠦᠯᠵᠦ ᠪᠣᠢ ᠢᠩᠭᠡ ᠃
ᠠᠯᠳᠠᠭᠤᠯ ᠢᠩᠭᠡ ᠠᠯᠳᠠᠭᠳᠠᠵᠤ ᠢᠷᠡᠨ ᠰᠦᠷᠦᠭ ᠲᠦ᠍ ᠢᠵᠢᠯᠢᠰᠢᠭᠰᠡᠨ ᠢᠩᠭᠡ᠃
ᠭᠣᠯᠣᠩᠬᠠᠢ ᠢᠩᠭᠡ ᠪᠣᠲᠣᠭᠣᠨ ᠳ᠋ᠠᠭᠠᠨ ᠠᠮᠠᠷᠠᠭ ᠦᠭᠡᠢ ᠢᠩᠭᠡ᠃
ᠪᠣᠲᠣᠭᠣᠯᠠᠬᠤ ᠢᠩᠭᠡ ᠲᠥᠯᠯᠡᠬᠦ ᠢᠩᠭᠡ᠃
ᠬᠠᠢᠮᠠᠯ ᠢᠩᠭᠡ ᠪᠣᠲᠣᠭᠣᠯᠠᠬᠤ ᠣᠢᠷᠠᠲᠤᠭᠰᠠᠨ ᠢᠩᠭᠡ᠃
ᠪᠤᠤᠷ᠎ᠠ 5 ᠨᠠᠰᠤᠨ ᠠ᠋ᠴᠠ ᠳᠡᠭᠡᠭᠰᠢᠬᠢ ᠵᠠᠰᠠᠭᠰᠠᠨ ᠦᠭᠡᠢ ᠡᠷ᠎ᠡ ᠬᠦᠢᠰᠦᠨ ᠦ᠌ ᠲᠡᠮᠡᠭᠡ᠃
ᠪᠤᠤᠷ᠎ᠠ ᠵᠡᠯᠪᠡᠯᠡᠬᠦ ᠣᠷᠣᠭᠠᠯᠠᠬᠤ ᠰᠢᠨᠵᠢ ᠡᠬᠢᠯᠡᠵᠦ ᠢᠯᠡᠷᠡᠬᠦ ᠪᠠᠢᠳᠠᠯ ᠃
ᠪᠤᠤᠷ᠎ᠠ ᠲᠣᠮᠣᠭᠣᠯᠠᠬᠤ
ᠣᠷᠣᠭ᠎ᠠ ᠣᠷᠣᠭᠰᠠᠨ ᠪᠤᠤᠷ᠎ᠠ ᠶ᠋ᠢ ᠬᠠᠵᠠᠬᠤ ᠠ᠋ᠴᠠ ᠰᠡᠷᠭᠡᠢᠯᠡᠨ ᠠᠮᠠᠨ ᠳ᠋ᠤ᠌ ᠨᠢ ᠴᠢᠩᠭ᠎ᠠ ᠨᠣᠭᠲᠣ ᠲᠠᠭᠠᠷᠠᠭᠤᠯᠬᠤ ᠃
ᠪᠤᠤᠷ᠎ᠠ ᠪᠠᠷ ᠰᠣᠷᠢᠬᠤ
ᠢᠩᠭᠡᠨ ᠦ᠌ ᠬᠡᠭᠡᠯ ᠠᠪᠤᠭᠰᠠᠨ ᠡᠰᠡᠬᠦ ᠶ᠋ᠢ ᠪᠤᠤᠷ᠎ᠠ ᠳᠠᠭᠠᠭᠤᠯᠵᠤ ᠲᠤᠷᠰᠢᠬᠤ ᠃
ᠣᠷᠣᠭᠰᠠᠨ ᠪᠤᠤᠷ᠎ᠠ ᠣᠷᠣᠭ᠎ᠠ ᠨᠢ ᠣᠷᠣᠭᠰᠠᠨ ᠪᠤᠤᠷ᠎ᠠ ᠃
ᠳᠠᠷᠤᠭᠠᠰᠤᠲᠠᠢ ᠪᠤᠤᠷ᠎ᠠ
ᠬᠥᠮᠦᠨ ᠠᠮᠢᠲᠠᠨ ᠢ᠋ ᠬᠠᠵᠠᠵᠤ ᠤᠷᠠᠬᠤ ᠠ᠋ᠴᠠ ᠪᠣᠯᠭᠣᠮᠵᠢᠯᠠᠨ ᠲᠣᠯᠣᠭᠠᠢ ᠶ᠋ᠢ ᠨᠢ ᠪᠤᠷᠠᠨᠲᠠᠭ ᠢ᠋ᠶ᠋ᠠᠷ ᠨᠢ ᠡᠪᠦᠳᠦᠭ ᠲᠦ᠍ ᠨᠢ ᠣᠢᠷᠠᠲᠤᠭᠤᠯᠵᠤ ᠤᠶᠠᠭᠰᠠᠨ ᠃
ᠲᠤᠭ ᠲᠠᠢ ᠪᠤᠤᠷ᠎ᠠ
ᠣᠷᠣᠭ᠎ᠠ ᠨᠢ ᠣᠷᠣᠵᠤ ᠭᠠᠯᠵᠠᠭᠤᠷᠠᠭᠰᠠᠨ ᠮᠡᠲᠦ ᠪᠣᠯᠤᠨ ᠦᠵᠡᠭᠰᠡᠨ ᠂ ᠲᠤᠰᠢᠶᠠᠭᠰᠠᠨ ᠶᠠᠭᠤᠮ᠎ᠠ ᠶ᠋ᠢ ᠬᠠᠵᠠᠬᠤ : ᠳᠠᠷᠤᠬᠤ ᠪᠣᠯᠤᠭᠰᠠᠨ ᠳ᠋ᠤ᠌ ᠪᠦᠬᠦᠨ ᠳ᠋ᠦ᠍ᠨᠢ ᠲᠤᠭ ᠤᠶᠠᠵᠤ ᠂ ᠣᠢᠷᠠᠳᠤᠭᠰᠠᠳ ᠲᠤ᠌ ᠠᠶᠤᠮᠰᠢᠭᠲᠠᠢ ᠭᠡᠵᠦ ᠮᠡᠳᠡᠭᠦᠯᠬᠦ ᠲᠡᠮᠳᠡᠭ ᠃
