ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 3 > Хөх зул – Боржигон Ванжал –"Тав ᠂ Таван хошуу малын бүлэг " 3 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 3 > Хөх зул – Боржигон Ванжал –"Тав ᠂ Таван хошуу малын бүлэг " 3

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 3 > Хөх зул – Боржигон Ванжал –"Тав ᠂ Таван хошуу малын бүлэг " 3

ᠠᠩᠭᠢᠯᠠᠯ:ᠵᠠᠩ ᠦᠢᠯᠡ
2023-12-11

256

ᠲᠠᠪᠤ ᠂ ᠲᠠᠪᠤᠨ ᠬᠣᠰᠢᠭᠤ ᠮᠠᠯ ᠤᠨ ᠪᠦᠯᠦᠭ – 3

ᠦᠬᠡᠷ ᠦᠨ ᠨᠠᠰᠤ ᠰᠢᠳᠦᠨ ᠦ ᠨᠡᠷᠡᠢᠳᠦᠯ Үхрийн нас шүдний нэрэйдэл


ᠦᠬᠡᠷ    
       ᠲᠤᠭᠤᠯᠮᠠᠢᠲᠤ ᠡᠪᠡᠷᠳᠡᠢ᠂ ᠰᠠᠯᠪᠠᠭ ᠲᠤᠭᠤᠷᠠᠢᠲᠠᠢ᠂ ᠤᠷᠲᠤ ᠰᠡᠭᠦᠯᠲᠡᠢ᠂ ᠲᠠᠪᠤᠨ ᠬᠣᠰᠢᠭᠤ ᠮᠠᠯ ᠤ᠋ᠨ ᠳᠣᠲᠣᠷᠠᠬᠢ ᠪᠤᠲᠠ ᠶ᠋ᠢᠨ ᠨᠢᠭᠡ ᠲᠥᠷᠥᠯ᠃ 
ᠦᠬᠡᠷ ᠮᠥᠭᠡᠷᠡᠬᠦ   
       ᠦᠬᠡᠷ ᠢᠵᠢᠯᠢ ᠪᠡᠨ ᠮᠥᠷᠥᠭᠡᠳᠦᠨ ᠥᠨᠳᠥᠷ ᠳᠠᠭᠤ ᠪᠠᠷ ᠳᠤᠤᠭᠠᠷᠬᠤ᠃ 
ᠦᠬᠡᠷ ᠤᠳᠠᠬᠤ   
       ᠦᠬᠡᠷ ᠲᠥᠯ ᠪᠠ ᠢᠵᠢᠯᠢ ᠪᠡᠨ ᠪᠣᠭᠣᠨᠢ ᠳᠠᠭᠤ ᠪᠠᠷ ᠳᠠᠭᠤᠳᠠᠬᠤ ᠳᠠᠭᠤ᠃ 
ᠦᠬᠡᠷ ᠡᠪᠡᠷᠵᠢᠯᠡᠬᠦ   
       ᠪᠠᠷᠢᠶ᠎ᠠ ᠪᠠᠷ ᠦᠬᠡᠷ ᠢ᠋ ᠡᠪᠡᠷ ᠢ᠋ᠶ᠋ᠡᠷ ᠤᠶᠠᠵᠤ ᠠᠪᠬᠤ᠃ 
ᠦᠬᠡᠷ ᠳᠥᠷᠥᠯᠡᠬᠦ   
       ᠦᠬᠡᠷ ᠦ᠋ᠨ ᠬᠠᠮᠠᠷ ᠤ᠋ᠨ ᠲᠤᠯᠭᠤᠷ ᠢ᠋ ᠴᠤᠭᠤᠯᠤᠨ ᠣᠭᠣᠰᠣᠷᠯᠠᠬᠤ᠃ 
ᠦᠬᠡᠷ ᠬᠥᠯᠬᠦ    
       ᠦᠬᠡᠷ ᠢ᠋ ᠲᠡᠷᠭᠡ ᠪᠤᠶᠤ ᠠᠨᠵᠢᠰᠤᠨ ᠳ᠋ᠤ᠌ ᠣᠷᠣᠭᠤᠯᠬᠤ᠃ 
ᠦᠬᠡᠷ ᠰᠢᠬᠠᠬᠤ   
       ᠢᠳᠡᠰᠢᠨ ᠳ᠋ᠦ᠍ ᠬᠡᠷᠡᠭᠯᠡᠬᠦ ᠦᠬᠡᠷ ᠢ᠋ ᠣᠨᠴᠠᠯᠠᠨ ᠲᠡᠵᠢᠭᠡᠬᠦ᠂ ᠪᠣᠷᠳᠣᠬᠤ᠃ 
ᠦᠬᠡᠷ ᠲᠡᠷᠭᠡ  
       ᠦᠬᠡᠷ ᠬᠥᠯᠵᠦ ᠶᠠᠭᠤᠮ᠎ᠠ ᠠᠴᠢᠬᠤ ᠲᠡᠷᠭᠡ᠃ 
ᠲᠤᠭᠤᠯ      
       ᠲᠤᠰ ᠵᠢᠯ ᠦ᠋ᠨ ᠦᠬᠡᠷ ᠦ᠋ᠨ ᠲᠥᠯ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃ 
ᠡᠷ᠎ᠡ ᠲᠤᠭᠤᠯ   
       ᠲᠤᠰ ᠵᠢᠯ ᠦ᠋ᠨ ᠡᠷ᠎ᠡ ᠬᠦᠢᠰᠦᠨ ᠦ᠌ ᠲᠥᠯ᠃ 
ᠥᠬᠢᠨ ᠲᠤᠭᠤᠯ   
       ᠲᠤᠰ ᠵᠢᠯ ᠦ᠋ᠨ ᠡᠮ᠎ᠡ ᠬᠦᠢᠰᠦᠨ ᠦ᠌ ᠲᠥᠯ᠃ 
ᠬᠡᠨᠵᠡ ᠲᠤᠭᠤᠯ  
       ᠣᠷᠣᠢ ᠨᠠᠮᠤᠷ ᠭᠠᠷᠤᠭᠰᠠᠨ ᠲᠤᠭᠤᠯ᠃ 
ᠭᠥᠭᠡᠢ  
       ᠡᠪᠦᠯ ᠲᠥᠷᠥᠭᠰᠡᠨ ᠲᠥᠯ᠃ ᠡᠭᠦᠨ ᠢ᠋ ᠪᠠᠷᠤᠭ ᠪᠤᠲᠠ ᠶ᠋ᠢᠨ ᠲᠥᠯ ᠳᠡᠭᠡᠷ᠎ᠡ ᠳᠡᠢᠯᠦᠩᠭᠢ ᠬᠡᠯᠡᠳᠡᠭ᠃ 
ᠳᠠᠬᠤᠯᠠᠢ ᠲᠤᠭᠤᠯ     
       ᠬᠠᠪᠤᠷ ᠡᠷᠲᠡ ᠭᠠᠷᠤᠭᠰᠠᠨ ᠲᠤᠭᠤᠯ᠃ ᠡᠭᠦᠨ ᠢ᠋ ᠶᠡᠬᠡ ᠲᠥᠯᠥᠪ ᠪᠤᠲᠠ ᠮᠠᠯ ᠤ᠋ᠨ ᠲᠥᠯ ᠳᠡᠭᠡᠷ᠎ᠡ ᠬᠡᠯᠡᠳᠡᠭ᠃ 
ᠬᠠᠪᠴᠢ ᠲᠤᠭᠤᠯ    
       ᠵᠢᠯ ᠵᠠᠪᠰᠠᠷ ᠲᠤ᠌ ᠭᠠᠷᠤᠭᠰᠠᠨ ᠲᠤᠭᠤᠯ᠃ 
ᠤᠤᠭᠠᠨ ᠲᠤᠭᠤᠯ   
       ᠬᠠᠮᠤᠭ ᠲᠦᠷᠦᠭᠦᠨ ᠳ᠋ᠦ᠍ ᠭᠠᠷᠤᠭᠰᠠᠨ ᠲᠤᠭᠤᠯ᠃ 
ᠥᠨᠥᠴᠢᠨ ᠲᠤᠭᠤᠯ   
       ᠡᠬᠡ ᠦᠭᠡᠢ ᠬᠣᠴᠣᠷᠤᠭᠰᠠᠨ ᠲᠤᠭᠤᠯ᠃ 
ᠲᠤᠭᠤᠯᠯᠠᠬᠤ     
       ᠦᠨᠢᠶ᠎ᠡ ᠲᠥᠯᠯᠡᠬᠦ ᠶ᠋ᠢ ᠲᠤᠭᠤᠯᠯᠠᠬᠤ ᠭᠡᠨ᠎ᠡ᠃ ᠬᠠᠷᠢᠨ ᠦᠨᠢᠶ᠎ᠡ ᠲᠥᠷᠥᠨ᠎ᠡ ᠭᠡᠵᠦ ᠬᠡᠯᠡᠳᠡᠭ ᠦᠭᠡᠢ᠃ 
ᠪᠣᠭᠣᠯᠲᠣᠷᠭ᠎ᠠ    
       ᠨᠢᠯᠬ᠎ᠠ ᠲᠤᠭᠤᠯ ᠪᠢᠰᠢ᠂ ᠲᠥᠯᠵᠢᠨ ᠳᠡᠪᠡᠭᠡᠷᠡᠵᠦ ᠪᠡᠶ᠎ᠡ ᠨᠢ ᠴᠢᠩᠭᠠᠷᠠᠭᠰᠠᠨ ᠪᠣᠯᠪᠠᠴᠤ ᠣᠢ ᠳ᠋ᠠᠭᠠᠨ ᠬᠦᠷᠦᠭᠡᠳᠦᠢ ᠲᠤᠭᠤᠯ᠃ ᠪᠠᠰᠠ ᠲᠦᠨᠲᠦᠭᠡᠷ ᠭᠡᠵᠦ ᠬᠥᠭᠡᠷᠦᠰᠢᠶᠡᠵᠦ ᠬᠡᠯᠡᠳᠡᠭ ᠭᠠᠵᠠᠷ ᠪᠣᠢ ᠃1 ᠨᠠᠰᠤᠲᠠᠢ ᠦᠬᠡᠷ᠃  
ᠪᠢᠷᠠᠭᠤ    
       2 ᠨᠠᠰᠤᠲᠠᠢ ᠦᠬᠡᠷ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃ 
ᠡᠷ᠎ᠡ ᠪᠢᠷᠠᠭᠤ   
       2 ᠨᠠᠰᠤᠲᠠᠢ ᠡᠷ᠎ᠡ ᠬᠦᠢᠰᠦᠨ ᠦ᠌ ᠦᠬᠡᠷ᠃ 
ᠥᠬᠢᠨ ᠪᠢᠷᠠᠭᠤ  
       2 ᠨᠠᠰᠤᠲᠠᠢ ᠡᠮ᠎ᠡ ᠬᠦᠢᠰᠦᠨ ᠦ᠌ ᠦᠬᠡᠷ᠃ 
ᠨᠣᠭᠣᠭᠠᠨ ᠤ᠋ ᠪᠢᠷᠠᠭᠤ    
       ᠬᠣᠢᠲᠤᠨ ᠬᠠᠪᠤᠷ ᠤ᠋ᠨ ᠬᠢᠨᠢ ᠨᠣᠭᠣᠭᠠᠨ ᠳ᠋ᠤ᠌ ᠴᠠᠳᠴᠤ ᠲᠡᠩᠬᠡᠷᠡᠬᠦ ᠪᠣᠭᠣᠯᠲᠣᠷᠭ᠎ᠠ ᠶ᠋ᠢᠨ ᠨᠡᠷ᠎ᠡ : ᠪᠢᠷᠠᠭᠤ ᠪᠣᠯᠬᠤ ᠭᠡᠵᠦ ᠪᠠᠢᠭ᠎ᠠ ᠦᠶ᠎ᠡ ᠶ᠋ᠢᠨ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷ᠎ᠡ᠃ 
ᠨᠣᠭᠣᠭᠠᠨ ᠤ᠋ ᠡᠷ᠎ᠡ ᠪᠢᠷᠠᠭᠤ    
       ᠨᠣᠭᠣᠭᠠᠨ ᠳ᠋ᠤ᠌ ᠴᠠᠳᠤᠭᠰᠠᠨ ᠡᠷ᠎ᠡ ᠪᠢᠷᠠᠭᠤ᠃ 
ᠨᠣᠭᠣᠭᠠᠨ ᠤ᠋ ᠥᠬᠢᠨ ᠪᠢᠷᠠᠭᠤ  
       ᠨᠣᠭᠣᠭᠠᠨ ᠳ᠋ᠤ᠌ ᠴᠠᠳᠤᠭᠰᠠᠨ ᠥᠬᠢᠨ ᠪᠢᠷᠠᠭᠤ᠃ 
ᠬᠤᠰᠠᠷᠠᠩ ᠪᠠᠷᠠᠭᠤ     
       ᠰᠤᠪᠠᠢᠷᠠᠭᠰᠠᠨ ᠡᠬᠡ ᠪᠡᠨ ᠪᠢᠷᠠᠭᠤ ᠪᠣᠯᠴᠢᠬᠠᠭᠠᠳ ᠪᠠᠰᠠ ᠬᠥᠬᠥᠵᠦ ᠪᠣᠢ ᠶ᠋ᠢ ᠬᠡᠯᠡᠨ᠎ᠡ᠃ 
ᠢᠰᠦᠯ ᠬᠥᠬᠥᠭᠰᠡᠨ ᠪᠢᠷᠠᠭᠤ   
       ᠬᠤᠰᠠᠷ᠎ᠠ ᠬᠥᠬᠥᠭᠰᠡᠨ ᠪᠢᠷᠠᠭᠤ ᠶ᠋ᠢ ᠴᠠᠬᠠᠷ᠂ ᠰᠢᠯᠢ ᠶ᠋ᠢᠨ ᠭᠣᠣᠯ ᠳ᠋ᠤ᠌ ᠢᠰᠦᠯ ᠬᠥᠬᠥᠭᠰᠡᠨ ᠪᠢᠷᠠᠭᠤ ᠭᠡᠵᠦ ᠬᠡᠯᠡᠳᠡᠭ ᠭᠠᠵᠠᠷ ᠪᠣᠢ᠃ ᠡᠨᠡ ᠨᠢ ᠵᠢᠯ ᠥᠨᠵᠢᠲᠡᠯ᠎ᠡ ᠰᠦ ᠬᠥᠬᠥᠭᠰᠡᠨ ᠭᠡᠰᠡᠨ ᠰᠠᠨᠠᠭᠠᠲᠠᠢ᠃ 
ᠪᠤᠬᠠᠨ ᠪᠢᠷᠠᠭᠤ     
       ᠪᠤᠬ᠎ᠠ ᠲᠠᠯᠪᠢᠭᠰᠠᠨ ᠴᠠᠭᠠᠯᠠᠭ᠎ᠠ ᠦᠭᠡᠢ ᠪᠢᠷᠠᠭᠤ᠃ 
ᠪᠤᠬᠠᠨᠳᠠᠢ   
       ᠪᠤᠬᠠᠨ ᠪᠢᠷᠠᠭᠤ ᠶ᠋ᠢᠨ ᠬᠥᠭᠡᠷᠦᠰᠢᠶᠡᠯ᠃ 
ᠡᠪᠦᠭᠡᠨ ᠪᠢᠷᠠᠭᠤ   
       ᠰᠢᠳᠦᠯᠡᠬᠦ ᠰᠢᠬᠠᠭᠰᠠᠨ ᠪᠢᠷᠠᠭᠤ᠃ ᠪᠢᠷᠠᠭᠤᠨ ᠭᠤᠨᠵᠢ ᠪᠢᠷᠠᠭᠤᠨ ᠳ᠋ᠠᠭᠠᠨ ᠪᠤᠬᠠᠨ ᠳ᠋ᠤ᠌ ᠭᠠᠷᠴᠤ ᠰᠢᠳᠦᠯᠡᠩ ᠳ᠋ᠡᠭᠡᠨ ᠲᠤᠭᠤᠯᠯᠠᠭᠰᠠᠨ ᠢ ᠬᠡᠯᠡᠨ᠎ᠡ᠃ 
ᠰᠢᠳᠦᠯᠡᠩ   
       3 ᠨᠠᠰᠤᠲᠠᠢ ᠦᠬᠡᠷ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 2 ᠬᠠᠯᠪᠠᠭᠠᠳᠠᠢ (ᠰᠢᠳᠦᠲᠡᠢ ) ᠃ 
ᠡᠷ᠎ᠡ ᠰᠢᠳᠦᠯᠡᠩ    
       3 ᠨᠠᠰᠤᠲᠠᠢ ᠡᠷ᠎ᠡ ᠦᠬᠡᠷ᠃ 
ᠥᠬᠢᠨ ᠰᠢᠳᠦᠯᠡᠩ   
       3 ᠨᠠᠰᠤᠲᠠᠢ ᠡᠮ᠎ᠡ ᠦᠬᠡᠷ᠃  
ᠭᠤᠨ᠎ᠠ   
       ①  3 ᠨᠠᠰᠤᠲᠠᠢ ᠡᠷ᠎ᠡ ᠦᠬᠡᠷ ᠂ ᠡᠨᠡ ᠪᠣᠯ 3 ᠨᠠᠰᠤᠲᠠᠢ ᠦᠬᠡᠷ ᠦ᠋ᠨ ᠣᠨᠣᠭᠠᠭᠰᠠᠨ ᠨᠡᠷ᠎ᠡ᠃ 
       ②  ᠪᠠᠭ᠎ᠠ ᠨᠠᠰᠤᠨ ᠤ᠋ ᠦᠬᠡᠷ ᠭᠡᠰᠡᠨ ᠤᠳᠬ᠎ᠠ ᠲᠠᠢ᠃ ᠵᠢᠱ᠌ᠢᠶᠡᠯᠡᠪᠡᠯ ᠄ ᠬᠢᠵᠠᠭᠠᠯᠠᠩ ᠭᠤᠨ᠎ᠠ᠂ ᠰᠣᠶᠣᠭᠠᠯᠠᠩ ᠭᠤᠨ᠎ᠠ ᠭᠡᠬᠦ ᠮᠡᠲᠦ ᠣᠨᠣᠪᠴᠢ ᠮᠠᠭᠤᠲᠠᠢ ᠬᠠᠯᠭᠤᠤ ᠬᠡᠯᠡᠯᠭᠡ᠃ 
ᠬᠣᠣᠰ ᠤ᠋ᠨ ᠭᠤᠨ᠎ᠠ    
       ᠠᠭᠠᠯᠵᠢᠨ ᠲᠡᠷᠭᠡᠨ ᠦ᠌ ᠠᠷᠠᠯ ᠤ᠋ᠨ ᠦᠬᠡᠷ ᠦ᠋ᠨ ᠪᠤᠷᠤᠭᠤ ᠲᠠᠯ᠎ᠠ ᠳ᠋ᠤ᠌ ᠬᠠᠪᠰᠤᠷᠭᠠᠨ ᠬᠥᠯᠯᠡᠭᠰᠡᠨ ᠪᠠᠭ᠎ᠠ ᠨᠠᠰᠤᠨ ᠤ᠋ ᠦᠬᠡᠷ ᠃ ᠬᠠᠰᠢᠷᠠᠭ        ᠪᠤᠷᠢᠶᠠᠳ ᠲᠤ᠌ ᠡᠷ᠎ᠡ ᠰᠢᠳᠦᠯᠡᠩ ᠦᠬᠡᠷ ᠢ᠋ ᠬᠠᠰᠢᠷᠠᠭ ᠭᠡᠳᠡᠭ᠃ 
ᠭᠤᠨᠵᠢ   
       ①  3 ᠨᠠᠰᠤᠨ ᠤ᠋ ᠡᠮ᠎ᠡ ᠦᠬᠡᠷ ᠃ 
       ②  《ᠭᠤᠨ᠎ᠠ 》 ᠶ᠋ᠢᠨ ᠰᠢᠭ  《ᠵᠠᠯᠠᠭᠤ ᠨᠠᠰᠤᠨ ᠤ᠋ ᠦᠨᠢᠶᠡᠳ 》ᠭᠡᠰᠡᠨ ᠰᠢᠯᠵᠢᠭᠰᠡᠨ ᠤᠳᠬ᠎ᠠ  ᠲᠠᠢ᠃ 
ᠬᠢᠵᠠᠭᠠᠯᠠᠩ    
       4 ᠨᠠᠰᠤᠲᠠᠢ ᠦᠬᠡᠷ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 4 ᠬᠠᠯᠪᠠᠭᠠᠳᠠᠢ ( ᠰᠢᠳᠦᠲᠡᠢ ) ᠃ 
ᠡᠷ᠎ᠡ ᠬᠢᠵᠠᠭᠠᠯᠠᠩ    
       4 ᠨᠠᠰᠤᠲᠠᠢ ᠡᠷ᠎ᠡ ᠦᠬᠡᠷ ᠃ 4 ᠬᠠᠯᠪᠠᠭᠠᠲᠠᠢ᠃ 
ᠡᠮ᠎ᠡ ᠬᠢᠵᠠᠭᠠᠯᠠᠩ   
       4 ᠨᠠᠰᠤᠲᠠᠢ ᠡᠮ᠎ᠡ ᠦᠬᠡᠷ᠃ 4 ᠬᠠᠯᠪᠠᠭᠠᠲᠠᠢ᠃ 
ᠳᠥᠨ᠎ᠡ   
       4 ᠨᠠᠰᠤᠲᠠᠢ ᠡᠷ᠎ᠡ ᠬᠦᠢᠰᠦᠨ ᠦ᠌ ᠦᠬᠡᠷ᠃ 
ᠳᠥᠨᠵᠢ    
       4   ᠨᠠᠰᠤᠲᠠᠢ ᠡᠮ᠎ᠡ ᠬᠦᠢᠰᠦᠨ ᠦ᠌ ᠦᠬᠡᠷ᠃ 
ᠨᠡᠮᠡᠷᠢ ᠶ᠋ᠢᠨ ᠭᠤᠨᠵᠢ   
       ᠲᠤᠭᠤᠯᠯᠠᠬᠤ ᠨᠠᠰᠤᠨ ᠤ᠋ ᠳᠥᠨᠵᠢ᠂ ᠡᠨᠡ ᠨᠢ ᠭᠤᠨᠵᠢᠨ ᠳ᠋ᠠᠭᠠᠨ ᠪᠤᠬᠠᠨ ᠳ᠋ᠤ᠌ ᠭᠠᠷᠴᠤ : ᠳᠥᠨᠵᠢᠨ ᠳ᠋ᠡᠭᠡᠨ ᠲᠤᠭᠤᠯᠯᠠᠬᠤ ᠵᠢᠮ᠎ᠡ ᠬᠠᠤᠯᠢ  ᠶ᠋ᠢ ᠲᠤᠰᠬᠠᠵᠤ ᠪᠠᠢᠨ᠎ᠠ᠃ 
ᠰᠣᠶᠣᠭᠠᠯᠠᠩ  
       5 ᠨᠠᠰᠤᠲᠠᠢ ᠦᠬᠡᠷ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠂ 6 ᠬᠠᠯᠪᠠᠭᠠᠲᠠᠢ᠃ 
ᠰᠣᠶᠣᠭᠠᠯᠠᠩ ᠭᠤᠨ᠎ᠠ ( ᠱᠠᠷ )  
       5 ᠨᠠᠰᠤᠲᠠᠢ ᠡᠷ᠎ᠡ ᠦᠬᠡᠷ᠃ 
ᠰᠣᠶᠣᠭᠠᠯᠠᠩ ᠦᠨᠢᠶ᠎ᠡ    
       5 ᠨᠠᠰᠤᠲᠠᠢ ᠡᠮ᠎ᠡ ᠦᠬᠡᠷ᠃ 
ᠭᠦᠢᠴᠡᠬᠦ ᠨᠠᠰᠤ   
       6 ᠨᠠᠰᠤᠲᠠᠢ ᠦᠬᠡᠷ ᠂ 8 ᠬᠠᠯᠪᠠᠭᠠᠳᠠᠢ ᠨᠠᠰᠤ ᠭᠦᠢᠴᠡᠭᠰᠡᠨ ᠦᠬᠡᠷ᠃ 
ᠱᠠᠷ    
       6 ᠨᠠᠰᠤᠨ ᠠ᠋ᠴᠠ ᠳᠡᠭᠡᠭᠰᠢᠬᠢ ᠡᠷ᠎ᠡ ᠦᠬᠡᠷ ᠢ᠋ ᠱᠠᠷ ᠭᠡᠨ᠎ᠡ ᠃ 5 ᠨᠠᠰᠤ ᠬᠦᠷᠲᠡᠯ᠎ᠡ ᠪᠦᠷ ᠲᠤᠰᠬᠠᠢ ᠨᠡᠷ᠎ᠡ ᠲᠡᠢ ᠲᠤᠯᠠ  6 ᠨᠠᠰᠤᠨ ᠠ᠋ᠴᠠ ᠳᠡᠭᠡᠭᠰᠢ ᠭᠡᠵᠦ ᠲᠣᠭᠲᠠᠭᠠᠯ᠎ᠠ᠃ 
ᠮᠣᠩᠭᠣᠯ ᠱᠠᠷ  
       ᠮᠣᠩᠭᠣᠯ ᠦᠬᠡᠷ ᠦ᠋ᠨ ᠤᠳᠤᠮ ᠲᠠᠢ ᠨᠠᠰᠤ ᠭᠦᠢᠴᠡᠭᠰᠡᠨ ᠡᠷ᠎ᠡ ᠬᠦᠢᠰᠦᠨ ᠦ᠌ ᠦᠬᠡᠷ᠃ 
ᠰᠠᠷᠯᠤᠭ ᠤ᠋ᠨ ᠱᠠᠷ     
       ᠰᠠᠷᠯᠤᠭ ᠦᠬᠡᠷ ᠦ᠋ᠨ ᠤᠳᠤᠮ ᠲᠠᠢ ᠨᠠᠰᠤ ᠭᠦᠢᠴᠡᠭᠰᠡᠨ ᠡᠷ᠎ᠡ ᠦᠬᠡᠷ᠃ 
ᠨᠠᠷᠠᠨ ᠬᠠᠢᠨᠤᠭ   
       ᠮᠣᠩᠭᠣᠯ ᠦᠬᠡᠷ ᠦ᠋ᠨ ᠪᠤᠬᠠᠨ ᠡᠴᠢᠭᠡ ᠲᠡᠢ ᠦᠬᠡᠷ᠃ 
ᠰᠠᠷᠠᠨ ᠬᠠᠢᠨᠤᠭ   
       ᠰᠠᠷᠯᠤᠭ ᠦᠬᠡᠷ ᠦ᠋ᠨ ᠪᠤᠬᠠᠨ ᠡᠴᠢᠭᠡ ᠲᠡᠢ ᠦᠬᠡᠷ᠃ 
ᠠᠷᠠᠯ ᠤ᠋ᠨ ᠱᠠᠷ      
       ᠲᠡᠷᠭᠡ ᠂ ᠠᠨᠵᠢᠰᠤᠨ ᠤ᠋ ᠨᠠᠰᠤ ᠭᠦᠢᠴᠡᠭᠰᠡᠨ ᠬᠥᠯᠪᠦᠷᠢ᠃ 
ᠠᠮᠪᠠᠨ ᠱᠠᠷ    
       ᠨᠠᠰᠤ ᠭᠦᠢᠴᠡᠭᠰᠡᠨ ᠮᠠᠰᠢ ᠲᠣᠮᠣ ᠡᠷ᠎ᠡ ᠬᠦᠢᠰᠦᠨ ᠦ᠌ ᠵᠠᠰᠠᠭᠰᠠᠨ ᠦᠬᠡᠷ᠃ 
ᠦᠨᠢᠶ᠎ᠡ   
       6 ᠨᠠᠰᠤᠨ ᠠ᠋ᠴᠠ ᠳᠡᠭᠡᠭᠰᠢᠬᠢ ᠡᠮ᠎ᠡ ᠬᠦᠢᠰᠦᠨ ᠦ᠌ ᠦᠬᠡᠷ ᠢ᠋ ᠵᠢᠩᠬᠢᠨᠢ ᠦᠨᠢᠶ᠎ᠡ ᠳ᠋ᠦ᠍ ᠲᠣᠭᠠᠴᠠᠨ᠎ᠠ ᠃ ᠬᠢᠵᠠᠭᠠᠯᠠᠩ ᠂ ᠰᠣᠶᠣᠭᠠᠯᠠᠩ ᠨᠠᠰᠤᠨ ᠤ᠋ ᠡᠮ᠎ᠡ ᠦᠬᠡᠷ ᠢ᠋ ᠨᠢ ᠪᠠᠭ᠎ᠠ ᠨᠠᠰᠤᠨ ᠤ᠋ ᠦᠨᠢᠶ᠎ᠡ ᠭᠡᠵᠦ ᠬᠡᠯᠡᠨ᠎ᠡ᠃ ᠵᠠᠷᠢᠮ ᠭᠠᠵᠠᠷ ᠤ᠋ᠨ ᠬᠡᠯᠡᠳᠡᠭ ᠭᠤᠨᠵᠢᠨ ᠦᠨᠢᠶ᠎ᠡ ᠪᠣᠯᠠᠢ᠃ 
ᠭᠡᠭᠡᠯᠲᠡᠢ ᠦᠨᠢᠶ᠎ᠡ     
       ᠬᠡᠭᠡᠯ ᠲᠣᠭᠲᠠᠭᠰᠠᠨ ᠦᠨᠢᠶ᠎ᠡ᠃ 
ᠰᠤᠪᠠᠢ ᠦᠨᠢᠶ᠎ᠡ    
       ᠬᠡᠭᠡᠯ ᠲᠣᠭᠲᠠᠭᠰᠠᠨ ᠦᠭᠡᠢ ᠦᠨᠢᠶ᠎ᠡ᠃ 
ᠬᠤᠰᠠᠷᠠᠩ ᠦᠨᠢᠶ᠎ᠡ    
       ᠨᠢᠳᠤᠨᠤᠨ ᠲᠤᠭᠤᠯᠯᠠᠭᠠᠳ ᠰᠤᠪᠠᠢᠷᠠᠭᠰᠠᠨ ᠴᠤ᠌ ᠰᠦ ᠨᠢ ᠬᠤᠵᠢᠷᠠᠭ᠎ᠠ ᠦᠭᠡᠢ᠂ ᠤᠤᠯ ᠤ᠋ᠨ ᠲᠤᠭᠤᠯ ᠢ᠋ᠶ᠋ᠠᠨ ᠬᠥᠬᠥᠭᠦᠯᠦᠭᠰᠡᠭᠡᠷ ᠪᠣᠢ ᠦᠨᠢᠶ᠎ᠡ᠃ ᠪᠠᠰᠠ ᠲᠤᠭᠤᠯ ᠦᠭᠡᠢ ᠱᠠᠭᠠᠮᠠᠭᠠᠢ ᠦᠨᠢᠶ᠎ᠡ ᠶ᠋ᠢ ᠮᠥᠨ ᠬᠤᠰᠠᠷᠠᠩ ᠭᠡᠳᠡᠭ᠃ 
ᠬᠥᠬᠥᠭᠦᠯ ᠦᠨᠢᠶ᠎ᠡ   
       ᠰᠦ ᠨᠢ ᠬᠤᠵᠢᠷᠠᠭ᠎ᠠ ( ᠰᠢᠷᠭᠢᠭᠡᠳᠦᠢ ) ᠦᠭᠡᠢ ᠦᠨᠢᠶ᠎ᠡ᠃ 
ᠭᠣᠯᠣᠩᠬᠠᠢ ᠦᠨᠢᠶ᠎ᠡ  
       ᠲᠤᠭᠤᠯ ᠳ᠋ᠠᠭᠠᠨ ᠠᠮᠠᠷᠠᠭ ᠦᠭᠡᠢ ᠣᠷᠬᠢᠭᠠᠳ ᠶᠠᠪᠤᠳᠠᠭ ᠦᠨᠢᠶ᠎ᠡ᠃ 
ᠰᠢᠯᠢᠷᠡᠳᠡᠭ ᠦᠨᠢᠶ᠎ᠡ    
       ᠲᠤᠭᠤᠯᠯᠠᠬᠤ ᠳ᠋ᠠᠭᠠᠨ ᠭᠠᠳᠠᠭᠰᠢ ᠬᠣᠯᠠ ᠶᠠᠪᠤᠵᠤ ᠲᠤᠭᠤᠯᠯᠠᠳᠠᠭ ᠦᠨᠢᠶ᠎ᠡ᠃ 
ᠪᠤᠬ᠎ᠠ     
       3 ᠨᠠᠰᠤᠨ ᠠ᠋ᠴᠠ ᠳᠡᠭᠡᠭᠰᠢᠬᠢ ᠵᠠᠰᠠᠭᠰᠠᠨ ᠦᠭᠡᠢ ᠡᠷ᠎ᠡ ᠬᠦᠢᠰᠦᠨ ᠦ᠌ ᠦᠬᠡᠷ᠃ 
ᠪᠢᠷᠠᠭᠤᠨ ᠪᠤᠬ᠎ᠠ     
       2 ᠨᠠᠰᠤᠲᠠᠢ ᠪᠤᠬ᠎ᠠ ᠲᠠᠯᠪᠢᠭᠰᠠᠨ ᠵᠠᠰᠠᠭᠰᠠᠨ ᠦᠭᠡᠢ ᠪᠢᠷᠠᠭᠤ᠃ 
ᠠᠰᠠᠮᠠᠨ (ᠠᠰᠠᠮᠠᠭ )  
       ᠴᠠᠭᠠᠯᠠᠬᠤ ᠳ᠋ᠤ᠌ ᠥᠷᠥᠭᠡᠰᠦᠨ ᠪᠥᠭᠡᠨᠰᠦᠭ ᠨᠢ ᠪᠠᠭᠤᠭᠠᠳᠤᠢ ᠬᠣᠴᠣᠷᠤᠭᠰᠠᠨ ᠪᠤᠶᠤ ᠡᠰᠡᠬᠦᠯ᠎ᠡ ᠬᠣᠵᠢᠮ ᠨᠢ ᠪᠥᠭᠡᠨᠰᠦᠭ ᠪᠠᠭᠤᠭᠰᠠᠨ ᠡᠷ᠎ᠡ ᠬᠦᠢᠰᠦᠨ ᠦ᠌  ᠪᠤᠬᠠᠨᠴᠢᠷ ᠦᠬᠡᠷ᠃ 
ᠨᠠᠢᠵᠠᠨ         
       ᠡᠮ᠎ᠡ ᠬᠦᠢᠰᠦᠲᠦ ᠡᠷ᠎ᠡ ᠦᠬᠡᠷ᠃ ᠰᠠᠭᠠᠷᠮᠠᠭ ᠦᠬᠡᠷ᠃