ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 1 > Хөх зул – Боржигон Ванжал –"Тав ᠂ Таван хошуу малын бүлэг " 1
ᠲᠠᠪᠤ ᠂ ᠲᠠᠪᠤᠨ ᠬᠣᠰᠢᠭᠤ ᠮᠠᠯ ᠤᠨ ᠪᠦᠯᠦᠭ – 1
ᠲᠠᠪᠤᠨ ᠬᠣᠰᠢᠭᠤ ᠮᠠᠯ ᠤᠨ ᠶᠡᠷᠦᠩᠬᠡᠢᠯᠡᠭᠰᠡᠨ ᠨᠡᠷ᠎ᠡ Таван хошуу малын ерөнхийлсөн нэр
ᠮᠠᠯ
ᠲᠠᠪᠤᠨ ᠬᠣᠰᠢᠭᠤ ᠮᠠᠯ ᠤ᠋ᠨ ᠶᠡᠷᠦᠩᠬᠡᠢᠯᠡᠭᠰᠡᠨ ᠨᠡᠷ᠎ᠡ᠃
ᠮᠠᠯ ᠠᠵᠤ ᠠᠬᠤᠢ
ᠮᠠᠯ ᠮᠠᠯᠯᠠᠬᠤ ᠪᠠᠷ ᠭᠣᠣᠯᠯᠠᠵᠤ ᠪᠦᠬᠦᠢ ᠦᠢᠯᠡᠳᠪᠦᠷᠢᠯᠡᠯ ᠦ᠋ᠨ ᠰᠢᠨᠵᠢ ᠪᠡᠷ ᠨᠢ ᠨᠡᠷᠡᠯᠡᠭᠰᠡᠨ ᠨᠡᠷ᠎ᠡ᠃
ᠮᠠᠯ ᠰᠦᠷᠦᠭ
ᠬᠣᠨᠢ ᠂ ᠢᠮᠠᠭ᠎ᠠ ᠂ ᠠᠳᠤᠭᠤ ᠂ ᠦᠬᠡᠷ ᠂ ᠲᠡᠮᠡᠭᠡ ᠃
ᠮᠠᠯ ᠤ᠋ᠨ ᠬᠠᠰᠢᠶ᠎ᠠ
ᠮᠠᠯ ᠢ᠋ ᠬᠦᠢᠲᠡᠨ ᠰᠢᠭᠤᠷᠭᠠᠨ ᠠ᠋ᠴᠠ ᠪᠣᠯᠤᠨ ᠡᠢᠰᠢ ᠲᠡᠢᠰᠢ ᠶᠠᠪᠤᠬᠤ ᠠ᠋ᠴᠠ ᠪᠣᠯᠭᠣᠮᠵᠢᠯᠠᠨ ᠪᠠᠷᠢᠭᠰᠠᠨ ᠪᠠᠷᠢᠯᠭ᠎ᠠ᠃
ᠮᠠᠯ ᠲᠥᠯᠯᠡᠬᠦ
ᠮᠠᠯ ᠤ᠋ᠨ ᠦᠷ᠎ᠡ ᠲᠥᠯ ᠢ᠋ᠶ᠋ᠡᠨ ᠭᠠᠷᠭᠠᠬᠤ᠃
ᠮᠠᠯ ᠣᠲᠣᠷᠯᠠᠬᠤ
ᠮᠠᠯ ᠢ᠋ ᠠᠯᠤᠰᠬᠠᠨ ᠪᠡᠯᠴᠢᠭᠡᠷ ᠲᠡᠢ ᠭᠠᠵᠠᠷ ᠠᠪᠠᠴᠢᠨ ᠮᠠᠯᠯᠠᠬᠤ ᠃
ᠮᠠᠯ ᠲᠡᠪᠡᠭᠡᠷᠡᠬᠦ
ᠮᠠᠭᠤᠳᠠᠭᠰᠠᠨ ᠮᠠᠯ ᠰᠠᠢᠵᠢᠷᠠᠵᠤ ᠡᠬᠢᠯᠡᠬᠦ ᠃
ᠮᠠᠯ ᠮᠠᠯᠯᠠᠭ᠎ᠠ
ᠮᠠᠯ ᠠᠳᠤᠭᠤᠯᠠᠬᠤ ᠠᠷᠭ᠎ᠠ ᠠᠵᠢᠯᠯᠠᠭ᠎ᠠ᠃
ᠮᠠᠯ ᠤ᠋ᠨ ᠲᠣᠭᠠᠯᠠᠯᠭ᠎ᠠ
ᠮᠠᠯ ᠤ᠋ᠨ ᠲᠣᠭ᠎ᠠ ᠭᠠᠷᠭᠠᠬᠤ᠃
ᠮᠠᠯ ᠤ᠋ᠨ ᠲᠡᠵᠢᠭᠡᠯ
ᠬᠠᠲᠠᠭᠰᠠᠨ ᠡᠪᠡᠰᠦ ᠂ ᠳᠠᠷᠤᠰᠢ ᠪᠤᠶᠤ ᠪᠣᠷᠳᠣᠭ᠎ᠠ ᠵᠡᠷᠭᠡ᠃
ᠮᠠᠯ ᠤ᠋ᠨ ᠪᠡᠯᠴᠢᠭᠡᠷ
ᠮᠠᠯ ᠢᠳᠡᠰᠢᠯᠡᠬᠦ ᠭᠠᠵᠠᠷ᠃
ᠮᠠᠯ ᠲᠠᠭᠤᠪᠤᠷᠢ
ᠤᠯᠤᠰ ᠤ᠋ᠨ ᠲᠠᠲᠠᠪᠤᠷᠢ ᠮᠠᠯ ᠢ᠋ ᠬᠦᠷᠭᠡᠬᠦ ᠪᠡᠷ ᠲᠠᠭᠤᠬᠤ᠃
ᠮᠠᠯ ᠤ᠋ᠨ ᠠᠰᠢᠭ ᠰᠢᠮ᠎ᠡ
ᠮᠠᠯ ᠤ᠋ᠨ ᠦᠰᠦ ᠨᠣᠣᠰᠣ᠂ ᠠᠷᠠᠰᠤ ᠰᠢᠷᠢ᠂ ᠰᠦ ᠮᠢᠬ᠎ᠠ ᠵᠡᠷᠭᠡ ᠠᠰᠢᠭᠲᠠᠢ ᠵᠦᠢᠯᠡᠰ᠃
ᠮᠠᠯ ᠡᠮᠨᠡᠯᠭᠡ ᠶ᠋ᠢᠨ ᠤᠬᠠᠭᠠᠨ
ᠮᠠᠯ ᠤ᠋ᠨ ᠡᠪᠡᠳᠴᠢᠨ ᠡᠮᠭᠡᠭ ᠢ᠋ ᠰᠡᠷᠭᠡᠢᠯᠡᠬᠦ ᠪᠠ ᠡᠮᠴᠢᠯᠡᠨ ᠵᠠᠰᠠᠬᠤ ᠲᠤᠬᠠᠢ ᠣᠨᠣᠯ ᠰᠤᠳᠤᠯᠭ᠎ᠠ᠃
ᠮᠠᠯ ᠤ᠋ᠨ ᠡᠮᠴᠢ
ᠮᠠᠯ ᠡᠮᠨᠡᠯᠭᠡ ᠶ᠋ᠢᠨ ᠤᠬᠠᠭᠠᠨ ᠳ᠋ᠤ᠌ ᠮᠡᠷᠭᠡᠵᠢᠭᠰᠡᠨ ᠬᠥᠮᠦᠨ᠃
ᠮᠠᠯ ᠡᠮᠨᠡᠯᠭᠡ
ᠮᠠᠯ ᠤ᠋ᠨ ᠡᠪᠡᠳᠴᠢᠨ ᠡᠮᠭᠡᠭ ᠢ᠋ ᠰᠡᠷᠭᠡᠢᠯᠡᠬᠦ ᠡᠮᠴᠢᠯᠡᠬᠦ ᠭᠠᠵᠠᠷ᠃
ᠮᠠᠯ ᠨᠢᠲᠤᠯᠬᠤ
ᠮᠠᠯ ᠭᠠᠷᠭᠠᠬᠤ ᠂ ᠮᠠᠯ ᠬᠢᠬᠦ ᠂ ᠮᠠᠯ ᠵᠠᠷᠤᠬᠤ ᠂ ᠮᠠᠯ ᠲᠥᠬᠥᠭᠡᠷᠬᠦ ᠂ ᠮᠠᠯ ᠠᠯᠠᠬᠤ ᠃
ᠮᠠᠯ ᠤ᠋ᠨ ᠵᠠᠬ᠎ᠠ
ᠮᠠᠯ ᠬᠤᠳᠠᠯᠳᠤᠬᠤ ᠭᠠᠵᠠᠷ᠃
ᠮᠠᠯ ᠲᠠᠷᠢᠶᠠᠯᠠᠩ ᠤ᠋ᠨ ᠠᠵᠢᠯ
ᠮᠠᠯ ᠪᠠ ᠲᠠᠷᠢᠶᠠᠯᠠᠩ ᠬᠣᠣᠰᠯᠠᠭᠰᠠᠨ ᠠᠵᠢᠯ᠃
ᠮᠠᠯ ᠮᠠᠯ ᠤ᠋ᠨ ᠵᠠᠬ᠎ᠠ ᠲᠠᠢ
ᠲᠠᠪᠤᠨ ᠬᠣᠰᠢᠭᠤ ᠮᠠᠯ ᠤ᠋ᠨ ᠠᠯᠢ ᠠᠯᠢᠨ ᠠ᠋ᠴᠠ ᠴᠤ᠌ ᠪᠠᠢᠬᠤ ᠶ᠋ᠢ ᠬᠡᠯᠡᠨ᠎ᠡ᠃
ᠲᠠᠪᠤᠨ ᠬᠣᠰᠢᠭᠤ ᠮᠠᠯ
ᠠᠳᠤᠭᠤ ᠂ ᠦᠬᠡᠷ ᠂ ᠲᠡᠮᠡᠭᠡ ᠂ ᠬᠣᠨᠢ ᠂ ᠢᠮᠠᠭ᠎ᠠ ᠵᠡᠷᠭᠡ ᠲᠠᠪᠤᠨ ᠲᠥᠷᠥᠯ ᠦ᠋ᠨ ᠮᠠᠯ ᠢ᠋ 《ᠲᠠᠪᠤᠨ ᠬᠣᠰᠢᠭᠤ ᠮᠠᠯ 》ᠭᠡᠳᠡᠭ᠃
ᠲᠠᠪᠤᠨ ᠴᠤᠯᠤ
ᠠᠭᠤᠰᠬᠢ ᠂ ᠵᠢᠷᠦᠬᠡ ᠂ ᠡᠯᠢᠭᠡ ᠂ ᠪᠥᠭᠡᠷ᠎ᠡ ᠂ ᠳᠡᠯᠢᠭᠦᠦ᠃
ᠲᠠᠪᠤ ᠳ᠋ᠤ᠌ ᠣᠷᠣᠬᠤ
ᠠᠢᠷᠠᠭ ᠤ᠋ᠨ ᠲᠠᠪᠤ ᠳ᠋ᠤ᠌ ᠣᠷᠣᠬᠤ᠃
ᠲᠠᠪᠬᠠᠯᠠᠬᠤ
ᠬᠤᠷᠠᠭ᠎ᠠ ᠬᠥᠷᠥᠪᠡᠵᠢᠵᠦ ᠰᠡᠭᠦᠯ ᠨᠢ ᠲᠠᠷᠭᠤᠯᠠᠵᠤ ᠴᠢᠩᠭᠠᠷᠠᠬᠤ᠃
ᠳᠠᠪᠬᠠᠴᠢᠯᠠᠬᠤ
ᠡᠮᠨᠢᠭ ᠲᠡᠮᠡᠭᠡ ᠶ᠋ᠢ ᠰᠤᠷᠭᠠᠬᠤ ᠶ᠋ᠢᠨ ᠲᠥᠯᠥᠭᠡ ᠪᠤᠷᠤᠭᠤᠲᠠᠢ ᠬᠠ ᠶ᠋ᠢᠨ ᠲᠠᠪᠠᠭ ᠠ᠋ᠴᠠ ᠳᠡᠭᠡᠰᠦ ᠤᠶᠠᠵᠤ ᠲᠠᠲᠠᠵᠤ ᠬᠡᠪᠲᠡᠭᠦᠯᠬᠦ ᠶ᠋ᠢ ᠬᠡᠯᠡᠨ᠎ᠡ᠃
ᠪᠤᠲᠠ ᠪᠤᠭ ᠮᠠᠯ
ᠲᠠᠪᠤᠨ ᠬᠣᠰᠢᠭᠤ ᠮᠠᠯ ᠤ᠋ᠨ ᠢ᠋ᠶ᠋ᠠᠨ ᠪᠡᠶ᠎ᠡ ᠶ᠋ᠢᠨ ᠬᠢᠨᠢ ᠲᠣᠮᠣ᠂ ᠵᠢᠵᠢᠭ ᠢ᠋ ᠦᠨᠳᠦᠰᠦᠯᠡᠨ ᠪᠤᠲᠠ᠂ ᠪᠤᠭ ᠮᠠᠯ ᠭᠡᠵᠦ ᠬᠣᠶᠠᠷ ᠬᠤᠪᠢᠶᠠᠨ ᠨᠡᠷᠡᠯᠡᠳᠡᠭ᠃
ᠪᠠᠰᠠ ᠪᠦᠳᠦᠭᠦᠨ᠂ ᠪᠠᠭ᠎ᠠ ᠮᠠᠯ ᠭᠡᠵᠦ ᠴᠦ᠍ ᠬᠣᠶᠠᠷ ᠬᠤᠪᠢᠶᠠᠨ ᠬᠡᠯᠡᠳᠡᠭ ᠃ ᠵᠢᠱ᠌ᠢᠶᠡᠯᠡᠪᠡᠯ : ᠠᠳᠤᠭᠤ ᠂ ᠦᠬᠡᠷ ᠂ ᠲᠡᠮᠡᠭᠡ ᠭᠤᠷᠪᠠ ᠶ᠋ᠢ ᠪᠤᠲᠠ ᠮᠠᠯ ᠭᠡᠵᠦ᠂ ᠬᠣᠨᠢ᠂ ᠢᠮᠠᠭ᠎ᠠ ᠬᠣᠶᠠᠷ ᠢ᠋ ᠨᠢ ᠪᠤᠭ ᠮᠠᠯ ᠭᠡᠳᠡᠭ᠃
ᠤᠷᠲᠤ ᠣᠬᠣᠷ (ᠠᠬᠤᠷ ) ᠬᠥᠯᠲᠦ ᠮᠠᠯ
ᠲᠠᠪᠤᠨ ᠬᠣᠰᠢᠭᠤ ᠮᠠᠯ ᠤ᠋ᠨ ᠢ᠋ᠶ᠋ᠠᠨ ᠭᠡᠷ ᠡᠴᠡ ᠣᠢᠷ᠎ᠠ ᠬᠣᠯᠠ ᠪᠠᠢᠬᠤ ᠪᠤᠶᠤ ᠪᠡᠯᠴᠢᠭᠡᠷᠯᠡᠳᠡᠭ ᠢ᠋ᠶ᠋ᠡᠷ ᠦᠨᠳᠦᠰᠦᠯᠡᠵᠦ ᠤᠷᠲᠤ ᠬᠥᠯᠲᠦ ᠮᠠᠯ ᠂ ᠣᠬᠣᠷ ( ᠠᠬᠤᠷ ) ᠬᠥᠯᠲᠦ ᠮᠠᠯ ᠭᠡᠵᠦ ᠬᠣᠶᠠᠷ ᠬᠤᠪᠢᠶᠠᠵᠤ ᠨᠡᠷᠡᠯᠡᠳᠡᠭ᠃ ᠠᠳᠤᠭᠤ᠂ ᠲᠡᠮᠡᠭᠡ᠂ ᠦᠬᠡᠷ ᠭᠤᠷᠪᠠ ᠤᠷᠲᠤ ᠬᠥᠯᠲᠡᠢ᠂ ᠠᠯᠤᠰ ᠪᠡᠯᠴᠢᠳᠡᠭ ᠡᠴᠡ ᠤᠷᠲᠤ ᠬᠥᠯᠲᠦ ᠮᠠᠯ ᠭᠡᠵᠦ᠂ ᠬᠣᠨᠢ᠂ ᠢᠮᠠᠭ᠎ᠠ ᠬᠣᠶᠠᠷ ᠢ᠋ ᠪᠣᠭᠣᠨᠢ ᠬᠥᠯᠲᠡᠢ ᠣᠢᠷ᠎ᠠ ᠪᠡᠯᠴᠢᠳᠡᠭ ᠡᠴᠡ ᠠᠬᠤᠷ ᠬᠥᠯᠲᠦ ᠮᠠᠯ ᠭᠡᠳᠡᠭ᠃
ᠭᠠᠷ ᠤ᠋ᠨ ᠮᠠᠯ
ᠭᠡᠷ ᠲᠦ᠍ ᠣᠢᠷ᠎ᠠ ᠪᠠᠢᠵᠤ ᠭᠠᠷ ᠦᠵᠦᠭᠦᠷ ᠵᠠᠷᠤᠭᠳᠠᠳᠠᠭ ᠪᠠ ᠡᠰᠡᠬᠦ ᠪᠡᠷ ᠦᠨᠳᠦᠰᠦᠯᠡᠵᠦ ᠪᠠᠰᠠ ᠭᠠᠷ ᠤ᠋ᠨ ᠮᠠᠯ ᠪᠠ ᠭᠠᠷ ᠤ᠋ᠨ ᠪᠤᠰᠤ ᠮᠠᠯ ᠭᠡᠵᠦ ᠬᠣᠶᠠᠷ ᠬᠤᠪᠢᠶᠠᠨ ᠨᠡᠷᠡᠯᠡᠳᠡᠭ ᠃ ᠲᠤᠬᠠᠢᠯᠠᠪᠠᠯ : ᠦᠬᠡᠷ ᠂ ᠬᠣᠨᠢ ᠂ ᠢᠮᠠᠭ᠎ᠠ ᠭᠤᠷᠪᠠ ᠶ᠋ᠢ ᠭᠡᠷ ᠣᠢᠷ᠎ᠠ ᠪᠠᠢᠵᠤ ᠦᠷᠭᠦᠯᠵᠢ ᠡᠳ᠋ᠯᠡᠭᠳᠡᠳᠡᠭ ᠡᠴᠡ ᠭᠠᠷ ᠤ᠋ᠨ ᠮᠠᠯ ᠭᠡᠵᠦ ᠂ ᠠᠳᠤᠭᠤ ᠂ ᠲᠡᠮᠡᠭᠡ ᠬᠣᠶᠠᠷ ᠢ᠋ ᠠᠯᠤᠰ ᠪᠡᠯᠴᠢᠵᠦ ᠭᠠᠷ ᠠ᠋ᠴᠠ ᠵᠠᠢᠳᠠᠭᠤ ᠪᠠᠢᠵᠤ ᠴᠥᠭᠡᠬᠡᠨ ᠡᠳᠡᠯᠡᠭᠳᠡᠳᠡᠭ ᠡᠴᠡ ᠭᠠᠷ ᠤ᠋ᠨ ᠪᠤᠰᠤ ᠮᠠᠯ ᠭᠡᠳᠡᠭ᠃
ᠠᠴᠠ ᠪᠢᠲᠡᠭᠦᠦ ᠲᠤᠭᠤᠷᠠᠢᠲᠤ ᠮᠠᠯ
《ᠲᠠᠪᠤᠨ ᠬᠣᠰᠢᠭᠤ ᠮᠠᠯ 》 ᠤ᠋ᠨ ᠢ᠋ᠶ᠋ᠠᠨ ᠬᠣᠭᠢᠰᠣ ᠪᠣᠯᠤᠨ ᠲᠤᠭᠤᠷᠠᠢ ᠶ᠋ᠢᠨ ᠠᠴᠠ ( ᠰᠠᠯᠪᠠᠭ ᠰᠠᠯᠠᠭ᠎ᠠ ) ᠂ ᠪᠢᠲᠡᠭᠦᠦ ᠶ᠋ᠢ ᠦᠨᠳᠦᠰᠦᠯᠡᠨ ᠂ ᠪᠠᠰᠠ ᠠᠴᠠ ᠪᠠ ᠪᠢᠲᠡᠭᠦᠦ ᠲᠤᠭᠤᠷᠠᠢᠲᠠᠨ ᠭᠡᠵᠦ ᠬᠣᠶᠠᠷ ᠬᠤᠪᠢᠶᠠᠳᠠᠭ ᠃ ᠵᠢᠱ᠌ᠢᠶᠡᠯᠡᠪᠡᠯ : ᠦᠬᠡᠷ ᠂ ᠲᠡᠮᠡᠭᠡ ᠂ ᠬᠣᠨᠢ ᠂ ᠢᠮᠠᠭ᠎ᠠ ᠵᠡᠷᠭᠡ ᠮᠠᠯ ᠤ᠋ᠨ ᠲᠠᠪᠠᠭ ᠪᠠ ᠬᠣᠭᠢᠰᠣ ᠨᠢ ᠪᠦᠷ ᠠᠴᠠ (ᠰᠠᠯᠪᠠᠭ ) ᠪᠣᠯᠬᠣᠷ ᠠᠴᠠ (ᠰᠠᠯᠠᠭ᠎ᠠ ) ᠲᠤᠭᠤᠷᠠᠢᠲᠤ ᠮᠠᠯ ᠭᠡᠳ ᠭᠠᠭᠴᠠ ᠬᠦ᠌ ᠠᠳᠤᠭᠤ ᠶ᠋ᠢ ᠪᠢᠲᠡᠭᠦᠦ ᠪᠦᠲᠦᠨ ᠲᠤᠭᠤᠷᠠᠢᠲᠠᠶ ᠢ᠋ᠶ᠋ᠠᠷ ᠨᠢ ᠦᠨᠳᠦᠰᠦᠯᠡᠵᠦ ᠪᠢᠲᠡᠭᠦᠦ ᠲᠤᠭᠤᠷᠠᠢᠲᠤ ᠮᠠᠯ ᠭᠡᠳᠡᠭ᠃
ᠬᠠᠯᠠᠭᠤᠨ ( ᠬᠦᠢᠲᠡᠨ ) ᠬᠣᠰᠢᠭᠤᠲᠤ ᠮᠠᠯ
《 ᠳᠠᠢᠯᠠᠯᠭ᠎ᠠ ᠶ᠋ᠢᠨ ᠳᠡᠭᠡᠳᠦ ᠰᠢᠭᠦᠰᠦ ᠂ ᠪᠠᠯᠩ ᠤ᠋ᠨ ᠮᠠᠩᠯᠠᠢ ᠮᠣᠷᠢ 》ᠭᠡᠵᠦ ᠨᠠᠢᠷ ᠨᠠᠭᠠᠳᠤᠮ ᠬᠤᠷᠢᠮ ᠬᠤᠢ ᠳ᠋ᠤ᠌ ᠮᠣᠷᠢ ᠶ᠋ᠢᠨ ᠪᠡᠯᠡᠭ᠂ ᠬᠣᠨᠢ ᠶ᠋ᠢᠨ ᠰᠢᠭᠦᠰᠦ ᠳᠡᠪᠰᠢᠭᠦᠯᠵᠦ ᠬᠥᠮᠦᠰ ᠦ᠋ᠨ ᠬᠠᠷᠢᠴᠠᠭ᠎ᠠ ᠶ᠋ᠢ ᠨᠢᠭᠲᠠᠷᠠᠭᠤᠯᠵᠤ ᠬᠡᠷᠡᠭ ᠶᠠᠪᠤᠳᠠᠯ ᠢ᠋ ᠪᠦᠲᠦᠭᠡᠳᠡᠭ ᠢ᠋ᠶ᠋ᠡᠷ ᠨᠢ 《ᠬᠠᠯᠠᠭᠤᠨ ᠬᠣᠰᠢᠭᠤᠲᠤ ᠮᠠᠯ 》ᠭᠡᠳᠡᠭ᠃ ᠲᠤᠬᠠᠢᠯᠠᠪᠠᠯ : ᠮᠣᠷᠢ ᠂ ᠬᠣᠨᠢ ᠬᠣᠶᠠᠷ ᠢ᠋ ᠬᠠᠯᠠᠭᠤᠨ ᠬᠣᠰᠢᠭᠤᠲᠤ ᠮᠠᠯ ᠭᠡᠵᠦ ᠂ ᠲᠡᠮᠡᠭᠡ ᠂ ᠦᠬᠡᠷ ᠂ ᠢᠮᠠᠭ᠎ᠠ ᠶ᠋ᠢ ᠬᠦᠢᠲᠡᠨ ᠬᠣᠰᠢᠭᠤᠲᠤ ᠮᠠᠯ ᠭᠡᠳᠡᠭ ᠠᠵᠤᠬᠤᠢ᠃
ᠲᠥᠯ
ᠮᠠᠯ᠂ ᠭᠥᠷᠦᠭᠡᠰᠦᠨ ᠦ᠌ ᠦᠷ᠎ᠡ ᠵᠤᠯᠵᠠᠭ᠎ᠠ᠂ ᠤᠨᠠᠭ᠎ᠠ᠂ ᠲᠤᠭᠤᠯ᠂ ᠪᠣᠲᠣᠭᠣ᠂ ᠬᠤᠷᠠᠭ᠎ᠠ᠂ ᠢᠰᠢᠭᠡ ᠵᠡᠷᠭᠡ ᠶ᠋ᠢ ᠶᠡᠷᠦᠩᠬᠡᠢᠯᠡᠭᠡᠳ ᠲᠥᠯ ᠭᠡᠨ᠎ᠡ᠃ ᠱᠥᠯᠥ ᠪᠡᠷ ᠴᠠᠳᠴᠤ᠂ ᠲᠥᠯ ᠢ᠋ᠶ᠋ᠡᠷ ᠪᠠᠶᠠᠵᠢᠳᠠᠭ᠃
ᠲᠥᠯ ᠠᠪᠬᠤ
ᠮᠠᠯ ᠤ᠋ᠨ ᠦᠷᠡᠵᠢᠯ ᠠᠪᠬᠤ᠃
ᠲᠥᠯ ᠰᠠᠢᠲᠠᠢ
ᠦᠷᠡᠵᠢᠯ ᠣᠯᠠᠨ ᠲᠠᠢ᠃
ᠲᠥᠯ ᠮᠠᠭᠤᠲᠠᠢ
ᠦᠷᠡᠵᠢᠯ ᠮᠠᠭᠤᠲᠠᠢ ᠃
ᠲᠥᠯ ᠲᠤᠰᠬᠤ
ᠰᠥᠨᠢ ᠮᠠᠨᠠᠵᠤ ᠂ ᠡᠳᠦᠷ ᠳᠠᠭᠠᠵᠤ ᠲᠥᠯᠯᠡᠬᠦ ᠮᠠᠯ ᠢ᠋ ᠮᠡᠨᠳᠦ ᠲᠥᠯᠯᠡᠭᠦᠯᠵᠦ ᠠᠪᠬᠤ ᠶ᠋ᠢ ᠬᠡᠯᠡᠨ᠎ᠡ ᠃
ᠲᠥᠯ ᠴᠠᠭᠠᠯᠠᠬᠤ
ᠡᠷ᠎ᠡ ᠲᠥᠯ ᠦ᠋ᠨ ᠪᠥᠭᠡᠨᠰᠦᠭ ᠢ᠋ ᠨᠢ ᠠᠪᠴᠤ ᠴᠠᠭᠠᠯᠠᠬᠤ᠃
ᠲᠥᠯ ᠢᠯᠭᠠᠬᠤ
ᠲᠥᠯ ᠢ᠋ ᠡᠬᠡ ᠡᠴᠡ ᠨᠢ ᠰᠠᠯᠭᠠᠬᠤ᠃
ᠲᠥᠯ ᠨᠡᠢᠯᠡᠭᠦᠯᠬᠦ
ᠲᠥᠯ ᠢ᠋ ᠡᠬᠡ ᠳ᠋ᠦ᠍ᠨᠢ ᠠᠭᠤᠯᠵᠠᠭᠤᠯᠬᠤ᠃
ᠲᠥᠯ ᠦ᠋ᠨ ᠰᠠᠷᠠᠪᠴᠢ ( ᠫᠧᠩ )
ᠲᠥᠯ ᠢ᠋ ᠬᠣᠷᠢᠬᠤ ᠨᠠᠪᠲᠠᠭᠠᠷ ᠪᠠᠢᠰᠢᠩ᠃
ᠬᠥᠭ
ᠬᠤᠴᠠ ᠤᠬᠤᠨ᠎ᠠ ᠶ᠋ᠢᠨ ᠭᠦᠶᠦᠬᠦ ( ᠡᠮ᠎ᠡ ᠬᠣᠨᠢ ᠂ ᠡᠮ᠎ᠡ ᠢᠮᠠᠭ᠎ᠠ ᠬᠥᠭᠡᠭᠡᠬᠦ ) ᠶ᠋ᠢ ᠬᠣᠷᠢᠭᠯᠠᠵᠤ᠂ ᠬᠦᠢ ᠶ᠋ᠢᠨ ᠡᠮᠦᠨᠡᠭᠦᠷ ᠳᠡᠭᠦᠵᠢᠯᠡᠨ ᠤᠶᠠᠬᠤ ᠬᠠᠯᠬᠠᠪᠴᠢ᠃ ᠡᠨᠡ ᠨᠢ ᠶᠠᠪᠤᠭᠠᠨ ᠳ᠋ᠠᠭᠠᠨ ᠬᠣᠨᠢ ᠢᠮᠠᠭᠠᠨ ᠤ᠋ ᠲᠥᠯᠯᠡᠬᠦ ᠬᠤᠭᠤᠴᠠᠭ᠎ᠠ ᠶ᠋ᠢ ᠵᠢᠭᠠᠬᠤ ᠨᠡᠷ᠎ᠡ ᠪᠣᠯᠵᠤᠬᠤᠢ : ᠬᠥᠭ ᠡᠴᠡ ᠡᠮᠦᠨ᠎ᠡ ᠬᠡᠳᠦ ᠲᠥᠯᠯᠡᠴᠢᠬᠡᠯᠡ᠃
ᠬᠥᠭ ᠵᠡᠭᠦᠬᠦ
ᠬᠤᠴᠠ ᠤᠬᠤᠨ᠎ᠠ ᠳ᠋ᠤ᠌ ᠬᠥᠭ ᠬᠢᠬᠦ ᠃
ᠬᠥᠭ ᠠᠯᠳᠠᠬᠤ
ᠲᠥᠯᠯᠡᠭᠦᠯᠬᠦ ᠴᠠᠭ ᠬᠤᠭᠤᠴᠠᠭ᠎ᠠ ᠠ᠋ᠴᠠ ᠵᠥᠷᠢᠴᠡᠭᠰᠡᠨ᠃
ᠬᠥᠭ ᠲᠠᠭᠠᠷᠠᠵᠠᠢ
ᠲᠣᠭᠲᠠᠭᠰᠠᠨ ᠬᠤᠭᠤᠴᠠᠭᠠᠨ ᠳ᠋ᠠᠭᠠᠨ ᠲᠥᠯᠯᠡᠵᠡᠢ᠃
ᠳᠠᠬᠤᠯᠠᠢ
① ᠡᠨᠳᠡᠭᠳᠡᠯ ᠴᠠᠯᠠᠭᠠᠢᠷᠠᠯ᠂
② ᠬᠥᠭ ᠡᠴᠡ ᠡᠮᠦᠨ᠎ᠡ ᠭᠠᠷᠤᠭᠰᠠᠨ ᠪᠤᠶᠤ ᠬᠠᠪᠤᠷ ᠡᠷᠲᠡ ᠭᠠᠷᠤᠭᠰᠠᠨ ᠲᠥᠯ ᠦ᠋ᠨ ᠨᠡᠷ᠎ᠡ᠂ ᠵᠠᠷᠢᠮ ᠭᠠᠵᠠᠷ ᠪᠠᠪᠠᠷᠠᠢ ᠴᠤ᠌ ᠭᠡᠳᠡᠭ᠃ ᠪᠠᠰᠠ ᠠᠯᠳᠠᠰᠢ ᠭᠡᠳᠡᠭ ᠴᠦ᠍ ᠪᠣᠢ᠃
ᠬᠡᠨᠵᠡ
ᠮᠠᠯ ᠤ᠋ᠨ ᠲᠥᠯ ᠵᠣᠬᠢᠬᠤ ᠬᠤᠭᠤᠴᠠᠭ᠎ᠠ ᠠ᠋ᠴᠠ ᠶᠡᠬᠡ ᠯᠡ ᠬᠣᠵᠢᠭᠤ ᠣᠷᠣᠢ ᠨᠠᠮᠤᠷᠰᠢᠵᠤ ᠭᠠᠷᠤᠭᠰᠠᠨ ᠲᠥᠯ᠃ ᠵᠠᠷᠢᠮ ᠭᠠᠵᠠᠷ ᠬᠥᠭ ᠡᠴᠡ ᠬᠣᠢᠨ᠎ᠠ ᠭᠠᠷᠤᠭᠰᠠᠨ ᠲᠥᠯ ᠭᠡᠳᠡᠭ᠃
ᠬᠡᠨᠵᠡ ᠤᠨᠠᠭ᠎ᠠ
ᠨᠠᠮᠤᠷᠰᠢᠵᠤ ᠣᠷᠣᠢ ᠭᠠᠷᠤᠭᠰᠠᠨ ᠤᠨᠠᠭ᠎ᠠ᠃
ᠬᠡᠨᠵᠡ ᠨᠣᠭᠣᠭ᠎ᠠ
ᠨᠠᠮᠤᠷᠰᠢᠵᠤ ᠣᠷᠣᠢ ᠤᠷᠭᠤᠭᠰᠠᠨ ᠨᠣᠭᠣᠭ᠎ᠠ᠃
ᠬᠡᠨᠵᠡ ᠥᠷᠥᠮ᠎ᠡ
ᠨᠠᠮᠤᠷ ᠰᠡᠷᠢᠭᠦᠨ ᠴᠠᠭ ᠲᠤ᠌ ᠬᠤᠷᠢᠶᠠᠭᠰᠠᠨ ᠥᠷᠥᠮ᠎ᠡ᠃
ᠭᠥᠭᠡᠢ
ᠡᠪᠦᠯ ᠭᠠᠷᠤᠭᠰᠠᠨ ᠲᠥᠯ ᠦ᠋ᠨ ᠨᠡᠷ᠎ᠡ᠃ ᠥᠭᠡᠷ᠎ᠡ ᠪᠡᠷ ᠬᠡᠯᠡᠪᠡᠯ᠂ ᠲᠤᠰ ᠵᠢᠯ ᠦ᠋ᠨ ᠬᠥᠭ ᠡᠴᠡ ᠨᠡᠯᠢᠶᠡᠳ ᠬᠣᠢᠨ᠎ᠠ ᠳ᠋ᠦᠩ ᠡᠪᠦᠯ ᠪᠣᠯᠬᠤ ᠳ᠋ᠤ᠌ ᠭᠠᠷᠤᠭᠰᠠᠨ ᠲᠥᠯ᠃
ᠭᠥᠭᠡᠢ ᠬᠤᠷᠠᠭ᠎ᠠ
ᠡᠪᠦᠯ ᠭᠠᠷᠤᠭᠰᠠᠨ ᠬᠤᠷᠠᠭ᠎ᠠ᠃
ᠭᠥᠭᠡᠢ ᠤᠨᠠᠭ᠎ᠠ
ᠡᠪᠦᠯ ᠭᠠᠷᠤᠭᠰᠠᠨ ᠤᠨᠠᠭ᠎ᠠ᠃
ᠬᠠᠪᠴᠢ ( ᠬᠠᠪᠴᠢᠭ )
ᠵᠢᠯ ᠵᠠᠪᠰᠠᠷ ( ᠡᠪᠦᠯ ᠦ᠋ᠨ ᠡᠴᠦᠰ 12 ᠰᠠᠷ᠎ᠠ ᠳ᠋ᠤ᠌ ᠲᠥᠷᠥᠭᠰᠡᠨ ) ᠭᠠᠷᠤᠭᠰᠠᠨ ᠲᠥᠯ᠃
ᠳᠠᠪᠵᠠ
ᠪᠡᠶ᠎ᠡ ᠨᠢ ᠪᠠᠭ᠎ᠠ᠂ ᠥᠰᠦᠯᠲᠡ ᠮᠠᠭᠤᠲᠠᠢ ᠪᠠᠭ᠎ᠠ ᠨᠠᠰᠤᠨ ᠤ᠋ ᠮᠠᠯ ᠳ᠋ᠤ᠌ ᠬᠡᠷᠡᠭᠯᠡᠬᠦ ᠨᠡᠷ᠎ᠡ᠃
ᠲᠡᠯᠡᠭᠡ
ᠬᠣᠶᠠᠷ ᠡᠬᠡ ᠶ᠋ᠢ ᠬᠥᠬᠥᠳᠡᠭ ᠲᠥᠯ : ᠲᠡᠯᠡᠭᠡ ᠬᠤᠷᠠᠭ᠎ᠠ ᠂ ᠳᠡᠯᠡᠭᠡ ᠢᠰᠢᠭᠡ ᠭᠡᠬᠦ ᠮᠡᠲᠦ᠃
ᠢᠬᠡᠷ᠎ᠡ
ᠨᠢᠭᠡ ᠤᠳᠠᠭ᠎ᠠ ᠳ᠋ᠤ᠌ ᠬᠣᠶᠠᠷ ᠢ᠋ᠶ᠋ᠠᠷ ᠲᠥᠷᠥᠭᠰᠡᠨ ᠲᠥᠯ᠃
ᠢᠬᠡᠷ᠎ᠡ ᠢᠰᠢᠭᠡ
ᠨᠢᠭᠡ ᠤᠳᠠᠭ᠎ᠠ ᠳ᠋ᠤ᠌ ᠬᠠᠮᠲᠤ ᠭᠠᠷᠤᠭᠰᠠᠨ ᠢᠮᠠᠭᠠᠨ ᠤ᠋ ᠲᠥᠯ᠃
ᠢᠬᠡᠷ᠎ᠡ ᠬᠣᠷᠣᠭ᠎ᠠ
ᠨᠢᠭᠡ ᠳᠣᠣᠷ᠎ᠠ ᠪᠠᠢᠭᠤᠯᠤᠭᠰᠠᠨ ᠬᠣᠶᠠᠷ ᠬᠣᠷᠣᠭ᠎ᠠ᠃
ᠢᠬᠡᠷ᠎ᠡ ᠶ᠋ᠢᠨ ᠲᠠᠯ᠎ᠠ
ᠢᠬᠡᠷ᠎ᠡ ᠭᠠᠷᠤᠭᠰᠠᠨ ᠬᠣᠶᠠᠷ ᠤ᠋ᠨ ᠨᠢᠭᠡ᠂ ᠪᠠᠰᠠ ᠢᠬᠡᠷ᠎ᠡ ᠶ᠋ᠢᠨ ᠥᠷᠥᠭᠡᠰᠦᠨ ᠴᠦ᠍ ᠭᠡᠳᠡᠭ᠃
ᠤᠤᠭᠠᠨ ᠲᠥᠯ
ᠬᠠᠮᠤᠭ ᠤ᠋ᠨ ᠲᠦᠷᠦᠭᠦᠨ ᠳ᠋ᠦ᠍ ᠭᠠᠷᠤᠭᠰᠠᠨ ᠲᠥᠯ ᠢ᠋ ᠤᠤᠭᠠᠨ ᠲᠥᠯ ᠭᠡᠨ᠎ᠡ᠃
ᠥᠨᠥᠴᠢᠨ
ᠡᠬᠡ ᠨᠢ ᠦᠬᠦᠵᠦ ᠬᠣᠴᠣᠷᠤᠭᠰᠠᠨ ᠲᠥᠯ᠃
ᠭᠤᠪᠰᠢᠶᠠ
ᠣᠯᠠᠨ ᠡᠬᠡ ᠶ᠋ᠢ ᠬᠤᠯᠠᠭᠤᠨ ᠬᠥᠬᠥᠵᠦ ᠰᠤᠷᠤᠭᠰᠠᠨ ᠲᠥᠯ᠃
ᠭᠤᠪᠰᠢᠶᠠ ᠬᠤᠷᠠᠭ᠎ᠠ
ᠬᠤᠷᠠᠭᠠᠯᠠᠭᠰᠠᠨ ᠣᠯᠠᠨ ᠬᠣᠨᠢ ᠶ᠋ᠢ ᠬᠠᠵᠠᠭᠤ ᠪᠤᠶᠤ ᠬᠣᠢᠨ᠎ᠠ ᠠ᠋ᠴᠠ ᠨᠢ ᠬᠤᠯᠠᠭᠤᠨ ᠬᠥᠬᠥᠳᠡᠭ ᠬᠤᠷᠠᠭ᠎ᠠ᠃
ᠲᠡᠵᠢᠭᠡᠪᠦᠷᠢ
ᠡᠬᠡ ᠪᠤᠶᠤ ᠰᠦᠷᠦᠭ ᠡᠴᠡ ᠨᠢ ᠰᠠᠯᠭᠠᠨ ᠤᠭᠵᠢᠳᠠᠭ ᠪᠤᠶᠤ ᠬᠣᠭᠣᠯᠠᠯᠠᠳᠠᠭ ᠪᠠᠭᠤᠷᠠᠢ ᠲᠥᠯ ᠪᠤᠶᠤ ᠪᠦᠳᠦᠭᠦᠨ ᠮᠠᠯ᠃
ᠲᠡᠵᠢᠭᠡᠪᠦᠷᠢ ᠤᠨᠠᠭ᠎ᠠ
ᠡᠬᠡ ᠨᠢ ᠦᠬᠦᠭᠰᠡᠨ᠂ ᠡᠰᠡᠬᠦᠯ᠎ᠡ ᠡᠬᠡ ᠨᠢ ᠬᠦᠴᠦ ᠲᠠᠷ ᠮᠠᠭᠤ ᠠ᠋ᠴᠠ ᠰᠦ ᠲᠠᠲᠠᠭᠤᠷᠠᠵᠤ᠂ ᠲᠡᠵᠢᠭᠡᠵᠦ ᠪᠠᠢᠭ᠎ᠠ ᠪᠤᠶᠤ ᠲᠡᠵᠢᠭᠡᠨ ᠥᠰᠦᠭᠰᠡᠨ ᠤᠨᠠᠭ᠎ᠠ᠃
ᠬᠠᠢᠳᠠᠭ
ᠲᠥᠯ ᠦᠭᠡᠢ ᠪᠣᠯᠪᠠᠴᠤ ᠰᠦ ᠲᠡᠢ ᠰᠠᠭᠠᠯᠭᠠᠳᠠᠭ ᠂ ᠬᠤᠪᠰᠤᠷᠭᠠᠨ ᠃
ᠬᠠᠢᠳᠠᠭ ᠢᠮᠠᠭ᠎ᠠ
ᠲᠥᠯ ᠦᠭᠡᠢ ᠰᠠᠭᠠᠯᠭᠠᠳᠠᠭ ᠢᠮᠠᠭ᠎ᠠ᠃
ᠬᠠᠢᠳᠠᠭ ᠢᠩᠭᠡ
ᠲᠥᠯ ᠦᠭᠡᠢ ᠰᠠᠭᠠᠯᠭᠠᠳᠠᠭ ᠢᠩᠭᠡ᠃
ᠬᠤᠰᠠᠷᠠᠩ
ᠡᠮ᠎ᠡ ᠮᠠᠯ ᠤ᠋ᠨ ᠰᠤᠪᠠᠢᠷᠠᠭᠰᠠᠨ ᠪᠣᠯᠪᠠᠴᠤ ᠨᠢᠳᠤᠨᠤᠨ ᠵᠢᠯ ᠦ᠋ᠨ ᠲᠥᠯ ᠢ᠋ᠶ᠋ᠡᠨ ᠬᠥᠬᠥᠭᠦᠯᠵᠦ ᠪᠠᠢᠭ᠎ᠠ ᠶ᠋ᠢ ᠬᠡᠯᠡᠨ᠎ᠡ ᠃ ᠪᠠᠰᠠ ᠰᠤᠪᠠᠢᠷᠠᠭᠰᠠᠨᠨ ᠡᠬᠡ ᠪᠡᠨ ᠬᠥᠬᠥᠵᠦ ᠪᠠᠢᠭ᠎ᠠ ᠲᠥᠯ ᠢ᠋ ᠨᠢ ᠮᠥᠨ ᠬᠤᠰᠠᠷᠠᠩ ᠭᠡᠨ᠎ᠡ ᠃ ᠵᠢᠱ᠌ᠢᠶᠡᠯᠡᠪᠡᠯ : ᠬᠤᠰᠠᠷᠠᠩ ᠭᠡᠭᠦᠦ ᠂ ᠬᠤᠰᠠᠷᠠᠩ ᠳᠠᠭ᠎ᠠ ᠂ ᠬᠤᠰᠠᠷᠠᠩ ᠦᠨᠢᠶ᠎ᠡ ᠂ ᠬᠤᠰᠠᠷᠠᠩ ᠪᠢᠷᠠᠭᠤ ᠭᠡᠬᠦ ᠮᠡᠲᠦ᠃
ᠭᠣᠯᠣᠩᠬᠠᠢ
ᠲᠥᠯ ᠳ᠋ᠡᠭᠡᠨ ᠠᠮᠠᠷᠠᠭ ᠦᠭᠡᠢ ᠣᠷᠬᠢᠭᠠᠳ ᠶᠠᠪᠤᠴᠢᠬᠠᠳᠠᠭ ᠡᠬᠡ ᠮᠠᠯ ᠃ ᠠᠭᠲᠠᠯᠠᠭᠠᠳᠤᠢ ᠡᠷ᠎ᠡ ᠮᠠᠯ᠃
ᠬᠥᠬᠥᠭᠦᠯ
ᠦᠷ᠎ᠡ ᠵᠤᠯᠵᠠᠭ᠎ᠠ ᠪᠠᠨ ᠬᠥᠬᠥᠭᠦᠯᠳᠡᠭ ᠠᠮᠢᠲᠠᠨ᠃ ᠰᠦ ᠨᠢ ᠰᠢᠷᠭᠢᠭᠡᠳᠦᠢ ᠡᠬᠡ ᠮᠠᠯ᠃
ᠰᠤᠪᠠᠢ
ᠬᠡᠭᠡᠯ ᠦᠭᠡᠢ ᠵᠢᠯ ᠥᠨᠵᠢᠭᠰᠡᠨ ᠡᠬᠡ ᠮᠠᠯ᠂ ᠰᠣᠪᠠᠷᠬᠠᠢ᠃
ᠰᠤᠪᠠᠢ ᠭᠡᠭᠦᠦ
ᠬᠡᠭᠡᠯ ᠦᠭᠡᠢ ᠭᠡᠭᠦᠦ᠃
ᠬᠠᠷ᠎ᠠ ᠰᠤᠪᠠᠢ
ᠬᠡᠵᠢᠶᠡᠳᠡ ᠬᠡᠭᠡᠯ ᠠᠪᠳᠠᠭ ᠦᠭᠡᠢ ᠡᠮ᠎ᠡ ᠮᠠᠯ ᠢ ᠬᠡᠯᠡᠳᠡᠭ᠃
ᠬᠡᠭᠡᠯ
ᠡᠮ᠎ᠡ ᠮᠠᠯ ᠭᠥᠷᠦᠭᠡᠰᠦᠨ ᠦ᠌ ᠬᠡᠪᠡᠯᠢ ᠳᠣᠲᠣᠷ᠎ᠠ ᠲᠣᠭᠲᠠᠭᠰᠠᠨ ᠦᠷ᠎ᠡ᠃
ᠭᠡᠭᠡᠯᠲᠡᠢ
ᠦᠷ᠎ᠡ ᠲᠣᠭᠲᠠᠭᠰᠠᠨ ᠡᠬᠡ ᠮᠠᠯ ᠃ ᠵᠢᠱ᠌ᠢᠶᠡᠯᠡᠪᠡᠯ : ᠭᠡᠭᠡᠯᠲᠡᠢ ᠦᠨᠢᠶ᠎ᠡ ᠂ ᠭᠡᠭᠡᠯᠲᠡᠢ ᠭᠡᠭᠦᠦ ᠭᠡᠬᠦ ᠮᠡᠲᠦ᠃
ᠬᠡᠭᠡᠯᠲᠦᠭᠴᠢ
ᠡᠯ᠎ᠡ ᠬᠡᠭᠡᠯᠲᠦᠬᠦ ᠨᠠᠰᠤᠨ ᠤ᠋ ᠦᠷᠡᠵᠢᠯ ᠦ᠋ᠨ ᠮᠠᠯ ᠃ ᠶᠡᠷᠦᠩᠬᠡᠢ ᠳ᠋ᠡᠭᠡᠨ ᠡᠮ᠎ᠡ ᠮᠠᠯ ᠰᠢᠳᠦᠯᠡᠩ ᠳ᠋ᠡᠭᠡᠨ ᠬᠡᠭᠡᠯᠲᠦᠭᠡᠳ ᠬᠢᠵᠠᠭᠠᠯᠠᠩ ᠳ᠋ᠠᠭᠠᠨ ᠲᠥᠯᠯᠡᠳᠡᠭ᠃
ᠦᠷᠡᠵᠢᠯ ᠦ᠋ᠨ ᠮᠠᠯ
ᠲᠥᠯᠯᠡᠬᠦ ᠨᠠᠰᠤᠨ ᠤ᠋ ᠡᠬᠡ ᠮᠠᠯ᠃
ᠬᠡᠭᠡᠯᠲᠦᠭᠦᠯᠦᠭᠴᠢ
ᠠᠵᠢᠷᠭ᠎ᠠ ᠂ ᠪᠤᠬ᠎ᠠ ᠂ ᠪᠤᠤᠷ᠎ᠠ ᠂ ᠬᠤᠴᠠ ᠂ ᠤᠬᠤᠨ᠎ᠠ ( ᠲᠡᠭᠡ ) ᠵᠡᠷᠭᠡ ᠶ᠋ᠢᠨ ᠮᠠᠯ ᠃ ᠠᠭᠲᠠᠯᠠᠭᠠᠳᠤᠢ ᠡᠷ᠎ᠡ ᠮᠠᠯ᠃
ᠬᠢᠵᠢᠶᠡᠯ
ᠨᠠᠰᠤᠨ ᠨᠢ ᠠᠬᠢᠵᠤ ᠰᠢᠲᠦ ᠨᠢ ᠰᠡᠢᠵᠦ ᠪᠠᠢᠭ᠎ᠠ ᠮᠠᠯ : ᠲᠡᠷᠡ ᠨᠢ ᠬᠢᠵᠢᠶᠡᠯ ᠨᠠᠰᠤᠨ ᠤ᠋ ᠭᠡᠭᠦᠦ ᠶᠦ᠍ᠮ ᠪᠢᠯᠡ ᠭᠡᠬᠦ ᠮᠡᠲᠦ᠃
ᠡᠮᠨᠢᠭ
ᠲᠣᠭᠰᠢᠨ ᠂ ᠠᠲᠠᠷ ᠂ ᠲᠠᠩᠬᠢ ᠂ ᠤᠨᠤᠵᠤ ᠬᠥᠯᠬᠦ ᠡᠳ᠋ᠯᠡᠭᠡ ᠰᠤᠷᠤᠭᠠᠳᠤᠢ ᠮᠠᠯ᠃ ᠡᠭᠦᠨ ᠢ᠋ ᠪᠤᠲᠠ ᠮᠠᠯ ᠳ᠋ᠤ᠌ ᠯᠠ ᠬᠡᠯᠡᠨ᠎ᠡ᠃
ᠬᠠᠩᠭᠠᠯ
ᠠᠲᠠᠷ ᠂ ᠲᠠᠩᠬᠢ ᠂ ᠡᠮᠨᠢᠭ ᠂ ᠳᠣᠭᠰᠢᠨ ᠨᠠᠰᠤ ᠭᠦᠢᠴᠡᠭᠰᠡᠨ ᠮᠣᠷᠢ᠂ ᠲᠡᠮᠡᠭᠡ᠃
ᠵᠡᠷᠯᠢᠭ
ᠬᠥᠮᠦᠨ ᠦ᠌ ᠪᠠᠷ᠎ᠠ ᠦᠵᠡᠭᠡᠳᠦᠢ ᠬᠡᠭᠡᠷ᠎ᠡ ᠶ᠋ᠢᠨ ᠳᠣᠯᠭᠢᠨ ᠠᠮᠢᠲᠠᠨ ᠮᠡᠲᠦ ᠪᠣᠯᠤᠭᠰᠠᠨ ᠮᠠᠯ᠃
ᠣᠷᠣᠭ᠎ᠠ
① ᠪᠠᠷᠢᠭᠳᠠᠳᠠᠭ ᠦᠭᠡᠢ ᠪᠤᠷᠤᠭᠤᠯᠠᠮᠠᠲᠠᠭᠠᠢ ᠰᠦᠷᠦᠭ ᠡᠴᠡ ᠭᠠᠷᠴᠤ ᠪᠤᠷᠤᠭᠤᠯᠠᠳᠠᠭ ᠵᠢᠭᠤᠲᠠᠮᠠᠲᠠᠭᠠᠢ᠃
② ᠣᠳᠣ ᠣᠷᠣᠭ᠎ᠠ ᠨᠢ ᠣᠷᠣᠭᠰᠠᠨ ᠪᠤᠤᠷ᠎ᠠ᠃
ᠠᠯᠳᠠᠭᠤᠯ
ᠤᠤᠯ ᠰᠦᠷᠦᠭ ᠡᠴᠡ ᠪᠡᠨ ᠠᠯᠳᠠᠭᠳᠠᠨ ᠭᠦᠶᠦᠨ ᠢᠷᠡᠭᠡᠳ ᠨᠤᠲᠤᠭᠰᠢᠭᠰᠠᠨ ( ᠢᠵᠢᠯᠢᠰᠢᠭᠰᠡᠨ ) ᠡᠵᠡᠨ ᠦᠭᠡᠢ ᠮᠠᠯ᠃
ᠣᠩᠭᠣᠨ
ᠨᠠᠨᠲᠢᠩᠨᠠᠯ᠂ ᠭᠠᠷ ᠬᠦᠷᠥᠯ ᠦᠭᠡᠢ ᠠᠷᠳᠠᠭᠰᠢᠭᠰᠠᠨ᠂ ᠠᠭᠤᠯᠠ ᠤᠰᠤᠨ ᠤ᠋ ᠨᠠᠪᠲᠠᠭ ᠰᠠᠪᠳᠠᠭ ᠪᠤᠶᠤ ᠪᠣᠭᠳᠠ ᠯᠠᠮᠠ ᠳ᠋ᠤ᠌ ᠳᠠᠭᠠᠳᠬᠠᠨ ᠠᠮᠠᠯᠠᠵᠤ ᠰᠡᠲᠡᠷᠯᠡᠭᠰᠡᠨ᠂ ᠣᠩᠭᠣᠯᠠᠵᠤ ᠳᠠᠷᠬᠠᠯᠠᠭᠰᠠᠨ ᠮᠣᠷᠢ᠂ ᠲᠡᠮᠡᠭᠡ᠂ ᠦᠬᠡᠷ᠂ ᠬᠣᠨᠢ᠂ ᠢᠮᠠᠭ᠎ᠠ᠃
ᠰᠡᠲᠡᠷ
ᠮᠠᠯ ᠢ᠋ᠶ᠋ᠠᠨ ᠣᠩᠭᠣᠯᠠᠵᠤ ᠳᠠᠷᠬᠠᠯᠠᠬᠤ ᠳ᠋ᠠᠭᠠᠨ ᠬᠦᠵᠦᠭᠦᠦ ᠪᠤᠶᠤ ᠳᠡᠯ ᠳ᠋ᠦ᠍ᠨᠢ ᠵᠡᠭᠦᠯᠭᠡᠭᠰᠡᠨ ᠲᠠᠪᠤᠨ ᠥᠩᠭᠡ ᠶ᠋ᠢᠨ ᠬᠬᠢᠪ ᠦ᠋ᠨ ᠵᠠᠩᠭᠢᠳᠤᠯ᠃
ᠰᠡᠲᠡᠷ ᠵᠡᠭᠦᠬᠦ
ᠣᠩᠭᠣᠯᠠᠬᠤ ᠬᠬᠢᠪ ᠤᠶᠠᠬᠤ᠃
ᠲᠡᠯᠡᠤᠷᠡᠬᠡᠢ
ᠣᠯᠠᠨ ᠲᠥᠯ ᠢ᠋ ᠬᠠᠮᠢᠭ᠎ᠠ ᠦᠭᠡᠢ ᠬᠥᠬᠥᠭᠦᠯᠳᠡᠭ᠃
ᠵᠣᠵᠢᠭ
ᠭᠠᠵᠢᠭᠤ ᠵᠥᠷᠢᠭᠦᠳ᠂ ᠣᠯᠠᠨ ᠠ᠋ᠴᠠ ᠰᠠᠯᠤᠩᠭᠢᠳᠠ᠃
ᠡᠷᠬᠡᠭ
ᠬᠥᠮᠦᠨ ᠳ᠋ᠦ᠍ ᠲᠡᠰᠴᠦ ᠨᠣᠣᠷᠠᠵᠤ ᠨᠣᠯᠤᠵᠤ ᠳᠠᠭᠠᠳᠠᠭ ᠮᠠᠯ᠃
ᠡᠷᠬᠡᠭ ᠬᠠᠯᠢᠭᠤᠨ
ᠬᠠᠯᠢᠭᠤᠨ ᠵᠢᠰᠦᠮ ᠪᠣᠯᠤᠨ ᠵᠠᠩ ᠠᠷᠠᠨᠰᠢᠨ ᠢ᠋ᠶ᠋ᠠᠷ ᠨᠡᠷᠡᠯᠡᠭᠰᠡᠨ ᠨᠡᠷ᠎ᠡ᠃
ᠰᠦᠢᠯᠡᠩᠨᠡᠭᠦᠷ
ᠬᠡᠢᠲᠡᠢ ᠂ ᠭᠠᠯᠵᠠᠭᠤᠲᠠᠢ ᠰᠢᠭ᠋ ᠰᠡᠷᠲᠡᠭᠡᠨᠡᠭᠦᠷ ᠂ ᠤᠤᠯᠭᠠᠮᠴᠢ ᠂ ᠦᠷᠭᠦᠮᠡᠲᠡᠭᠡᠢ᠃
ᠡᠷᠯᠢᠰᠡ
ᠪᠡᠰᠡᠷᠡᠭ᠂ ᠨᠤᠲᠤᠭ ᠤ᠋ᠨ ᠪᠠ ᠬᠠᠷᠢ ᠤᠳᠤᠮ ᠤ᠋ᠨ ᠠᠯᠢ ᠠᠯᠢ ᠶ᠋ᠢᠨ ᠰᠢᠨᠵᠢ ᠶ᠋ᠢ ᠬᠠᠳᠠᠭᠠᠯᠠᠭᠰᠠᠨ ᠬᠣᠯᠢᠮᠠᠭᠳᠠᠭᠤ ᠡᠭᠦᠯᠳᠡᠷ ᠦ᠋ᠨ ᠮᠠᠯ ᠃ ᠪᠠᠰᠠ ᠡᠷᠯᠢᠵᠡ ᠭᠡᠳᠡᠭ᠃
ᠰᠦ ᠬᠤᠵᠢᠷᠠᠬᠤ
ᠰᠦ ᠨᠢ ᠰᠢᠷᠭᠢᠬᠦ ᠪᠤᠶᠤ ᠲᠠᠲᠠᠷᠠᠬᠤ ᠶ᠋ᠢ ᠬᠡᠯᠡᠨ᠎ᠡ᠃
