ᠮᠣᠩᠭᠣᠯ ᠤ᠋ᠨ ᠮᠢᠨᠢ ᠰᠠᠢᠬᠠᠨ ᠬᠦᠨᠳᠦᠳᠬᠡᠯ-ᠳᠤᠯᠭᠠᠷᠮ᠎ᠠМонголын минь сайхан хүндэтгэл-Тулгармаа
ᠮᠣᠩᠭᠣᠯ ᠤ᠋ᠨ ᠮᠢᠨᠢ ᠰᠠᠢᠬᠠᠨ ᠬᠦᠨᠳᠦᠳᠬᠡᠯ
ᠳᠤᠯᠭᠠᠷᠮ᠎ᠠ
ᠥᠷᠯᠥᠭᠡ ᠪᠣᠰᠤᠭᠠᠳ ᠡᠷᠦᠬᠡ ᠪᠡᠨ ᠲᠠᠲᠠᠬᠤ ᠳ᠋ᠠᠭᠠᠨ
ᠨᠠᠷᠠ ᠵᠥᠪ ᠡᠷᠭᠢᠭᠡᠳ ᠲᠠᠲᠠᠳᠠᠭ ᠶᠤᠮ ᠰᠢᠦ!
ᠦᠳᠡᠯᠦᠭᠡ ᠨᠠᠰᠤᠲᠠᠳ ᠲᠤ᠌ ᠪᠠᠨ ᠬᠦᠨᠳᠦᠳᠬᠡᠨ ᠵᠣᠯᠭᠠᠬᠤ ᠳ᠋ᠠᠭᠠᠨ
ᠦᠶ᠎ᠡ ᠶ᠋ᠢᠨ ᠬᠢᠨ ᠳᠠᠷᠠᠭᠠᠯᠠᠯ ᠢ᠋ᠶ᠋ᠠᠷ ᠵᠣᠯᠭᠠᠳᠠᠭ ᠶᠤᠮ ᠰᠢᠦ!
ᠠᠬᠠᠮᠠᠳ ᠤ᠋ᠨ ᠢ᠋ᠶ᠋ᠠᠨ ᠥᠭᠭᠦᠭᠰᠡᠨ ᠬᠡᠰᠢᠭ ᠢ᠋
ᠠᠯᠠᠭ᠎ᠠ ᠪᠠᠨ ᠲᠡᠨᠢᠢᠯᠭᠡᠵᠦ ᠲᠣᠰᠳᠠᠭ ᠶᠤᠮ ᠠ᠋!
ᠠᠷᠤᠭ ᠡᠭᠦᠷᠦᠭᠰᠡᠨ ᠬᠥᠮᠦᠨ ᠲᠠᠭᠠᠷᠠᠪᠠᠯ ᠠᠷᠭᠠᠯ ᠨᠡᠮᠡᠵᠦ ᠥᠭᠳᠡᠭ ᠶᠦᠮ ᠰᠢᠦ!
ᠠᠬᠠᠰ ᠵᠠᠬᠠᠰ ᠤ᠋ᠨ ᠢ᠋ᠶ᠋ᠠᠨ ᠤᠷᠳᠤᠭᠤᠷ ᠭᠠᠷᠳᠠᠭ ᠦᠭᠡᠢ ᠶᠦᠮ
ᠠᠶᠠᠭᠠᠨ ᠳ᠋ᠠᠭᠠᠨ ᠬᠤᠷᠤᠭᠤ ᠪᠠᠨ ᠥᠩᠭᠡᠢᠯᠭᠡᠳᠡᠭ ᠦᠭᠡᠢ ᠶᠦᠮ!
ᠠᠢᠯ ᠠᠯᠠᠭᠯᠠᠵᠤ ᠠᠢᠯᠴᠢᠯᠠᠳᠠᠭ ᠦᠭᠡᠢ ᠶᠦᠮ
ᠠᠯᠳᠠᠯᠠᠵᠤ ᠲᠡᠨᠢᠢᠲᠡᠯ᠎ᠡ ᠰᠤᠨᠢᠶᠠᠳᠠᠭ ᠦᠭᠡᠢ ᠶᠦᠮ!
ᠬᠠᠲᠠᠪᠴᠢ ᠵᠠᠢᠳᠠᠯᠠᠵᠤ ᠰᠠᠭᠤᠳᠠᠭ ᠦᠭᠡᠢ ᠶᠦᠮ
ᠬᠠᠶᠠᠭ᠎ᠠ ᠪᠠᠷ ᠱᠠᠭᠠᠢᠵᠤ ᠶᠠᠷᠢᠳᠠᠭ ᠦᠭᠡᠢ
ᠬᠠᠷᠠᠬᠤ ᠳ᠋ᠠᠭᠠᠨ ᠭᠢᠯᠠᠢᠵᠤ ᠬᠠᠷᠠᠳᠠᠭ ᠦᠭᠡᠢ
ᠬᠠᠷᠠᠩᠭᠤᠢ ᠪᠦᠷᠦᠢ ᠳ᠋ᠦ᠍ ᠭᠢᠩᠰᠢᠳᠡᠭ ᠦᠭᠡᠢ
ᠵᠢᠷᠭᠠᠯ ᠲᠠᠢ ᠴᠤ᠌ ᠬᠡᠪᠲᠡᠵᠦ ᠳᠠᠭᠤᠯᠠᠳᠠᠭ ᠦᠭᠡᠢ
ᠵᠣᠪᠠᠯᠠᠩ ᠲᠠᠢ ᠴᠤ᠌ ᠵᠠᠮ ᠳᠡᠭᠡᠷ᠎ᠡ ᠤᠬᠢᠯᠠᠳᠠᠭ ᠦᠭᠡᠢ
ᠵᠤᠯᠠ ᠶ᠋ᠢᠨ ᠭᠠᠯ ᠢ᠋ ᠦᠯᠢᠶᠡᠳᠡᠭ ᠦᠭᠡᠢ
ᠵᠤᠤᠬ᠎ᠠ ᠲᠤᠯᠭ᠎ᠠ ᠶ᠋ᠢᠨ ᠳᠡᠭᠡᠭᠦᠷ ᠢ᠋ᠶ᠋ᠡᠨ ᠠᠯᠬᠤᠳᠠᠭ ᠦᠭᠡᠢ
ᠬᠥᠮᠦᠨ ᠦ᠌ ᠥᠭᠡᠳᠡ ᠡᠴᠡ ᠬᠣᠭ ᠬᠠᠶᠠᠳᠠᠭ ᠦᠭᠡᠢ
ᠬᠥᠨᠳᠡᠯᠡᠨ ᠮᠣᠭᠠᠢ ᠲᠠᠢ ᠵᠦᠭ ᠲᠦ᠍ ᠶᠠᠪᠤᠳᠠᠭ ᠦᠭᠡᠢ
ᠬᠥᠰᠡᠷ ᠲᠦ᠍ ᠤᠨᠠᠭᠰᠠᠨ ᠴᠠᠢ ᠶ᠋ᠢ ᠭᠢᠰᠬᠢᠳᠡᠭ ᠦᠭᠡᠢ
ᠪᠠᠳᠠᠷᠠᠭᠰᠠᠨ ᠭᠠᠯ ᠤ᠋ᠨ ᠢ᠋ᠶ᠋ᠠᠨ ᠳᠡᠭᠡᠷ᠎ᠡ ᠤᠰᠤ ᠬᠢᠳᠡᠭ ᠦᠭᠡᠢ
ᠪᠠᠯᠴᠢᠷ ᠬᠡᠦᠬᠡᠳ ᠦ᠋ᠨ ᠢ᠋ᠶ᠋ᠡᠨ ᠬᠤᠪᠴᠠᠰᠤ ᠶ᠋ᠢ ᠭᠠᠳᠠᠨ᠎ᠠ ᠬᠣᠨᠣᠭᠤᠯᠳᠠᠭ ᠦᠭᠡᠢ
ᠪᠠᠷᠢᠭᠰᠠᠨ ᠤᠷᠭᠠᠨ ᠤ᠋ ᠪᠠᠨ ᠳᠡᠭᠡᠭᠦᠷ ᠠᠯᠬᠤᠳᠠᠭ ᠦᠭᠡᠢ
ᠪᠠᠷᠠᠭᠰᠠᠨ ᠬᠣᠭᠣᠰᠣᠷᠠᠭᠰᠠᠨ ᠢ᠋ᠶ᠋ᠠᠨ ᠬᠡᠯᠡᠳᠡᠭ ᠦᠭᠡᠢ
ᠲᠩᠷᠢ ᠶ᠋ᠢ ᠬᠤᠷᠤᠭᠤ ᠪᠠᠷ ᠢ᠋ᠶ᠋ᠠᠨ ᠵᠢᠭᠠᠳᠠᠭ ᠦᠭᠡᠢ
ᠳᠡᠷᠡᠯᠡᠭ ᠬᠤᠪᠴᠠᠰᠤ ᠪᠠᠨ ᠬᠥᠭᠯᠡᠭᠦᠯᠵᠦ ᠬᠠᠶᠠᠳᠠᠭ ᠦᠭᠡᠢ
ᠲᠠᠪᠤᠨ ᠬᠣᠰᠢᠭᠤ ᠮᠠᠯ ᠢ᠋ᠶ᠋ᠠᠨ ᠳᠠᠷᠠᠰᠤ ᠪᠠᠷ ᠰᠢᠪᠬᠠᠷᠳᠠᠭ ᠦᠭᠡᠢ
ᠲᠠᠯ᠎ᠠ ᠳ᠋ᠤ᠌ ᠬᠠᠶᠠᠭᠳᠠᠭᠰᠠᠨ ᠬᠢᠲᠤᠭ᠎ᠠ ᠶ᠋ᠢ ᠠᠪᠳᠠᠭ ᠦᠭᠡᠢ
ᠬᠥᠬᠡ ᠮᠣᠩᠭᠣᠯ ᠤ᠋ᠨ ᠮᠢᠨᠢ ᠶᠣᠰᠣ ᠴᠡᠭᠡᠷ
ᠬᠥᠷᠥᠰᠥᠲᠦ ᠳᠡᠯᠡᠬᠡᠢ ᠳ᠋ᠦ᠍ ᠬᠣᠪᠣᠷᠬᠠᠨ ᠪᠠᠢᠳᠠᠭ
ᠬᠦᠨᠳᠦᠳᠬᠡᠵᠦ ᠬᠠᠢᠷᠠᠯᠠᠵᠤ ᠶᠠᠪᠤᠬᠤ ᠶ᠋ᠢ
ᠬᠡᠦᠬᠡᠳ ᠳᠡᠭᠦᠦ ᠨᠠᠷ ᠲᠠᠭᠠᠨ ᠬᠦᠰᠡᠶ᠎ᠡ!
ᠬᠦᠴᠦᠷᠬᠡᠭ ᠮᠣᠩᠭᠣᠯ ᠤ᠋ᠨ ᠮᠢᠨᠢ ᠣᠶᠤᠨ ᠤᠬᠠᠭᠠᠨ ᠳ᠋ᠤ᠌
ᠬᠦᠨᠳᠦᠳᠬᠡᠯ ᠦ᠋ᠨ ᠶᠣᠰᠣ ᠠᠷᠪᠢᠨ ᠪᠠᠢᠳᠠᠭ᠃
ᠬᠥᠭᠰᠢᠳ ᠨᠠᠰᠤᠲᠠᠳ ᠠ᠋ᠴᠠ ᠪᠠᠨ ᠥᠪᠯᠡᠨ ᠵᠠᠯᠭᠠᠮᠵᠢᠯᠠᠵᠤ
ᠬᠥᠮᠦᠨ ᠪᠦᠬᠦᠨ ᠡᠷᠬᠢᠮᠯᠡᠨ ᠲᠤᠤᠱᠯᠠᠭᠤᠯᠬᠤ ᠪᠣᠯᠪᠠ ᠤᠤ?
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ
ᠶᠡᠷᠦᠩᠬᠡᠢ ᠬᠢᠨᠠᠭᠴᠢ᠄ ᠣᠳᠬᠠᠨᠰᠣ᠎ᠠ
