ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 10 > Хөх зул – Боржигон Ванжал –"Ддөрөв ᠂ Монгол гэрийн бүтцийн бүлэг " 10
ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ –10
ᠮᠣᠩᠭᠣᠯ ᠭᠡᠷ ᠦᠨ ᠢᠷᠦᠭᠡᠯ * Монгол гэрийн ерөөл
ᠤᠸᠮ ᠰᠠᠢᠨ ᠠᠮᠤᠭᠤᠯᠠᠩᠳᠠᠨ ᠪᠣᠯᠲᠤᠭᠠᠢ !
ᠡᠷᠲᠡ ᠲᠡᠭᠷᠢ ᠡᠴᠡ ᠡᠰᠢᠲᠡᠢ ᠂
ᠡᠵᠡᠨ ᠴᠢᠩᠭᠢᠰ ᠡᠴᠡ ᠵᠢᠷᠤᠮᠲᠠᠢ ᠂
ᠡᠭᠡᠯᠢᠲᠦ ᠴᠠᠭᠠᠨ ᠭᠡᠷ ᠢ᠋ᠶ᠋ᠡᠨ
ᠡᠷᠬᠢᠮᠯᠡᠨ ᠢᠷᠥᠭᠡᠵᠦ ᠮᠢᠯᠢᠶᠠᠮᠤ ᠃
ᠪᠠᠳᠠᠷᠠᠭᠰᠠᠨ ᠲᠥᠷᠥ ᠡᠴᠡ ᠲᠣᠭᠲᠠᠭᠠᠭᠰᠠᠨ
ᠪᠠᠢᠭᠤᠯᠤᠭᠰᠠᠨ ᠨᠠᠢ᠍ᠮᠠᠨ ᠴᠠᠭᠠᠨ ᠭᠡᠷ ᠮᠢᠨᠢ !
ᠪᠠᠢᠳᠠᠭ ᠣᠯᠠᠨ ᠳ᠋ᠠᠭᠠᠨ ᠰᠢᠲᠦᠭᠡᠨ ᠪᠣᠯᠤᠭᠰᠠᠨ ᠠ᠋ᠴᠠ
ᠪᠠᠶᠠᠨ ᠳᠡᠯᠡᠬᠡᠢ ᠳ᠋ᠡᠭᠡᠨ ᠨᠡᠷᠡᠲᠡᠢ ᠃
ᠳᠥᠴᠢᠨ ᠳᠥᠷᠪᠡᠨ ᠬᠠᠨᠠᠲᠠᠢ ᠂
ᠳᠥᠷᠪᠡᠨ ᠮᠢᠩᠭᠠᠨ ᠣᠨᠢᠲᠠᠢ ᠂
ᠳᠥᠰᠢ ᠮᠥᠩᠭᠥᠨ ᠲᠣᠭᠣᠨᠣᠲᠠᠢ ᠂
ᠳᠡᠯᠡᠬᠡᠢ ᠬᠠᠷᠠᠭᠰᠠᠨ ᠡᠭᠦᠳᠡᠲᠡᠢ ᠃
ᠬᠠᠰᠠᠭ ᠴᠠᠮᠪᠠᠨ ᠲᠡᠭᠡᠪᠦᠷᠢᠲᠡᠢ ᠂
ᠬᠣᠷᠭᠣᠢ ᠮᠠᠩᠨᠤᠭ ᠡᠮᠵᠢᠶᠡᠷᠢᠲᠡᠢ ᠂
ᠤᠷᠠᠨ ᠨᠠᠷᠢᠨ ᠣᠨᠢᠲᠠᠢ ᠂
ᠠᠭᠤᠯᠠ ᠲᠦᠰᠢᠭ ᠲᠠᠷᠮᠠᠲᠠᠢ ᠂
ᠠᠭᠠᠷᠤ ᠽᠠᠨᠳᠠᠨ ᠳᠣᠲᠣᠭᠤᠳᠠᠢ ᠂
ᠠᠯᠳᠠᠷ ᠶᠡᠬᠡᠲᠦ ᠥᠷᠭᠥᠭᠡ ᠃
ᠬᠥᠬᠡ ᠲᠣᠷᠭᠠᠨ ᠡᠭᠦᠳᠡᠲᠡᠢ ᠂
ᠬᠦᠷᠡᠩ ᠽᠠᠨᠳᠠᠨ ᠬᠠᠴᠠᠪᠴᠢᠲᠠᠢ ᠂
ᠬᠦᠳᠡᠷ ᠰᠢᠷ᠎ᠠ ᠪᠠᠭᠠᠨᠠᠲᠠᠢ ᠂
ᠬᠦᠴᠦ ᠴᠢᠳᠠᠯᠲᠤ ᠴᠢᠭᠲᠠᠭᠠᠲᠠᠢ ᠂
ᠯᠠᠩ ᠮᠥᠩᠭᠥᠨ ᠴᠣᠣᠵᠢᠲᠠᠢ ᠂
ᠯᠠᠪᠠᠢ ᠴᠠᠭᠠᠨ ᠥᠷᠭᠥᠭᠡ ᠃
ᠴᠢᠩ ᠴᠢᠯᠠᠭᠤ ᠪᠠᠷ ᠴᠢᠭᠲᠠᠭ᠎ᠠ ᠪᠠᠨ ᠠᠪᠴᠤ
ᠴᠢᠨᠳᠠᠮᠤᠨᠢ ᠡᠷᠳᠡᠨᠢ ᠪᠡᠷ ᠰᠠᠩ ᠢ᠋ᠶ᠋ᠠᠨ ᠲᠣᠭᠲᠠᠭᠠᠵᠤ ᠂
ᠠᠯᠳᠠᠷᠠᠭᠠᠶᠠ ᠭᠡᠪᠡᠴᠦ ᠠᠯᠳᠠᠷᠠᠰᠢ ᠦᠭᠡᠢ
ᠠᠯᠲᠠᠨ ᠴᠢᠭᠲᠠᠭᠠᠲᠠᠢ ᠂
ᠮᠤᠯᠲᠤᠯᠤᠶᠠ ᠭᠡᠪᠡᠴᠦ ᠮᠤᠯᠲᠤᠷᠠᠰᠢ ᠦᠭᠡᠢ
ᠮᠥᠩᠭᠥᠨ ᠪᠠᠭᠠᠨᠠᠲᠠᠢ ᠃
ᠡᠮᠦᠨ᠎ᠡ ᠵᠦᠭ ᠡᠴᠡ ᠨᠢ ᠬᠠᠷᠠᠬᠤ ᠳ᠋ᠤ᠌
ᠥᠨᠳᠡᠭᠡᠨ ᠴᠠᠭᠠᠨ ᠥᠷᠭᠥᠭᠡ ᠂
ᠪᠠᠷᠠᠭᠤᠨ ᠵᠦᠭ ᠡᠴᠡ ᠨᠢ ᠬᠠᠷᠠᠬᠤ ᠳ᠋ᠤ᠌
ᠪᠠᠳᠮᠠᠨ ᠴᠠᠭᠠᠨ ᠥᠷᠭᠥᠭᠡ ᠂
ᠬᠣᠢᠲᠤ ᠵᠦᠭ ᠡᠴᠡ ᠨᠢ ᠬᠠᠷᠠᠬᠤ ᠳ᠋ᠤ᠌ ᠂
ᠬᠣᠨᠢᠨ ᠴᠠᠭᠠᠨ ᠥᠷᠭᠥᠭᠡ ᠃
ᠵᠡᠭᠦᠨ ᠵᠦᠭ ᠡᠴᠡ ᠨᠢ ᠬᠠᠷᠠᠬᠤ ᠳ᠋ᠤ᠌ ᠂
ᠵᠢᠷᠦᠬᠡᠨ ᠴᠠᠭᠠᠨ ᠥᠷᠭᠥᠭᠡ ᠃
ᠵᠦᠭ ᠪᠦᠷᠢ ᠡᠴᠡ ᠨᠢ ᠬᠠᠷᠠᠬᠤ ᠳ᠋ᠤ᠌ ᠂
ᠴᠢᠨᠳᠠᠮᠤᠨᠢ ᠡᠷᠳᠡᠨᠢ ᠶ᠋ᠢᠨ ᠰᠢᠨᠵᠢᠲᠡᠢ ᠃
ᠰᠢᠨᠵᠢ ᠲᠡᠭᠦᠰ 《ᠳᠠᠯᠠᠢ ᠴᠠᠭᠠᠨ 》
ᠴᠢᠨᠦ ᠳᠤᠮᠳᠠ ᠪᠠᠢᠭᠤᠯᠤᠭᠰᠠᠨ ᠭᠣᠯᠣᠮᠲᠠ ᠃
ᠬᠠᠭᠠᠨ ᠠᠪᠤ ᠶ᠋ᠢᠨ ᠴᠢᠨᠢ ᠴᠠᠬᠢᠭᠰᠠᠨ
ᠬᠠᠲᠤᠨ ᠡᠵᠢ ᠶ᠋ᠢᠨ ᠴᠢᠨᠢ ᠬᠥᠭᠵᠢᠭᠡᠭᠰᠡᠨ
ᠬᠠᠷᠠᠩᠭᠤᠢ ᠶ᠋ᠢ ᠭᠡᠢᠭᠦᠯᠦᠭᠴᠢ
ᠬᠠᠲᠠᠭᠤ ᠶ᠋ᠢ ᠤᠶᠠᠷᠠᠭᠤᠯᠤᠭᠴᠢ ᠂
ᠽᠠᠨᠳᠠᠨ ᠮᠣᠳᠣᠨ ᠵᠠᠯᠢᠲᠠᠢ ᠂
ᠽᠠᠪᠢᠶᠠ ᠮᠣᠳᠣᠨ ᠲᠡᠪᠡᠷᠠᠲᠡᠢ ᠂
ᠭᠠᠩ ᠳᠥᠷᠪᠡᠨ ᠲᠣᠲᠣᠭᠳᠠᠢ ᠂
ᠭᠠᠯ ᠤ᠋ᠨ ᠪᠤᠷᠬᠠᠨ ᠲᠡᠷᠢᠭᠦᠯᠡᠨ
ᠡᠯᠳᠡᠪ ᠡᠳ᠋ᠯᠡᠯ ᠲᠡᠷᠢᠭᠦᠲᠡᠨ
ᠡᠷᠳᠡᠨᠢ ᠶ᠋ᠢᠨ ᠰᠠᠩ ᠳ᠋ᠤ᠌ ᠬᠤᠷᠠᠲᠤᠭᠠᠢ ᠃
– – – –
* ᠮᠣᠩᠭᠣᠯᠴᠤᠳ ᠠᠯᠢ ᠭᠠᠵᠠᠷ ᠣᠲᠣᠷᠯᠠᠨ ᠶᠠᠪᠤᠪᠠᠴᠤ ᠥᠷᠭᠥᠭᠡ ᠴᠠᠭᠠᠨ ᠭᠡᠷ ᠢ᠋ᠶ᠋ᠡᠨ ᠡᠬᠢᠯᠡᠨ ᠪᠤᠰᠬᠠᠭᠰᠠᠨ ᠡᠳᠦᠷ ᠲᠡᠭᠡᠨ ᠡᠷᠬᠡᠪᠰᠢ ᠰᠢᠨ᠎ᠡ ᠭᠡᠷ᠂ ᠰᠢᠨ᠎ᠡ ᠨᠤᠲᠤᠭ ᠲᠤ᠌ ᠪᠠᠭᠤᠭᠰᠠᠨ ᠨᠠᠢᠷ ᠬᠢᠵᠦ ᠴᠠᠢᠯᠠᠯᠭ᠎ᠠ ᠲᠠᠯᠪᠢᠨ ᠣᠢᠷ᠎ᠠ ᠬᠠᠪᠢ ᠶ᠋ᠢᠨ ᠬᠢ ᠪᠡᠨ ᠵᠠᠯᠠᠵᠤ ᠨᠠᠢᠷᠯᠠᠯᠳᠤᠳᠠᠭ᠃
