ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ- ᠲᠦᠳᠦᠪᠳᠣᠷᠵᠢХайр дааж амьдарах хорвоо-Tүдэвдорж
ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ
ᠦᠭᠡ᠄ ᠯ· ᠳᠠᠭᠸᠠᠳᠣᠷᠵᠢ
ᠠᠶ᠎ᠠ᠄ ᠶᠣ· ᠰᠦᠬᠡᠪᠠᠭᠠᠲᠤᠷ
ᠳᠠᠭᠤᠴᠢᠨ᠄ ᠲᠦᠳᠦᠪᠳᠣᠷᠵᠢ
ᠦᠢᠯᠡ ᠶ᠋ᠢᠨ ᠬᠠᠢᠴᠢ ᠪᠠᠷ ᠭᠠᠯ ᠢ᠋ᠶ᠋ᠠᠨ ᠰᠢᠯᠡᠭᠡᠪᠦᠷᠳᠡᠭᠡ ᠦᠭᠡᠢ ᠡᠵᠢ ᠮᠢᠨᠢ ᠳᠡ
ᠬᠢᠲᠤᠭ᠎ᠠ ᠪᠠᠨ ᠪᠠᠭᠤᠯᠭᠠᠯ ᠦᠭᠡᠢ ᠪᠡᠷ ᠠᠢᠯ ᠳ᠋ᠤ᠌ ᠣᠷᠣᠭ᠎ᠠ ᠦᠭᠡᠢ ᠠᠪᠤ ᠮᠢᠨᠢ ᠳᠡ
ᠦᠶ᠎ᠡ ᠵᠠᠢ ᠦᠭᠡᠢ ᠠᠮᠢᠨ ᠵᠢᠷᠦᠬᠡᠨ ᠦ᠌ ᠬᠠᠢᠷᠠᠲᠠᠢ ᠬᠠᠨᠢ ᠶ᠋ᠢᠨ ᠵᠠᠶᠠᠭᠠᠨ ᠳ᠋ᠠᠭᠠᠨ
ᠬᠡᠨ ᠨᠢ ᠴᠦ᠍ ᠬᠡᠨ ᠢ᠋ ᠪᠡᠨ ᠴᠢ ᠭᠡᠵᠦ ᠳᠠᠭᠤᠳᠠᠭ᠎ᠠ ᠨᠢ ᠦᠭᠡᠢ ᠵᠢᠷᠭᠠᠯ ᠠ᠋
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠠ᠋
ᠬᠤᠪᠢᠩ ᠳᠦᠭᠦᠷᠡᠩ ᠰᠦ ᠪᠡᠨ ᠴᠠᠯᠭᠢᠭᠤᠯᠤᠭᠠ ᠨᠢ ᠦᠭᠡᠢ ᠡᠵᠢ ᠮᠢᠨᠢ ᠳᠡ
ᠲᠦᠮᠡᠨ ᠬᠦᠯᠦᠭ ᠦ᠋ᠨ ᠢ᠋ᠶ᠋ᠡᠨ ᠤᠷᠭ᠎ᠠ ᠶ᠋ᠢ ᠭᠢᠰᠬᠢᠭᠡ ᠨᠢ ᠦᠭᠡᠢ ᠠᠪᠤ ᠮᠢᠨᠢ ᠳᠡ
ᠳᠥᠴᠢ ᠡᠷᠡᠬᠡᠮᠡ ᠨᠠᠰᠤᠨ ᠳ᠋ᠠᠭᠠᠨ ᠤᠬᠠᠭᠠᠷᠠᠯ ᠤ᠋ᠨ ᠡᠭᠦᠳᠡ ᠶ᠋ᠢ ᠨᠡᠭᠡᠭᠡᠭᠡᠳ
ᠶᠡᠬᠡ ᠳᠥᠮᠥᠭᠡᠷᠬᠡᠨ ᠬᠣᠷᠸ᠎ᠠ ᠳ᠋ᠠᠭᠠᠨ ᠡᠭᠦᠳᠡᠨ ᠴᠢᠨᠡᠭᠡ ᠲᠡᠰᠦᠯ᠎ᠡ ᠳᠠ
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠠ᠋
ᠦᠢᠯᠡᠴᠢᠨ ᠡᠮᠡᠭᠡ ᠶ᠋ᠢᠨ ᠢ᠋ᠶ᠋ᠡᠨ ᠤᠴᠢᠭ ᠲᠠᠢ ᠵᠡᠭᠦᠦ ᠶ᠋ᠢ ᠵᠢᠪᠡᠷᠡᠭᠦᠯᠦᠭᠡ ᠨᠢ ᠦᠭᠡᠢ ᠡᠵᠢ ᠮᠢᠨᠢ ᠳᠡ
ᠥᠨᠳᠥᠷ ᠡᠪᠦᠭᠡ ᠶ᠋ᠢᠨ ᠢ᠋ᠶ᠋ᠡᠨ ᠳᠡᠭᠡᠳᠦ ᠲᠠᠯ᠎ᠠ ᠳ᠋ᠤ᠌ ᠰᠠᠭᠤᠭ᠎ᠠ ᠨᠢ ᠦᠭᠡᠢ ᠠᠪᠤ ᠮᠢᠨᠢ ᠳᠡ
ᠰᠦ ᠨᠢ ᠰᠦ ᠪᠡᠷ ᠢ᠋ᠶ᠋ᠡᠨ ᠪᠠᠢᠪᠠᠯ ᠤᠬᠠᠭᠠᠷᠠᠯ ᠤ᠋ᠨ ᠦᠢᠯᠡ ᠪᠠᠢᠨ᠎ᠠ ᠤᠤ ᠳᠠ
ᠳᠠᠭᠤᠤ ᠳᠠᠭᠤᠤ ᠪᠠᠷ ᠢ᠋ᠶ᠋ᠠᠨ ᠦᠯᠡᠳᠡᠳᠡᠭ ᠡᠴᠡ ᠤᠬᠠᠭᠠᠷᠠᠯ ᠤ᠋ᠨ ᠤᠴᠢᠭ ᠢ᠋ ᠣᠯᠤᠨ᠎ᠠ ᠳᠠ
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠠ᠋
ᠠᠮᠢᠳᠤᠷᠠᠬᠤ ᠶ᠋ᠢᠨ ᠤᠴᠢᠷ ᠡᠨᠡ ᠠ᠋᠁
ᠦᠰᠦᠭ ᠠᠮᠢᠯᠠᠭᠤᠯᠤᠭᠰᠠᠨ ᠨᠢ᠄ ᠰᠠᠮᠫᠸᠯᠨᠣᠷᠪᠤ ᠰᠣᠶᠣᠯ
ᠦᠰᠦᠭ ᠬᠠᠲᠠᠭᠰᠠᠨ ᠨᠢ᠄ ᠪᠣᠷᠵᠢᠭᠢᠨ ᠠᠵᠠᠵᠠᠶᠠᠭ᠎ᠠ
ᠬᠢᠨᠠᠭᠴᠢ ᠪᠠᠭᠰᠢ᠄ ᠢᠷᠡᠭᠡᠳᠦᠢ
