ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 9 > Хөх зул – Боржигон Ванжал –"Ддөрөв ᠂ Монгол гэрийн бүтцийн бүлэг " 9 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 9 > Хөх зул – Боржигон Ванжал –"Ддөрөв ᠂ Монгол гэрийн бүтцийн бүлэг " 9

ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 9 > Хөх зул – Боржигон Ванжал –"Ддөрөв ᠂ Монгол гэрийн бүтцийн бүлэг " 9

ᠠᠩᠭᠢᠯᠠᠯ:ᠵᠠᠩ ᠦᠢᠯᠡ
2023-12-07

263

ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ – 9

ᠪᠤᠰᠤᠳ ᠤᠯᠠᠮᠵᠢᠯᠠᠯᠲᠦ ᠶᠣᠰᠣᠨ Бусад уламжлалт ёсон


ᠪᠤᠰᠤᠳ ᠤᠯᠠᠮᠵᠢᠯᠠᠯᠲᠤ ᠶᠣᠰᠣᠨ   
       ᠮᠣᠩᠭᠣᠯᠴᠤᠳ ᠨᠤᠲᠤᠭ ᠪᠠᠭᠤᠷᠢ ᠰᠢᠨᠵᠢᠨ ᠰᠠᠭᠤᠬᠤ ᠳ᠋ᠠᠭᠠᠨ ᠠᠷᠤ ᠳ᠋ᠠᠭᠠᠨ ᠲᠦᠰᠢᠭᠲᠡᠢ ᠡᠭᠡᠪᠦᠷ ᠭᠠᠵᠠᠷ ᠢ᠋ ᠰᠣᠩᠭᠣᠵᠤ ᠨᠠᠷᠠ ᠭᠠᠷᠬᠤ ᠵᠦᠭ ᠭᠡᠷ ᠦ᠋ᠨ ᠡᠭᠦᠳᠡ ᠪᠡᠨ ᠬᠠᠷᠠᠭᠤᠯᠵᠤ ᠪᠠᠷᠢᠳᠠᠭ᠃ ᠬᠡᠳᠦᠨ ᠭᠡᠷ ᠲᠡᠢ ᠪᠣᠯ ᠪᠦᠷ ᠵᠡᠷᠭᠡᠴᠡᠭᠦᠯᠦᠨ ᠡᠩᠨᠡᠭᠦᠯᠵᠦ ᠪᠠᠷᠢᠬᠤ ᠠ᠋ᠴᠠ ᠪᠢᠰᠢ᠂ ᠠᠷᠤ ᠡᠮᠦᠨ᠎ᠡ ᠨᠢ ᠰᠤᠨᠳᠠᠯᠠᠭᠤᠯᠵᠤ ᠪᠠᠷᠢᠳᠠᠭ ᠶᠣᠰᠣ ᠦᠭᠡᠢ᠃ ᠭᠤᠷᠪᠠᠨ ᠭᠡᠷ ᠲᠡᠢ ᠠᠢᠯ ᠪᠤᠷᠬᠠᠨ ᠤ᠋ ᠥᠷᠭᠥᠭᠡ᠂ ᠵᠣᠴᠢᠳ ᠤ᠋ᠨ ᠭᠡᠷ᠂ ᠪᠣᠷᠣ ᠭᠡᠷ ( ᠭᠠᠯ ᠲᠣᠭᠣᠭᠠᠨ ᠤ᠋ ) ᠭᠡᠵᠦ ᠬᠤᠪᠢᠶᠠᠨ᠎ᠠ᠃ ᠮᠠᠯ ᠤ᠋ᠨ ᠬᠠᠰᠢᠶ᠎ᠠ ᠪᠠᠨ ᠭᠡᠷ ᠡᠴᠡ ᠨᠡᠯᠢᠶᠡᠳ ᠵᠠᠢᠲᠠᠢ ᠪᠠᠢᠷᠢᠰᠢᠭᠤᠯᠵᠤ᠂ ᠪᠠᠷᠠᠭᠤᠨ ᠡᠮᠦᠨ᠎ᠡ ᠵᠦᠭ ᠲᠡᠭᠡᠨ 60 ᠠᠯᠬᠤᠮ ᠤ᠋ᠨ ᠵᠠᠢᠲᠠᠢ ᠱᠣᠩ ᠵᠡᠯ᠎ᠡ ᠲᠡᠳᠡᠨ ᠮᠣᠷᠢᠨ ᠤ᠋ ᠤᠶᠠᠭ᠎ᠠ ᠭᠠᠷᠭᠠᠨ᠎ᠠ᠃ ᠭᠡᠷ ᠦ᠋ᠨ ᠠᠷᠤ ᠭᠤᠷᠪᠠᠨ ᠵᠦᠭ ᠦ᠋ᠨ ᠬᠠᠮᠢᠭ᠎ᠠ ᠨᠢ ᠥᠨᠳᠥᠷ ᠰᠢᠭ ᠭᠠᠵᠠᠷ ᠪᠠᠢᠪᠠᠯ ᠲᠡᠷᠡ ᠳᠡᠭᠡᠷ᠎ᠡ ᠲᠦᠯᠡᠰᠢ ᠠᠷᠭᠠᠯ ᠢ᠋ᠶ᠋ᠠᠨ ᠣᠪᠣᠭᠠᠯᠠᠨ᠎ᠠ᠃ ᠦᠨᠡᠰᠦ ᠪᠡᠨ ᠡᠷᠬᠡᠪᠰᠢ ᠵᠡᠭᠦᠨ ᠡᠮᠦᠨᠡᠰᠢ ᠨᠡᠯᠢᠶᠡᠳ ᠬᠣᠯᠠ ᠲᠣᠭᠲᠠᠯ ᠲᠠᠢ ᠭᠠᠵᠠᠷ ᠲᠤ᠌ ᠬᠠᠶᠠᠨ᠎ᠠ᠃ ᠭᠡᠷ ᠦ᠋ᠨ ᠪᠥᠰᠡᠨ ᠡᠴᠡ ᠤᠨᠤᠭ᠎ᠠ ᠮᠠᠯ ᠤᠶᠠᠳᠠᠭ ᠦᠭᠡᠢ ᠪᠥᠭᠡᠳ ᠪᠠᠰᠠ ᠡᠯᠳᠡᠪ ᠡᠰᠡ ᠶ᠋ᠢᠨ ᠶᠠᠭᠤᠮ᠎ᠠ ᠬᠠᠪᠴᠢᠭᠤᠯᠵᠤ ᠨᠠᠪᠰᠠᠭᠠᠨᠠᠭᠤᠯᠳᠠᠭ ᠦᠭᠡᠢ᠃ ᠢᠰᠡᠭᠡᠢ ᠡᠭᠦᠳᠡ ᠪᠡᠨ ᠭᠡᠷ ᠳᠡᠭᠡᠷ᠎ᠡ ᠪᠡᠨ ᠡᠪᠬᠡᠵᠦ ᠲᠠᠯᠪᠢᠳᠠᠭ ᠠ᠋ᠴᠠ ᠪᠢᠰᠢ ᠰᠤᠩᠭᠠᠨ ᠬᠠᠶᠠᠳᠠᠭ ᠦᠭᠡᠢ᠃ ᠣᠷᠣᠵᠤ ᠭᠠᠷᠬᠤ ᠳ᠋ᠠᠭᠠᠨ ᠡᠭᠦᠳᠡᠨ ᠦ᠌ ᠵᠥᠪ ᠲᠠᠯ᠎ᠠ ᠶ᠋ᠢ ᠰᠡᠬᠦᠬᠦ ᠡᠴᠡ ᠪᠢᠰᠢ ᠪᠤᠷᠤᠭᠤ ᠲᠠᠯ᠎ᠠ ᠶ᠋ᠢ ᠰᠡᠬᠦᠳᠡᠭ ᠦᠭᠡᠢ᠃ ᠭᠡᠷ ᠲᠦ᠍ ᠫᠤᠤ ᠵᠡᠪᠰᠡᠭ ᠢ᠋ᠶ᠋ᠡᠨ ᠡᠭᠦᠷᠴᠦ ᠣᠷᠣᠳᠠᠭ ᠦᠭᠡᠢ᠃ ᠴᠢᠳᠥᠷ ᠪᠦᠰᠡᠯᠡᠵᠦ ᠣᠷᠣᠳᠠᠭ ᠦᠭᠡᠢ ᠃