ᠰᠡᠪᠡᠯᠭᠡ ᠦᠷᠭᠦᠭᠡᠬᠦ ᠢᠷᠥᠭᠡᠯ ᠦᠨ ᠳᠠᠭᠤᠤ ᠡ᠊ ∙ ᠴᠢᠯᠠᠭᠤᠨᠴᠢᠮᠡᠭСэвлэг үргээх ерөөлийн дуу Э.Чулуунчимэг Sevleg urgeeh eruuliin duu Chuluunchime
ᠰᠡᠪᠡᠯᠭᠡ ᠦᠷᠭᠦᠭᠡᠬᠦ ᠢᠷᠥᠭᠡᠯ ᠦᠨ ᠳᠠᠭᠤᠤ
ᠦᠭᠡ ᠄ᠪᠡ᠂ ᠪᠣᠯᠣᠷᠴᠠᠷᠠᠩ
ᠠᠶ᠎ᠠ ᠄ ᠳ᠋ᠠ᠂ ᠼᠡᠸᠠᠩᠷᠠᠪᠳᠠᠨ
ᠳᠠᠭᠤᠴᠢᠨ᠄ ᠠ᠋᠂ ᠴᠢᠯᠠᠭᠤᠨᠴᠢᠮᠡᠭ
ᠦᠷ᠎ᠡ ᠲᠡᠢ ᠬᠥᠮᠦᠨ ᠦ᠌ ᠵᠢᠷᠭᠠᠯ ᠢ᠋ ᠲᠦᠰᠢᠨ ᠬᠥᠯ ᠳ᠋ᠦ᠍ ᠣᠷᠣᠭᠰᠠᠨ ᠰᠢᠦ
ᠥᠭᠡᠳᠡᠷᠬᠡᠭ ᠶᠠᠪᠤᠬᠤ ᠶ᠋ᠢᠨ ᠵᠠᠶᠠᠭ᠎ᠠ ᠶ᠋ᠢ ᠳᠠᠭᠤᠳᠠᠨ ᠬᠡᠯᠡ ᠳ᠋ᠦ᠍ ᠣᠷᠣᠭᠰᠠᠨ ᠰᠢᠦ
ᠡᠵᠢ ᠠᠪᠤ ᠳ᠋ᠤ᠌ ᠪᠠᠨ ᠲᠦᠰᠢᠭ ᠪᠣᠯᠤᠨ ᠠᠴᠢ ᠶ᠋ᠢ ᠰᠠᠨᠠᠭᠠᠷᠠᠢ ᠲᠣᠮᠣ ᠪᠣᠯᠤᠭᠠᠳ
ᠡᠷᠳᠡᠮ ᠨᠣᠮ ᠳ᠋ᠤ᠌ ᠪᠠᠨ ᠡᠭᠡᠨᠡᠭᠲᠡ ᠰᠢᠮᠳᠠᠨ ᠪᠡᠷᠬᠡ ᠶ᠋ᠢ ᠰᠤᠷᠤᠭᠠᠳ ᠤᠬᠠᠭᠠᠨ ᠲᠠᠢ ᠦᠰᠦᠭᠡᠷᠡᠢ
ᠰᠠᠢᠨ ᠡᠳᠦᠷ ᠦ᠋ᠨ ᠡᠭᠦᠳᠡ ᠶ᠋ᠢ ᠨᠡᠭᠡᠭᠡᠨ ᠤᠨᠠᠭᠠᠨ ᠰᠡᠪᠡᠯᠭᠡ ᠶ᠋ᠢ ᠨᠢ ᠦᠷᠭᠦᠭᠡᠵᠦ ᠮᠢᠯᠢᠶᠠᠶ᠎ᠠ ᠠ᠋
ᠰᠠᠢᠬᠠᠨ ᠦᠭᠡ ᠶ᠋ᠢᠨ ᠳᠡᠭᠡᠳᠦ ᠶ᠋ᠢ ᠢᠷᠥᠭᠡᠨ ᠤᠳᠠᠭᠠᠨ ᠵᠢᠷᠭᠠᠯ ᠢ᠋ ᠳᠠᠯᠠᠯᠵᠤ ᠮᠢᠯᠢᠶᠠᠶ᠎ᠠ ᠠ᠋
ᠡᠯᠢᠭᠡ ᠪᠦᠲᠦᠨ ᠬᠠᠢᠷ᠎ᠠ ᠶ᠋ᠢ ᠥᠮᠴᠢᠯᠡᠨ ᠡᠷᠬᠡᠯᠡᠵᠦ ᠢᠷᠡᠭᠰᠡᠨ ᠰᠢᠦ
ᠡᠪ ᠬᠠᠯᠠᠭᠤᠨ ᠪᠦᠯᠢ ᠶ᠋ᠢ ᠨᠡᠮᠡᠨ ᠡᠯᠢᠭᠡᠮᠰᠡᠵᠦ ᠲᠥᠷᠥᠭᠰᠡᠨ ᠰᠢᠦ
ᠳᠠᠭᠤᠳᠠᠬᠤ ᠨᠡᠷ᠎ᠡ ᠳ᠋ᠦ᠍ ᠪᠡᠨ ᠡᠵᠡᠨ ᠬᠢᠴᠢᠶᠡᠨ ᠳᠠᠭᠤᠷᠢᠰᠬᠠᠵᠤ ᠶᠠᠪᠤᠭᠠᠷᠠᠢ ᠲᠣᠮᠣ ᠪᠣᠯᠤᠭᠠᠳ
ᠬᠥᠮᠦᠨ ᠵᠤᠨ ᠳ᠋ᠤ᠌ ᠪᠠᠨ ᠬᠡᠷᠡᠭ ᠪᠦᠲᠦᠭᠡᠨ ᠬᠦᠨᠳᠦᠯᠡᠯ ᠬᠦᠯᠢᠶᠡᠨ ᠤᠬᠠᠭᠠᠨ ᠲᠠᠢ ᠥᠰᠦᠭᠡᠷᠡᠢ
ᠰᠠᠢᠨ ᠡᠳᠦᠷ ᠦ᠋ᠨ ᠡᠭᠦᠳᠡ ᠶ᠋ᠢ ᠨᠡᠭᠡᠭᠡᠨ ᠤᠨᠠᠭᠠᠨ ᠰᠡᠪᠡᠯᠭᠡ ᠶ᠋ᠢ ᠨᠢ ᠦᠷᠭᠦᠭᠡᠵᠦ ᠮᠢᠯᠢᠶᠠᠶ᠎ᠠ
ᠰᠠᠢᠬᠠᠨ ᠦᠭᠡ ᠶ᠋ᠢᠨ ᠳᠡᠭᠡᠳᠦ ᠶ᠋ᠢ ᠢᠷᠥᠭᠡᠨ ᠤᠳᠠᠭᠠᠨ ᠵᠢᠷᠭᠠᠯ ᠢ᠋ ᠳᠠᠯᠠᠯᠵᠤ ᠮᠢᠯᠢᠶᠠᠶ᠎ᠠ
ᠥᠨᠳᠥᠷ ᠲᠡᠭᠷᠢ ᠶ᠋ᠢᠨ ᠬᠡᠰᠢᠭ ᠢ᠋ ᠳᠠᠯᠠᠯᠤᠨ ᠮᠣᠩᠭᠣᠯ ᠳ᠋ᠤ᠌ ᠲᠥᠷᠥᠭᠰᠡᠨ ᠰᠢᠦ
ᠡᠪᠦᠭᠡ ᠳᠡᠭᠡᠳᠦᠰ ᠦ᠋ᠨ ᠪᠤᠶᠠᠨ ᠢ᠋ ᠳᠠᠭᠠᠭᠠᠬᠤ ᠪᠠᠷ ᠮᠠᠯ ᠤ᠋ᠨ ᠵᠠᠬ᠎ᠠ ᠲᠠᠢ ᠰᠢᠦ
ᠡᠬᠡ ᠣᠷᠣᠨ ᠳ᠋ᠤ᠌ ᠪᠠᠨ ᠲᠤᠰᠠ ᠶ᠋ᠢ ᠪᠦᠲᠦᠭᠡᠨ ᠨᠡᠮᠡᠷᠢ ᠪᠣᠯᠤᠭᠠᠷᠠᠢ ᠲᠣᠮᠣ ᠪᠣᠯᠤᠭᠠᠳ
ᠡᠨᠡ ᠨᠠᠰᠤᠨ ᠳ᠋ᠤ᠌ ᠪᠠᠨ ᠲᠡᠭᠰᠢ ᠳᠦᠭᠦᠷᠡᠩ ᠪᠢᠯᠬᠠᠵᠤ ᠶᠠᠪᠤᠭᠠᠷᠠᠢ ᠵᠢᠷᠭᠠᠯ ᠲᠠᠢ ᠠᠮᠢᠳᠤᠷᠠᠭᠠᠷᠠᠢ
ᠰᠠᠢᠨ ᠡᠳᠦᠷ ᠦ᠋ᠨ ᠡᠭᠦᠳᠡ ᠶ᠋ᠢ ᠨᠡᠭᠡᠭᠡᠨ ᠤᠨᠠᠭᠠᠨ ᠰᠡᠪᠡᠯᠭᠡ ᠶ᠋ᠢ ᠨᠢ ᠦᠷᠭᠦᠭᠡᠵᠦ ᠮᠢᠯᠢᠶᠠᠶ᠎ᠠ
ᠰᠠᠢᠬᠠᠨ ᠦᠭᠡ ᠶ᠋ᠢᠨ ᠳᠡᠭᠡᠳᠦ ᠶ᠋ᠢ ᠢᠷᠥᠭᠡᠨ ᠤᠳᠠᠭᠠᠨ ᠵᠢᠷᠭᠠᠯ ᠢ᠋ ᠳᠠᠯᠠᠯᠵᠤ ᠮᠢᠯᠢᠶᠠᠶ᠎ᠠ
ᠰᠠᠢᠨ ᠡᠳᠦᠷ ᠦ᠋ᠨ ᠡᠭᠦᠳᠡ ᠶ᠋ᠢ ᠨᠡᠭᠡᠭᠡᠨ ᠤᠨᠠᠭᠠᠨ ᠰᠡᠪᠡᠯᠭᠡ ᠶ᠋ᠢ ᠨᠢ ᠦᠷᠭᠦᠭᠡᠵᠦ ᠮᠢᠯᠢᠶᠠᠶ᠎ᠠ
ᠰᠠᠢᠬᠠᠨ ᠦᠭᠡ ᠶ᠋ᠢᠨ ᠳᠡᠭᠡᠳᠦ ᠶ᠋ᠢ ᠢᠷᠥᠭᠡᠨ ᠤᠳᠠᠭᠠᠨ ᠵᠢᠷᠭᠠᠯ ᠢ᠋ ᠳᠠᠯᠠᠯᠵᠤ ᠮᠢᠯᠢᠶᠠᠶ᠎ᠠ
ᠰᠠᠢᠬᠠᠨ ᠦᠭᠡ ᠶ᠋ᠢᠨ ᠳᠡᠭᠡᠳᠦ ᠶ᠋ᠢ ᠢᠷᠥᠭᠡᠨ ᠤᠳᠠᠭᠠᠨ ᠵᠢᠷᠭᠠᠯ ᠢ᠋ ᠳᠠᠯᠠᠯᠵᠤ ᠮᠢᠯᠢᠶᠠᠶ᠎ᠠ
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠴᠢ ᠄ ᠢᠷᠡᠭᠡᠳᠦᠢ
