ᠮᠢᠨᠦ ᠨᠤᠲᠤᠭ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ-ᠮᠠᠨᠳᠤᠬᠤ ᠪᠠᠭᠰᠢ ᠶᠢᠨ ᠤᠷᠠᠨ ᠪᠢᠴᠢᠯᠭᠡ

ᠮᠢᠨᠦ ᠨᠤᠲᠤᠭ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-12-07

374

ᠮᠢᠨᠦ ᠨᠤᠲᠤᠭ


     ᠦᠭᠡ᠄ ᠴᠡᠩᠭᠡᠯᠲᠦ    
     ᠠᠶ᠎ᠠ᠄ ᠪᠠᠲᠤᠰᠠᠢᠬᠠᠨ   
     ᠳᠠᠭᠤᠴᠢᠨ᠄ ᠨᠠᠴᠢᠨᠱᠣᠩᠬᠤᠷ   

ᠮᠥᠩᠬᠡ ᠲᠩᠷᠢ ᠶ᠋ᠢᠨ ᠳᠠᠯᠠᠯᠭ᠎ᠠ ᠬᠤᠷᠤᠢᠯᠠᠭᠰᠠᠨ   
ᠮᠥᠩᠭᠥᠨ ᠰᠠᠷᠢᠳᠠᠭ ᠨᠢ ᠴᠠᠢᠯᠵᠠᠭᠠᠳ ᠪᠠᠢᠨ᠎ᠠ ᠤᠤ   
ᠴᠠᠢᠳᠠᠮ ᠪᠦᠷᠢᠳᠦ ᠨᠢ ᠴᠡᠩᠬᠡᠷᠲᠦᠨ ᠤᠨᠢᠶᠠᠷᠲᠤᠭᠰᠠᠨ    
ᠴᠡᠴᠡᠭᠡᠰ ᠦ᠋ᠨ ᠦᠨᠦᠷ ᠲᠡᠢ ᠮᠢᠨᠦ ᠨᠤᠲᠤᠭ  
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ  
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ᠃  

ᠨᠠᠷᠠ ᠬᠤᠷ᠎ᠠ ᠶ᠋ᠢᠨ ᠬᠡᠰᠢᠭ ᠢᠪᠡᠭᠡᠭᠰᠡᠨ
ᠨᠠᠭᠤᠷ ᠭᠣᠣᠯ ᠨᠢ ᠮᠡᠯᠲᠡᠭᠡᠨᠡᠭᠡᠳ ᠪᠠᠢᠨ᠎ᠠ ᠤᠤ
ᠨᠣᠮᠢᠨ ᠲᠠᠯ᠎ᠠ ᠨᠢ ᠬᠠᠶᠠᠭ᠎ᠠ ᠪᠠᠨ ᠲᠡᠯᠡᠭᠰᠡᠨ
ᠨᠡᠭᠦᠳᠡᠯ ᠦ᠋ᠨ ᠴᠥᠷᠬᠦᠯᠡᠭᠡ ᠲᠡᠢ ᠮᠢᠨᠦ ᠨᠤᠲᠤᠭ
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ᠃

ᠠᠯᠤᠰ ᠬᠣᠯᠠ ᠶ᠋ᠢᠨ ᠵᠡᠷᠭᠡᠯᠭᠡᠨ ᠮᠢᠷᠠᠯᠵᠠᠭᠰᠠᠨ
ᠠᠢᠯ ᠬᠣᠲᠠ ᠨᠢ ᠨᠠᠯᠠᠢᠭᠠᠳ ᠪᠠᠢᠨ᠎ᠠ ᠤᠤ
ᠠᠮᠤᠭᠤᠯᠠᠩ ᠵᠢᠷᠭᠠᠯᠠᠩ ᠬᠣᠣᠰᠯᠠᠨ ᠵᠠᠶᠠᠭᠠᠭᠰᠠᠨ
ᠠᠳᠤᠭᠤᠳ ᠤ᠋ᠨ ᠦᠦᠷᠰᠡᠭᠡ ᠲᠡᠢ ᠮᠢᠨᠦ ᠨᠤᠲᠤᠭ
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯ᠃ 
     
       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ