ᠲᠥᠷᠥ ᠶ᠋ᠢᠨ ᠠᠯᠲᠠᠨ ᠯᠢᠩᠬᠤ᠎ᠠ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠲᠥᠷᠥ ᠶ᠋ᠢᠨ ᠠᠯᠲᠠᠨ ᠯᠢᠩᠬᠤ᠎ᠠ
~ ᠲᠦᠪᠳᠦᠨ ᠪᠠᠭᠰᠢ ᠶ᠋ᠢᠨ ᠶᠡᠷᠡᠨ ᠨᠠᠰᠤᠨ ᠤ᠋ ᠪᠠᠶᠠᠷ ᠲᠤ᠌
ᠡᠬᠡ ᠪᠣᠯᠤᠭᠰᠠᠨ ᠵᠢᠷᠭᠤᠭᠠᠨ ᠵᠦᠢᠯ ᠢ᠋
ᠡᠯᠢᠭᠡ ᠵᠢᠷᠦᠬᠡᠨ ᠳ᠋ᠡᠭᠡᠨ ᠪᠠᠭᠲᠠᠭᠠᠬᠤ ᠳ᠋ᠠᠭᠠᠨ
ᠡᠷᠳᠡᠨᠢ ᠡᠪᠦᠷᠯᠡᠭᠰᠡᠨ ᠡᠵᠢ ᠨᠤᠲᠤᠭ ᠢ᠋ᠶ᠋ᠠᠨ
ᠡᠮᠲᠡᠷᠡᠰᠢ ᠦᠭᠡᠢ ᠭᠡᠵᠦ ᠵᠠᠯᠪᠠᠷᠢᠬᠤ ᠳ᠋ᠠᠭᠠᠨ᠃
ᠲᠥᠷᠥ ᠶ᠋ᠢᠨ ᠠᠯᠲᠠᠨ ᠯᠢᠩᠬᠤ᠎ᠠ ᠳᠡᠭᠡᠷ᠎ᠡ
ᠲᠡᠭᠦᠰ ᠵᠠᠪᠢᠯᠠᠭᠰᠠᠨ ᠠᠴᠢᠲᠤ ᠪᠠᠭᠰᠢ
ᠲᠦᠮᠡᠨ ᠦ᠌ ᠠᠷᠢᠭᠤᠨ ᠰᠦᠰᠦᠭ ᠳᠡᠭᠡᠷ᠎ᠡ
ᠲᠡᠭᠦᠯᠳᠡᠷ ᠵᠠᠯᠠᠷᠠᠭᠰᠠᠨ ᠣᠮᠣᠭᠲᠤ ᠪᠠᠭᠰᠢ᠃
ᠣᠮ ᠮᠠ ᠨᠢ ᠪᠠᠳ ᠮᠧᠢ ᠬᠣᠩ
ᠣᠮ ᠮᠠ ᠨᠢ ᠪᠠᠳ ᠮᠧᠢ ᠬᠣᠩ᠃
ᠡᠷᠳᠡᠮ ᠬᠤᠷᠠᠭᠰᠠᠨ ᠵᠢᠷᠭᠤᠭᠠᠨ ᠮᠠᠨᠢ ᠶ᠋ᠢ
ᠡᠷᠢᠬᠡᠨ ᠭᠣᠣᠯ ᠳ᠋ᠠᠭᠠᠨ ᠰᠢᠩᠭᠡᠭᠡᠬᠦ ᠳ᠋ᠡᠭᠡᠨ
ᠡᠪ ᠨᠠᠢᠷᠲᠠᠢ ᠡᠬᠡ ᠣᠷᠣᠨ ᠢ᠋ᠶ᠋ᠠᠨ
ᠡᠪᠳᠡᠷᠡᠰᠢ ᠦᠭᠡᠢ ᠭᠡᠵᠦ ᠳᠠᠭᠠᠳᠬᠠᠬᠤ ᠳ᠋ᠠᠭᠠᠨ᠃
ᠱᠠᠰᠢᠨ ᠤ᠋ ᠴᠠᠭᠠᠨ ᠰᠢᠬᠦᠷ ᠳᠣᠣᠷ᠎ᠠ
ᠱᠠᠰᠲᠢᠷ ᠪᠦᠲᠦᠭᠡᠭᠰᠡᠨ ᠡᠨᠡᠷᠢᠩᠭᠦᠢ ᠪᠠᠭᠰᠢ
ᠽᠠᠮᠪᠤᠲᠢᠪ ᠤ᠋ᠨ ᠠᠷᠠᠳ ᠪᠦᠬᠦᠨ ᠳ᠋ᠦ᠍
ᠵᠢᠷᠭᠠᠯ ᠬᠤᠷᠤᠢᠯᠠᠭᠰᠠᠨ ᠡᠵᠢ ᠪᠠᠭᠰᠢ᠃
ᠣᠮ ᠮᠠ ᠨᠢ ᠪᠠᠳ ᠮᠧᠢ ᠬᠣᠩ
ᠣᠮ ᠮᠠ ᠨᠢ ᠪᠠᠳ ᠮᠧᠢ ᠬᠣᠩ
ᠣᠮ ᠮᠠ ᠨᠢ ᠪᠠᠳ ᠮᠧᠢ ᠬᠣᠩ
ᠣᠮ ᠮᠠ ᠨᠢ ᠪᠠᠳ ᠮᠧᠢ ᠬᠣᠩ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
