ᠬᠠᠢᠷ᠎ᠠ ᠰᠢᠩᠭᠡᠭᠰᠡᠨ ᠬᠠᠷᠠᠴᠠ-ᠳ ∙ ᠨᠢᠮᠠᠵᠠᠪD.Nyamjav Hair shingesen harts Д.Нямжав Хайр Шингэсэн Харц ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠰᠢᠩᠭᠡᠭᠰᠡᠨ ᠬᠠᠷᠠᠴᠠ-ᠳ ∙ ᠨᠢᠮᠠᠵᠠᠪD.Nyamjav Hair shingesen harts Д.Нямжав Хайр Шингэсэн Харц

ᠬᠠᠢᠷ᠎ᠠ ᠰᠢᠩᠭᠡᠭᠰᠡᠨ ᠬᠠᠷᠠᠴᠠ-ᠳ ∙ ᠨᠢᠮᠠᠵᠠᠪD.Nyamjav Hair shingesen harts Д.Нямжав Хайр Шингэсэн Харц

ᠠᠩᠭᠢᠯᠠᠯ:ᠳᠠᠭᠤᠤ ᠬᠥᠭᠵᠢᠮ
2023-12-06

376

ᠬᠠᠢᠷ᠎ᠠ ᠰᠢᠩᠭᠡᠭᠰᠡᠨ ᠬᠠᠷᠠᠴᠠ

         ᠳ· ᠨᠢᠮᠠᠵᠠᠪ
ᠬᠠᠢᠷ᠎ᠠ ᠰᠢᠩᠭᠡᠭᠰᠡᠨ ᠬᠠᠷᠠᠴᠠ ᠶ᠋ᠢ
ᠣᠯᠵᠤ ᠬᠠᠷᠠᠭᠰᠠᠨ ᠶᠤᠮ ᠠ᠋
ᠬᠠᠮᠤᠭ ᠰᠠᠢᠬᠠᠨ ᠪᠦᠬᠦᠨ
ᠴᠢᠮ᠎ᠠ ᠳ᠋ᠤ᠌ ᠯᠠ ᠪᠠᠢᠬᠤ ᠶᠤᠮ ᠠ᠋
ᠬᠠᠯᠭᠢᠯᠠᠵᠤ ᠪᠤᠯᠭᠢᠯᠠᠬᠤ ᠵᠢᠷᠦᠬᠡ ᠨᠢ
ᠬᠡᠨᠵᠡᠯᠡᠵᠦ ᠤᠷᠭᠤᠪᠠ ᠤᠤ ᠳᠠ 
ᠬᠠᠢᠯᠬᠤ ᠨᠠᠰᠤᠨ ᠤ᠋ ᠲᠠᠪᠢᠯᠠᠩ ᠢ᠋ᠶ᠋ᠠᠷ
ᠡᠩᠭᠡᠷ ᠵᠥᠭᠡᠯᠡᠯᠡᠬᠦ ᠨᠢ ᠡᠨᠡ ᠤᠤ ᠳᠠ
ᠬᠠᠷᠠᠴᠠ ᠬᠠᠷᠠᠴᠠ ᠪᠠᠨ ᠡᠷᠬᠡᠯᠡᠭᠦᠯᠵᠦ
ᠬᠠᠢᠷ᠎ᠠ ᠶ᠋ᠢᠨ ᠭᠠᠯ ᠠᠰᠠᠭᠰᠠᠨ ᠶᠤᠮ ᠠ᠋
ᠬᠤᠪᠢᠷᠠᠭ᠎ᠠ ᠨᠢ ᠦᠭᠡᠢ ᠰᠡᠳᠬᠢᠯ ᠢ᠋ᠶ᠋ᠡᠨ
ᠭᠠᠭᠴᠠᠬᠠᠨ ᠲᠡᠭᠦᠨ ᠳ᠋ᠦ᠍ ᠪᠡᠨ ᠦᠭᠭᠦᠭᠰᠡᠨ ᠶᠦᠮ ᠠ᠋
ᠠᠶᠠᠳᠠᠭᠤ ᠪᠣᠷᠣᠬᠠᠨ ᠴᠢᠷᠠᠢ ᠶ᠋ᠢ ᠨᠢ
ᠠᠵᠢᠭᠯᠠᠵᠤ ᠰᠠᠭᠤᠭᠰᠠᠨ ᠶᠤᠮ ᠠ᠋
ᠠᠯᠢᠪᠠ ᠰᠠᠢᠬᠠᠨ ᠪᠦᠬᠦᠨ
ᠲᠡᠨᠳᠡ ᠮᠢᠨᠢ ᠰᠢᠩᠭᠡᠭᠰᠡᠨ ᠶᠦᠮ ᠠ᠋
ᠠᠷᠭᠠᠮᠵᠢᠶ᠎ᠠ ᠠᠯᠳᠠᠭᠤᠯᠤᠭᠰᠠᠨ ᠬᠠᠢᠷ᠎ᠠ ᠶ᠋ᠢ
ᠠᠪᠴᠢᠷᠠᠵᠤ ᠰᠡᠲᠡᠷᠡᠭᠡ ᠦᠭᠡᠢ ᠳᠡ
ᠠᠶᠠᠰᠠᠭᠤ ᠤᠶᠠᠰᠤᠭᠤ ᠰᠡᠳᠬᠢᠯ ᠳ᠋ᠦ᠍ ᠪᠡᠨ
ᠠᠭᠠᠯᠢᠬᠠᠨ ᠲᠡᠭᠦᠨ ᠲᠡᠢ ᠤᠴᠠᠷᠠᠪᠠ ᠤᠤ ᠳᠠ
ᠬᠠᠷᠠᠴᠠ ᠬᠠᠷᠠᠴᠠ ᠪᠠᠨ ᠡᠷᠬᠡᠯᠡᠭᠦᠯᠵᠦ
ᠬᠠᠢᠷ᠎ᠠ ᠶ᠋ᠢᠨ ᠭᠠᠯ ᠠᠰᠠᠭᠰᠠᠨ ᠶᠤᠮ ᠠ᠋
ᠬᠤᠪᠢᠷᠠᠭ᠎ᠠ ᠨᠢ ᠦᠭᠡᠢ ᠰᠡᠳᠬᠢᠯ ᠢ᠋ᠶ᠋ᠡᠨ
ᠭᠠᠭᠴᠠᠬᠠᠨ ᠲᠡᠭᠦᠨ ᠳ᠋ᠦ᠍ ᠪᠡᠨ ᠦᠭᠭᠦᠭᠰᠡᠨ ᠶᠦᠮ ᠠ᠋
ᠪᠤᠰᠤᠳ ᠤ᠋ᠨ ᠬᠠᠷᠠᠴᠠᠨ ᠠ᠋ᠴᠠ
ᠴᠢᠮ᠎ᠠ ᠶ᠋ᠢ ᠪᠡᠨ ᠬᠠᠷᠠᠮᠯᠠᠵᠤ ᠶᠠᠪᠤᠬᠤ ᠶᠤᠮ ᠠ᠋
ᠪᠤᠷᠬᠠᠨ ᠵᠠᠶᠠᠭᠠᠭᠰᠠᠨ ᠲᠥᠷᠬᠦ ᠳ᠋ᠦ᠍ ᠨᠢ
ᠠᠭᠤᠵᠢᠷᠠᠵᠤ ᠤᠶᠠᠷᠠᠬᠤ ᠶᠤᠮ ᠠ᠋
ᠪᠠᠭᠤᠷᠢ ᠪᠠᠨ ᠰᠡᠯᠭᠦᠭᠰᠡᠨ ᠬᠠᠢᠷ᠎ᠠ
ᠨᠠᠮ᠎ᠠ ᠶ᠋ᠢ ᠬᠥᠭᠯᠡᠭᠦᠯᠦᠭᠡᠳ
ᠪᠤᠭᠤᠷᠤᠯ ᠰᠠᠭᠤᠭᠰᠠᠨ ᠴᠤ᠌
ᠮᠠᠷᠲᠠᠬᠤ ᠶ᠋ᠢᠨ ᠠᠷᠭ᠎ᠠ ᠦᠭᠡᠢ ᠤᠴᠠᠷᠠᠯ ᠶᠤᠮ ᠤᠤ ᠳᠠ
ᠬᠠᠷᠠᠴᠠ ᠬᠠᠷᠠᠴᠠ ᠪᠠᠨ ᠡᠷᠬᠡᠯᠡᠭᠦᠯᠵᠦ
ᠬᠠᠢᠷ᠎ᠠ ᠶ᠋ᠢᠨ ᠭᠠᠯ ᠠᠰᠠᠭᠰᠠᠨ ᠶᠤᠮ ᠠ᠋
ᠬᠤᠪᠢᠷᠠᠭ᠎ᠠ ᠨᠢ ᠦᠭᠡᠢ ᠰᠡᠳᠬᠢᠯ ᠢ᠋ᠶ᠋ᠡᠨ
ᠭᠠᠭᠴᠠᠬᠠᠨ ᠲᠡᠭᠦᠨ ᠳ᠋ᠦ᠍ ᠪᠡᠨ ᠦᠭᠭᠦᠭᠰᠡᠨ ᠶᠦᠮ ᠠ᠋
ᠬᠠᠷᠠᠴᠠ ᠬᠠᠷᠠᠴᠠ ᠪᠠᠨ ᠡᠷᠬᠡᠯᠡᠭᠦᠯᠵᠦ
ᠬᠠᠢᠷ᠎ᠠ ᠶ᠋ᠢᠨ ᠭᠠᠯ ᠠᠰᠠᠭᠰᠠᠨ ᠶᠤᠮ ᠠ᠋
ᠬᠤᠪᠢᠷᠠᠭ᠎ᠠ ᠨᠢ ᠦᠭᠡᠢ ᠰᠡᠳᠬᠢᠯ ᠢ᠋ᠶ᠋ᠡᠨ
ᠭᠠᠭᠴᠠᠬᠠᠨ ᠲᠡᠭᠦᠨ ᠳ᠋ᠦ᠍ ᠪᠡᠨ ᠦᠭᠭᠦᠭᠰᠡᠨ ᠶᠦᠮ ᠠ᠋

   ᠦᠰᠦᠭ ᠠᠮᠢᠯᠠᠭᠤᠯᠤᠭᠰᠠᠨ ᠨᠢ᠄ ᠰᠡᠷᠭᠦᠯᠡᠩ
   ᠦᠰᠦᠭ ᠬᠠᠲᠠᠭᠰᠠᠨ ᠨᠢ᠄ ᠰᠡᠷᠭᠦᠯᠡᠩ
   ᠬᠢᠨᠠᠭᠴᠢ ᠪᠠᠭᠰᠢ᠄ ᠢᠷᠡᠭᠡᠳᠦᠢ᠂ ᠳᠠᠰᠢᠨᠢᠮ᠎ᠠ᠂ ᠾᠦᠩ ᠸᠧᠢ᠂ ᠭᠠᠷᠮ᠎ᠠ᠂ ᠮᠥᠴᠢᠷ