ᠪᠢᠳᠡ ᠴᠠᠭᠠᠨ ᠰᠠᠷ᠎ᠠ ᠳ᠋ᠤ᠌ ᠪᠠᠨ ᠳᠡᠩᠳᠡᠭᠦᠦ ᠪᠦᠷᠢᠯᠭᠡᠨ ᠰᠦᠢᠳᠬᠡᠵᠦ ᠪᠠᠢᠨ᠎ᠠБид цагаан сартаа дэндүү бүрэлгэн сүйтгэж байна
ᠪᠢᠳᠡ ᠴᠠᠭᠠᠨ ᠰᠠᠷ᠎ᠠ ᠳ᠋ᠤ᠌ ᠪᠠᠨ ᠳᠡᠩᠳᠡᠭᠦᠦ ᠪᠦᠷᠢᠯᠭᠡᠨ ᠰᠦᠢᠳᠬᠡᠵᠦ ᠪᠠᠢᠨ᠎ᠠ
ᠡᠨᠡ ᠴᠠᠭᠠᠨ ᠰᠠᠷ᠎ᠠ ᠭᠡᠳᠡᠭ ᠶᠠᠭᠤᠮ᠎ᠠ ᠶ᠋ᠢ ᠰᠤᠷᠠᠭᠯᠠᠭᠠᠳ ᠪᠠᠢᠭᠰᠠᠨ ᠴᠢᠨᠢ ᠬᠣᠢᠨ᠎ᠠ ᠠ᠋ᠴᠠ ᠢᠷᠡᠭᠡᠳ᠂ ᠬᠣᠶᠠᠷᠬᠠᠨ ᠬᠣᠨᠣᠭᠠᠳ ᠤᠷᠤᠭᠰᠢ ᠪᠠᠨ ᠥᠩᠭᠡᠷᠡᠴᠢᠬᠡᠳᠡᠭ ᠶᠦᠮ ᠭᠡᠨ᠎ᠡ᠃
ᠵᠠ᠂ ᠡᠢᠮᠦ ᠨᠢᠭᠡ ᠬᠣᠶᠠᠷᠬᠠᠨ ᠡᠳᠦᠷ ᠦ᠋ᠨ ᠴᠠᠭᠠᠨ ᠰᠠᠷ᠎ᠠ ᠶ᠋ᠢ ᠪᠢᠳᠡ ᠣᠳᠣ ᠬᠣᠷᠢᠨ ᠡᠳᠦᠷ᠂ ᠬᠠᠭᠠᠰ ᠰᠠᠷ᠎ᠠ ᠶ᠋ᠢᠨ ᠡᠮᠦᠨ᠎ᠡ ᠡᠴᠡ ᠣᠳᠣ ᠬᠣᠶᠠᠭᠤᠯᠠ ᠭᠤᠷᠪᠠᠭᠤᠯᠠ ᠪᠠᠨ ᠶᠠᠭᠠᠷᠠᠯ᠎ᠠ ᠰᠢᠦ!
ᠵᠠ᠂ ᠢᠩᠭᠢᠭᠡᠳ ᠨᠢᠭᠡ ᠠᠢᠯ ᠤ᠋ᠨ ᠬᠣᠶᠠᠷ ᠠ᠋ᠴᠠ ᠲᠠᠪᠤᠨ ᠮᠢᠩᠭᠠᠨ ᠲᠥᠭᠥᠷᠢᠭ ᠦ᠋ᠨ ᠵᠠᠷᠤᠳᠠᠯ᠂ ᠵᠠ᠂ ᠵᠠᠷᠢᠮ ᠨᠢ ᠪᠣᠯ ᠣᠳᠣ ᠲᠠᠪᠤᠨ ᠮᠢᠩᠭ᠎ᠠ ᠠ᠋ᠴᠠ ᠲᠦᠮᠡ ᠤᠷᠤᠭᠤ ᠵᠦᠭ ᠣᠷᠣᠵᠤ ᠪᠠᠢᠨ᠎ᠠ᠃
ᠵᠠ᠂ ᠶᠠᠭᠤᠮ᠎ᠠ ᠪᠦᠬᠦᠨ ᠳᠤᠲᠠᠵᠤ ᠪᠠᠢᠨ᠎ᠠ ᠯᠠ ᠭᠡᠨ᠎ᠡ᠂ ᠠᠪᠴᠤ ᠯᠠ ᠪᠠᠢᠨ᠎ᠠ᠂ ᠶᠣ᠂ ᠶᠣ᠁
ᠵᠠ᠂ ᠡᠨᠡ ᠢᠳᠡᠭᠡ ᠣᠳᠣ ᠬᠥᠮᠦᠨ ᠠᠢᠯ ᠤ᠋ᠳ ᠤ᠋ᠨ ᠲᠠᠪᠠᠭ ᠢ᠋ ᠲᠠᠪᠤᠨ ᠳᠠᠪᠬᠤᠷ ᠬᠤᠷᠤᠳ ᠤ᠋ᠨ ᠬᠢ ᠵᠠᠰᠠᠵᠤ ᠪᠠᠢᠨ᠎ᠠ᠂ ᠶᠠᠭᠠᠬᠢᠵᠤ ᠪᠠᠢᠨ᠎ᠠ᠃ ᠲᠡᠷᠡ ᠨᠢ ᠪᠠᠰᠠ ᠬᠡᠳᠦᠨ ᠵᠠᠭᠤ᠂ ᠮᠢᠩᠭᠠᠨ ᠤ᠋ ᠴᠤ᠌ ᠪᠠᠢᠨ᠎ᠠ᠂ ᠢᠩᠭᠢᠭᠡᠳ ᠪᠡᠶ᠎ᠡ ᠪᠡᠶ᠎ᠡ ᠪᠡᠨ ᠳᠠᠭᠤᠷᠢᠶᠠᠭᠠᠳ᠂ ᠡᠭᠦᠨ ᠳᠡᠭᠡᠷ᠎ᠡ ᠨᠢᠭᠡ ᠶᠧᠪᠡᠩ ᠮᠥᠰᠥᠨ ᠰᠢᠬᠢᠷ ᠲᠠᠯᠪᠢᠯ᠎ᠠ ᠪᠠᠷᠠᠴᠢᠬᠠᠯ᠎ᠠ ᠰᠢᠳᠡ᠂ ᠲᠡᠢᠮᠦ ᠪᠢᠵᠡ⁈
ᠪᠢᠳᠡ ᠠᠷᠪᠢᠯᠠᠨ ᠭᠠᠮᠨᠠᠵᠤ ᠨᠠᠶᠠ ᠶᠡᠷᠡᠭᠡᠳ ᠣᠨ ᠤ᠋ ᠲᠡᠷᠡ ᠴᠠᠭᠠᠨ ᠰᠠᠷ᠎ᠠ ᠪᠠᠨ ᠥᠩᠭᠡᠷᠡᠮᠡᠷ ᠪᠠᠢᠨ᠎ᠠ ᠳᠡᠩᠳᠡᠭᠦᠦ ᠪᠠᠢᠨ᠎ᠠ᠃
ᠣᠳᠣ ᠴᠢᠨᠢ ᠠᠢᠯ ᠬᠡᠰᠦᠬᠦ ᠪᠡᠨ ᠵᠠᠯᠬᠠᠭᠤᠷᠠᠵᠤ ᠪᠠᠢᠨ᠎ᠠ᠂ ᠠᠢᠮᠠᠭ ᠬᠤᠰᠢᠭᠤᠨ ᠳᠡᠭᠡᠷ᠎ᠡ ᠪᠡᠨ ᠬᠣᠭᠣᠯᠠᠨ ᠭᠡᠷ ᠲᠣᠭᠲᠠᠴᠢᠬᠠᠨᠠ᠃
ᠵᠠ᠂ ᠢᠩᠭᠢᠭᠡᠳ ᠣᠳᠣ ᠴᠢᠨᠢ ᠠᠵᠢᠯ ᠢ᠋ᠶ᠋ᠠᠨ ᠬᠢᠵᠦ ᠪᠠᠷᠠᠭᠠᠳ ᠣᠳᠣ ᠠᠢᠮᠠᠭ ᠬᠣᠰᠢᠭᠤ ᠤᠷᠤᠭᠤ ᠤᠳᠠᠭ᠎ᠠ ᠤᠳᠠᠭ᠎ᠠ ᠬᠣᠶᠠᠷ ᠭᠤᠷᠪᠠᠨ ᠵᠠᠭᠤᠨ ᠲᠥᠭᠥᠷᠢᠭ ᠦ᠋ᠨ ᠵᠣᠭᠣᠰ ᠲᠣᠰᠣᠨ ᠵᠣᠭᠣᠰ ᠢ᠋ᠶ᠋ᠠᠨ ᠵᠠᠷᠤᠭᠠᠳ ᠣᠴᠢᠨ᠎ᠠ᠃ ᠲᠡᠭᠡᠭᠡᠳ ᠢᠩᠭᠢᠭᠡᠳ ᠬᠠᠷᠠᠩᠭᠤᠢ ᠭᠤᠳᠤᠮᠵᠢᠨ ᠳ᠋ᠤ᠌ ᠣᠳᠣ ᠬᠣᠭᠣᠯᠠᠨ ᠭᠡᠷ ᠲᠤ᠄《 ᠰᠠᠢᠨ ᠤᠤ᠂ ᠮᠡᠨᠳᠦ ᠤᠤ⁈》 ᠭᠡᠳ᠂ ᠲᠡᠷᠡ《 ᠰᠢᠨᠠᠯᠠᠵᠤ ᠪᠠᠢᠨ᠎ᠠ》 ᠭᠡᠵᠦ ᠬᠡᠯᠡᠨ᠎ᠡ ᠤᠤ⁈
ᠮᠠᠨ ᠤ᠋ ᠮᠣᠩᠭᠣᠯ ᠬᠥᠮᠦᠨ ᠦ᠌ ᠴᠠᠭᠠᠨ ᠰᠠᠷ᠎ᠠ ᠴᠢᠨᠢ ᠣᠳᠣ ᠦᠷ ᠦ᠋ᠨ ᠬᠠᠷᠠᠩᠭᠤᠢ ᠪᠠᠷ ᠯᠠ ᠮᠣᠷᠳᠠᠭᠠᠳ ᠳᠠᠪᠬᠢᠨ᠎ᠠ᠃ ᠨᠠᠷᠠᠨ ᠢ᠋ᠶ᠋ᠠᠷ ᠯᠠ ᠠᠢᠯ ᠳ᠋ᠤ᠌ ᠣᠴᠢᠭᠠᠳ ᠯᠠ ᠨᠠᠭᠠᠴᠤ᠂ ᠠᠪᠠᠭ᠎ᠠ ᠲᠡᠷᠡ ᠠᠬᠠᠮᠠᠳ ᠤ᠋ᠨ ᠬᠢᠨ ᠢ᠋ᠶ᠋ᠡᠷ ᠯᠡ ᠣᠴᠢᠭᠠᠳ ᠰᠢᠨᠡᠯᠡᠭᠡᠳ᠂ ᠲᠡᠭᠡᠭᠡᠳ ᠲᠡᠷᠡ ᠠᠢᠯ ᠤ᠋ᠨ ᠡᠵᠢ ᠨᠢᠭᠡ ᠠᠳᠬᠤ ᠰᠢᠬᠢᠷ ᠥᠭᠪᠡᠯ᠂ ᠬᠠ᠂ ᠶᠠ! ᠲᠡᠷᠡ ᠪᠠᠶᠠᠷᠲᠠᠢ ᠶᠠᠪᠤᠨ᠎ᠠ ᠭᠡᠳᠡᠭ ᠴᠢᠨᠢ᠂ ᠬᠠ᠁ ᠶᠠ᠂ ᠱᠤᠤᠮᠠᠰᠠᠨ ᠳ᠋ᠤ᠌ ᠪᠠᠨ ᠬᠢᠴᠢᠬᠡᠭᠡᠳ ᠶᠣᠰᠣᠲᠠᠢ ᠨᠡᠭᠡᠷᠡᠨ ᠬᠠᠭ᠎ᠠ ᠪᠠᠶᠠᠷ ᠶᠠᠪᠤᠨ᠎ᠠ᠃
ᠣᠳᠣ ᠬᠠᠮᠢᠭ᠎ᠠ ᠪᠠᠢᠳᠠᠭ ᠪᠦᠷ ᠵᠣᠭᠣᠰ ᠮᠥᠩᠭᠥ ᠪᠡᠷ ᠦᠨᠡᠯᠡᠴᠢᠬᠡᠭᠰᠡᠨ᠂ ᠲᠡᠷᠡ ᠬᠡᠦᠬᠡᠳ ᠦ᠋ᠳ ᠴᠢᠨᠢ ᠨᠢᠭᠡ ᠨᠣᠭᠣᠭᠠᠨ ᠲᠠᠪᠢᠨ ᠳᠡᠪᠢᠰᠬᠡᠷ ᠥᠭᠬᠦ ᠳ᠋ᠦ᠍ ᠴᠢᠨᠢ ᠵᠢᠭᠠᠬᠠᠨ ᠭᠡᠳ ᠳᠤᠷ᠎ᠠ ᠮᠠᠭᠤᠲᠠᠢ᠂ ᠲᠡᠷᠡ ᠤᠯᠠᠭᠠᠨ ᠢ᠋ ᠨᠢ ᠥᠭᠭᠦᠭᠰᠡᠭᠡᠷ ᠪᠠᠰᠠ ᠪᠠᠶᠠᠷᠲᠠᠢ ᠠᠪᠴᠢᠬᠠᠨ᠎ᠠ᠃ ᠣᠳᠣ ᠡᠨᠡ ᠪᠣᠯ ᠶᠠᠭᠠᠬᠢᠬᠤ ᠪᠣᠢ⁈ ᠪᠢᠳᠡ ᠥᠪᠡᠷ ᠦ᠋ᠨ ᠬᠡᠦᠬᠡᠳ ᠦ᠋ᠳ ᠲᠤ ᠪᠡᠨ ᠪᠦᠷ ᠮᠠᠭᠤ ᠵᠠᠩ ᠰᠤᠷᠭᠠᠵᠤ ᠪᠠᠢᠨ᠎ᠠ᠃ ᠡᠭᠦᠨ ᠢ᠋ ᠪᠣᠯ ᠪᠢᠳᠡ ᠣᠳᠣ ᠦᠭᠡᠢᠰᠬᠡᠬᠦ ᠬᠡᠷᠡᠭᠲᠡᠢ᠃
ᠪᠢᠳᠡ ᠣᠳᠣ ᠭᠤᠴᠢᠨ ᠵᠢᠯ ᠪᠦᠷᠢᠯᠭᠡᠯᠡ ᠰᠢᠦ! ᠣᠳᠣ ᠡᠨᠡ ᠰᠡᠭᠦᠯ ᠦ᠋ᠨ ᠭᠤᠴᠢᠨ ᠵᠢᠯ ᠳ᠋ᠦ᠍ ᠣᠳᠣ ᠠᠷᠪᠢᠯᠠᠵᠤ ᠭᠠᠮᠨᠠᠬᠤ ᠶ᠋ᠢ ᠡᠨᠡ ᠬᠡᠦᠬᠡᠳ ᠦ᠋ᠳ ᠲᠤ ᠪᠡᠨ ᠵᠢᠭᠠᠨ᠎ᠠ᠃ ᠤᠤᠯ ᠤ᠋ᠨ ᠰᠠᠢᠬᠠᠨ ᠲᠡᠷᠡ᠂ ᠠ᠋᠂ ᠠᠮᠤᠰᠤ ᠰᠢᠷᠡᠭᠡ ᠪᠡᠨ ᠵᠠᠰᠠᠭᠠᠳ ᠲᠡᠭᠡᠭᠡᠳ ᠨᠢᠭᠡ ᠲᠡᠷᠡ ᠠᠭᠠᠷᠤᠤᠯ ᠴᠠᠭᠠᠨ ᠢᠳᠡᠭᠡ ᠮᠢᠳᠡᠭᠡ ᠪᠡᠨ ᠲᠠᠯᠪᠢᠭᠠᠳ᠂ ᠠᠢᠷᠠᠭ ᠴᠡᠬᠡ ᠮᠡᠬᠡ ᠪᠡᠨ ᠲᠠᠯᠪᠢᠭᠠᠳ ᠲᠡᠭᠡᠭᠡᠳ ᠳᠥᠬᠥᠮᠬᠡᠨ ᠪᠣᠯᠤᠭ᠎ᠠ᠃
ᠮᠥᠨ ᠨᠢᠭᠡ ᠯᠡ ᠬᠣᠶᠠᠷ ᠮᠢᠩᠭ᠎ᠠ ᠳᠣᠲᠣᠷ᠎ᠠ ᠯᠠ ᠣᠳᠣ ᠴᠠᠭᠠᠨ ᠰᠠᠷ᠎ᠠ ᠶ᠋ᠢ ᠥᠩᠭᠡᠷᠡᠭᠡᠬᠦ ᠪᠡᠷ᠂ ᠢᠯᠡᠭᠦᠦ ᠵᠣᠭᠣᠰ ᠣᠭᠲᠣ ᠵᠠᠷᠤᠵᠤ ᠪᠣᠯᠬᠤ ᠦᠭᠡᠢ᠂ ᠢᠩᠭᠢᠶ᠎ᠡ ᠭᠡᠵᠦ ᠪᠣᠳᠣᠵᠤ ᠪᠠᠢᠨ᠎ᠠ᠂ ᠡᠨᠡ ᠣᠳᠣ ᠡᠨᠡ ᠰᠢᠨᠡᠴᠢᠯᠡᠭᠡᠳ ᠪᠠᠢᠵᠤ ᠪᠣᠯᠬᠤ ᠦᠭᠡᠢ᠂ ᠰᠢᠨᠡᠴᠢᠯᠡᠬᠦ ᠳᠣᠳᠣᠮ ᠶᠡᠷᠦ ᠨᠢ ᠶᠠᠳᠠᠭᠤᠷᠠᠭᠠᠳ ᠪᠠᠢᠨ᠎ᠠ᠃
ᠴᠢ ᠬᠥᠮᠦᠨ ᠦ᠌ ᠦᠨᠳᠦᠰᠦᠲᠡᠨ ᠡᠨᠡ ᠴᠢᠨᠦ ᠠᠪᠳᠠᠭ ᠶᠠᠭᠤᠮ᠎ᠠ ᠶ᠋ᠢ ᠴᠢᠨᠢ ᠪᠦᠷ ᠡᠭᠦᠳᠡᠨ ᠳᠡᠭᠡᠷ᠎ᠡ ᠪᠡᠨ ᠲᠠᠯᠪᠢᠴᠢᠬᠠᠭᠠᠳ ᠪᠠᠢᠵᠤ ᠪᠠᠢᠨ᠎ᠠ᠃ ᠴᠢᠮ᠎ᠠ ᠶ᠋ᠢ ᠢᠷᠡᠵᠦ ᠠᠪᠬᠤ ᠶ᠋ᠢ ᠴᠢᠨᠢ ᠮᠡᠳᠡᠵᠦ ᠪᠠᠢᠨ᠎ᠠ᠂ ᠮᠠᠨᠤᠰ ᠲᠦᠮᠡ ᠲᠦᠮᠡ ᠪᠡᠷ ᠵᠠᠷᠤᠵᠤ ᠪᠠᠢᠨ᠎ᠠ᠂ ᠬᠥᠮᠦᠨ ᠲᠦᠮᠡ ᠲᠦᠮᠡ ᠪᠡᠷ ᠣᠯᠵᠤ ᠪᠠᠢᠨ᠎ᠠ᠃ ᠬᠥᠮᠦᠨ ᠪᠠᠶᠠᠵᠢᠬᠤ ᠦᠭᠡᠢ ᠬᠠᠮᠢᠭ᠎ᠠ ᠶᠠᠪᠤᠬᠤ ᠪᠣᠢ⁈
ᠮᠠᠨᠤᠰ ᠤ᠋ᠨ ᠠᠮᠢᠳᠤᠷᠠᠯ ᠣᠳᠣ ᠳᠣᠷᠣᠭᠰᠢ ᠪᠠᠨ ᠶᠠᠪᠤᠨ᠎ᠠ᠂ ᠠᠮᠠᠷ ᠶᠤᠮ ᠤᠤ⁈ ᠡᠨᠡ ᠭᠠᠩ ᠲᠠᠢ ᠳ᠋ᠤ᠌ ᠡᠪᠡᠰᠦ ᠪᠣᠷᠳᠣᠭ᠎ᠠ ᠪᠠᠨ ᠠᠪᠤᠭᠰᠠᠨ ᠨᠢ ᠳᠡᠭᠡᠷ᠎ᠡ ᠵᠦᠭᠡᠷ᠂ ᠪᠠᠢᠶ᠎ᠠ ᠵᠦᠭᠡᠷ᠂ ᠪᠠᠢᠶ᠎ᠠ ᠪᠠᠢᠶ᠎ᠠ᠃
ᠠ᠂ ᠶᠠ᠁ ᠪᠤᠷᠬᠠᠨ᠁ ᠪᠠᠢᠶ᠎ᠠ᠂ ᠪᠠᠢᠶ᠎ᠠ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠳᠠᠭᠴᠢ᠄ ᠮᠥᠩᠬᠡ ᠭᠠᠯ
ᠬᠢᠨᠠᠭᠴᠢ᠄ ᠮᠠᠨᠳᠠᠷᠠᠸ᠎ᠠ᠂ ᠢᠷᠡᠭᠡᠳᠦᠢ᠂ ᠭᠠᠷᠮ᠎ᠠ
