ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 4 > Хөх зул – Боржигон Ванжал –"Ддөрөв ᠂ Монгол гэрийн бүтцийн бүлэг " 4 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 4 > Хөх зул – Боржигон Ванжал –"Ддөрөв ᠂ Монгол гэрийн бүтцийн бүлэг " 4

ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 4 > Хөх зул – Боржигон Ванжал –"Ддөрөв ᠂ Монгол гэрийн бүтцийн бүлэг " 4

ᠠᠩᠭᠢᠯᠠᠯ:ᠵᠠᠩ ᠦᠢᠯᠡ
2023-12-05

288

ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ – 4

ᠮᠥᠩᠭᠦᠨ ᠡᠳ᠋ᠯᠡᠯ ᠦᠨ ᠵᠦᠢᠯ ᠦᠳ Мөнгөн эдлэлийн зүйлүүд


ᠮᠥᠩᠭᠥᠨ ᠲᠠᠪᠠᠭ  
       ᠮᠣᠳᠣᠨ ᠦᠨᠳᠦᠰᠦᠨ ᠶᠠᠰᠤᠲᠠᠢ᠂ ᠮᠥᠩᠭᠥ ᠪᠡᠷ ᠳᠣᠲᠣᠷᠯᠠᠵᠤ ᠭᠦᠪᠡᠭᠡᠯᠡᠭᠰᠡᠨ ᠳᠤᠭᠤᠢ ᠬᠡᠯᠪᠡᠷᠢᠲᠡᠢ ᠰᠠᠪᠠ᠃ 
ᠮᠥᠩᠭᠥᠨ ᠠᠶᠠᠭ᠎ᠠ    
       ᠮᠣᠳᠣᠨ ᠦᠨᠳᠦᠰᠦᠨ ᠶᠠᠰᠤᠲᠠᠢ᠂ ᠮᠥᠩᠭᠥᠨ ᠳᠣᠲᠣᠷ᠎ᠠ ᠲᠠᠢ ᠠᠶᠠᠭ᠎ᠠ᠃ ᠪᠠᠰᠠ ᠴᠥᠭᠥᠴᠡ ᠭᠡᠳᠡᠭ᠃ 
ᠮᠥᠩᠭᠥᠨ ᠭᠦᠴᠡ  
       ᠠᠷᠢᠬᠢ ᠬᠢᠳᠡᠭ ᠪᠢᠴᠢᠬᠠᠨ ᠰᠠᠪᠠ᠃ 
ᠮᠥᠩᠭᠥᠨ ᠬᠤᠨᠳᠠᠭ᠎ᠠ  
       ᠮᠥᠩᠭᠥ ᠪᠡᠷ ᠬᠢᠭᠰᠡᠨ ᠠᠷᠢᠬᠢᠨ ᠬᠤᠨᠳᠠᠭ᠎ᠠ᠃ 
ᠮᠥᠩᠭᠥᠨ ᠬᠠᠯᠪᠠᠭ᠎ᠠ   
       ᠮᠥᠩᠭᠥ ᠪᠡᠷ ᠬᠢᠭᠰᠡᠨ ᠬᠠᠯᠪᠠᠭ᠎ᠠ᠃ 
ᠮᠥᠩᠭᠥᠨ ᠵᠠᠰᠠᠯ ᠴᠢᠮᠡᠭ   
       ᠮᠥᠩᠭᠥᠨ ᠪᠦᠯᠡᠵᠡᠭ᠂ ᠮᠥᠩᠭᠥᠨ ᠪᠠᠭᠤᠤ᠂ ᠮᠥᠩᠭᠥᠨ ᠡᠭᠡᠮᠦᠭ᠂ ᠮᠥᠩᠭᠥᠨ ᠲᠣᠪᠴᠢ᠂ ᠮᠥᠩᠭᠥᠨ ᠪᠠᠯ᠂ ᠮᠥᠩᠭᠥᠨ ᠡᠷᠡᠬᠡᠢᠪᠴᠢ᠂ ᠮᠥᠩᠭᠥᠨ ᠬᠠᠳᠬᠤᠭᠤᠷ᠂ ᠮᠥᠩᠭᠥᠨ ᠬᠤᠯᠪᠣᠭᠠᠷᠢ᠂ ᠮᠥᠩᠭᠥᠨ ᠬᠠᠪᠴᠢᠶᠠᠷᠲᠤ ᠲᠠᠲᠠᠭᠤᠷ᠂ ᠮᠥᠩᠭᠥᠨ ᠰᠦᠯᠵᠢᠮᠡᠯ᠂ ᠮᠥᠩᠭᠥᠨ ᠲᠤᠤᠬᠠᠢ᠂ ᠮᠥᠩᠭᠥᠨ ᠭᠣᠣ᠂ ᠮᠥᠩᠭᠥᠨ ᠣᠵᠢᠷᠠᠭ᠎ᠠ᠃ 
ᠮᠥᠩᠭᠥᠨ ᠡᠳ᠋ᠯᠡᠯ     
       ᠮᠥᠩᠭᠥᠨ ᠡᠮᠡᠭᠡᠯ᠂ ᠮᠥᠩᠭᠥᠨ ᠬᠠᠵᠠᠭᠠᠷ᠂ ᠮᠥᠩᠭᠥᠨ ᠬᠤᠳᠠᠷᠭ᠎ᠠ᠃ 
ᠮᠥᠩᠭᠥᠨ ᠭᠠᠩᠰᠠ    
       ᠭᠠᠩᠰᠠ ᠶ᠋ᠢᠨ ᠲᠣᠯᠣᠭᠠᠢ ᠶ᠋ᠢ ᠮᠥᠩᠭᠥ ᠪᠡᠷ ᠬᠢᠭᠰᠡᠨ ᠪᠤᠶᠤ ᠮᠥᠩᠭᠥᠨ ᠬᠡ ᠤᠭᠠᠯᠵᠠᠲᠠᠢ ᠭᠣᠶᠣ ᠬᠢᠴᠡᠲᠡᠢ ᠭᠠᠩᠰᠠᠨ ᠲᠣᠯᠣᠭᠠᠢ᠃ 
ᠮᠥᠩᠭᠥᠨ ᠰᠣᠶᠣᠭ᠎ᠠ  
       ᠭᠠᠩᠰᠠᠨ ᠲᠣᠯᠣᠭᠠᠢ ᠴᠡᠪᠡᠷᠯᠡᠬᠦ ᠃ 
ᠮᠥᠩᠭᠥᠨ ᠴᠣᠬᠢᠭᠤᠷ    
       ᠭᠠᠩᠰᠠᠨ ᠤ᠋ ᠭᠠᠯ ᠢ᠋ ᠴᠣᠬᠢᠵᠤ ᠠᠬᠤᠭᠤᠯᠤᠨ ᠳᠠᠬᠢᠨ ᠨᠣᠴᠣᠭᠠᠬᠤ ᠳ᠋ᠤ᠌ ᠪᠡᠯᠡᠳᠬᠡᠭᠰᠡᠨ ᠡᠳ᠋᠃ 
ᠮᠥᠩᠭᠥᠨ ᠲᠠᠰᠢᠭᠤᠷ   
       ᠲᠠᠰᠢᠭᠤᠷ ᠤ᠋ᠨ ᠪᠦᠷᠢᠶᠡᠨ ᠳ᠋ᠦ᠍ ᠮᠥᠩᠭᠥᠨ ᠳ᠋ᠤᠭ ᠰᠠᠭᠤᠯᠭᠠᠭᠰᠠᠨ ᠢ᠋ ᠬᠡᠯᠡᠨ᠎ᠡ᠃ 
ᠮᠥᠩᠭᠥᠨ ᠪᠠᠭᠠᠪᠤᠷ   
       ᠡᠮᠡᠭᠡᠯ ᠦ᠋ᠨ ᠬᠠᠪᠲᠠᠰᠤᠨ ᠤ᠋ ᠭᠠᠨᠵᠤᠭ᠎ᠠ ᠶ᠋ᠢᠨ ᠨᠦᠬᠡᠨ ᠳ᠋ᠦ᠍ ᠲᠠᠭᠠᠷᠠᠭᠤᠯᠤᠨ ᠬᠢᠭᠰᠡᠨ ᠡᠭᠦᠯᠡᠨ ᠤᠭᠠᠯᠵᠠᠲᠤ ᠴᠢᠮᠡᠭᠯᠡᠯ᠃ 
ᠮᠥᠩᠭᠥᠨ ᠳᠥᠷᠥᠭᠡ   
       ᠮᠥᠩᠭᠥ ᠪᠡᠷ ᠬᠢᠭᠰᠡᠨ ᠳᠥᠷᠥᠭᠡ᠃ 
ᠮᠥᠩᠭᠥᠨ ᠰᠡᠳᠬᠡᠭᠦᠷ  
       ᠰᠢᠳᠦᠨ ( ᠰᠢᠳᠦᠨ ᠦ᠌ ) ᠰᠢᠭᠰᠢᠯᠡᠭᠦᠷ᠃  
       ᠡᠳᠡᠭᠡᠷ ᠮᠥᠩᠭᠥᠨ ᠡᠳ᠋ᠯᠡᠭᠡᠨ ᠦ᠌ ᠬᠡ ᠤᠭᠠᠯᠵᠠ ᠤᠷᠠᠨ ᠨᠠᠷᠢᠨ ᠲᠡᠭᠰᠢ ᠬᠡᠮᠲᠡᠢ᠂ ᠬᠣᠣᠰ᠂ ᠬᠣᠯᠪᠣᠭ᠎ᠠ ᠨᠢᠭᠡᠳᠦᠯᠲᠡᠢ ᠶ᠋ᠢ ᠶᠠᠭᠤᠨ ᠢ᠋ ᠬᠡᠯᠡᠭᠡᠳ ᠪᠠᠷᠠᠬᠤ ᠪᠣᠢ᠃ ᠦᠵᠡᠭᠰᠡᠨ ᠬᠥᠮᠦᠰ ᠲᠦ᠍ ᠶᠠᠭᠠᠬᠢᠬᠤ ᠶ᠋ᠢᠨ ᠠᠷᠭ᠎ᠠ ᠦᠭᠡᠢ ᠭᠤᠸ᠎ᠠ ᠰᠠᠢᠬᠠᠨ ᠤ᠋ ᠬᠦᠷᠲᠡᠭᠡᠯ ᠥᠭᠬᠦ ᠶᠦ᠍ᠮ᠃