ᠬᠣᠲᠣᠭᠣᠢᠳ ᠤ᠋ᠨ ᠤᠨᠠᠭ᠎ᠠ- ᠣ· ᠳᠠᠯᠠᠨᠲᠠᠢХотгойдын унага-О·Далантай
ᠬᠣᠲᠣᠭᠣᠢᠳ ᠤ᠋ᠨ ᠤᠨᠠᠭ᠎ᠠ
ᠮᠣᠩᠭᠣᠯ ᠠᠷᠠᠳ ᠤ᠋ᠨ ᠳᠠᠭᠤᠤ
ᠣ· ᠳᠠᠯᠠᠨᠲᠠᠢ
ᠬᠣᠲᠣᠭᠣᠢᠳ ᠤ᠋ᠨ ᠤᠨᠠᠭ᠎ᠠ ᠨᠢ ᠬᠦ
ᠬᠣᠩᠭᠣᠷ ᠬᠠᠯᠵᠠᠨ ᠵᠢᠰᠦ ᠲᠠᠢ ᠳᠠ
ᠬᠣᠷᠢᠨ ᠲᠠᠪᠤᠨ ᠨᠠᠰᠤᠨ ᠳ᠋ᠠᠭᠠᠨ
ᠬᠣᠣᠬᠤᠩ ᠴᠣᠯᠠ ᠶ᠋ᠢ ᠠᠪᠤᠭᠰᠠᠨ ᠶᠤᠮ ᠠ᠋
ᠤᠨᠠᠭᠠᠨ ᠠ᠋ᠴᠠ ᠪᠠᠨ ᠤᠶᠠᠭᠤᠯᠤᠭᠠᠳ
ᠲᠠᠭᠠᠨ ᠠ᠋ᠴᠠ ᠪᠠᠨ ᠳᠠᠪᠬᠢᠭᠤᠯᠭᠠᠳ
ᠳᠣᠯᠣᠭᠠᠨ ᠬᠣᠰᠢᠭᠤ ᠨᠠᠭᠠᠳᠤᠮ ᠳ᠋ᠠᠭᠠᠨ
ᠳᠣᠯᠣᠭᠠᠨ ᠤᠳᠠᠭ᠎ᠠ ᠲᠡᠷᠢᠭᠦᠯᠡᠵᠡᠢ
ᠨᠣᠶᠠᠳ ᠨᠣᠶᠠᠳ ᠤ᠋ᠨ ᠡᠭᠦᠳᠡ ᠳᠡᠭᠡᠷ᠎ᠡ
ᠨᠣᠭᠲᠣ ᠲᠠᠢ ᠪᠠᠨ ᠬᠠᠮᠲᠤᠷᠠᠭᠠᠰᠠᠢ
ᠨᠣᠭᠲᠣᠯᠠᠵᠤ ᠢᠷᠡᠭᠰᠡᠨ ᠵᠠᠩᠭᠢ ᠨᠤᠭᠤᠳ ᠢ᠋ᠶ᠋ᠠᠨ
ᠣᠢᠷ᠎ᠠ ᠬᠣᠯᠠ ᠦᠭᠡᠢ ᠰᠢᠨᠵᠢᠨ᠎ᠡ ᠳᠡ
ᠮᠥᠩᠭᠥᠨ ᠰᠠᠢᠬᠠᠨ ᠵᠤᠤᠵᠠᠢ ᠶ᠋ᠢ ᠨᠢ
ᠮᠥᠷᠥ ᠶ᠋ᠢ ᠨᠢ ᠳᠠᠭᠠᠭᠤᠯᠵᠤ ᠲᠠᠲᠠᠭᠠᠷᠠᠢ
ᠮᠥᠯᠢᠬᠡᠷ ᠰᠠᠢᠬᠠᠨ ᠵᠣ ᠶ᠋ᠢ ᠨᠢ
ᠠᠶᠠᠷ ᠠᠶᠠᠷ ᠭᠤᠶᠠᠳᠠᠭᠠᠷᠠᠢ
ᠠᠯᠲᠠᠨ ᠰᠠᠢᠬᠠᠨ ᠠᠮᠠᠭᠠᠢ ᠶ᠋ᠢ ᠨᠢ
ᠠᠮᠠ ᠶ᠋ᠢ ᠨᠢ ᠳᠠᠭᠠᠭᠤᠯᠵᠤ ᠲᠠᠲᠠᠭᠠᠷᠠᠢ
ᠠᠯᠲᠠ ᠰᠠᠢᠬᠠᠨ ᠵᠣ ᠶ᠋ᠢ ᠨᠢ
ᠠᠶᠠᠷ ᠠᠶᠠᠷ ᠭᠤᠶᠠᠳᠠᠭᠠᠷᠠᠢ
ᠦᠢᠵᠡᠨ ᠬᠣᠩᠭᠣᠷ ᠮᠣᠷᠢ ᠪᠠᠷ ᠢ᠋ᠶ᠋ᠠᠨ
ᠦᠷ ᠦ᠋ᠨ ᠰᠥᠨᠢ ᠪᠡᠷ ᠮᠣᠷᠳᠠᠨ᠎ᠠ ᠳᠠ
ᠦᠰᠦᠨ ᠪᠤᠭᠤᠷᠤᠯ ᠡᠵᠢ ᠲᠡᠢ ᠪᠡᠨ
ᠥᠷᠯᠥᠭᠡ ᠶ᠋ᠢᠨ ᠨᠠᠷᠠᠨ ᠢ᠋ᠶ᠋ᠠᠷ ᠵᠣᠯᠭᠠᠨ᠎ᠠ ᠳᠠ
ᠳᠡᠭᠡᠷ᠎ᠡ ᠪᠦᠷᠢᠨ ᠰᠢᠲᠦᠨ ᠳ᠋ᠡᠭᠡᠨ
ᠳᠡᠭᠡᠵᠢ ᠨᠠᠭᠠᠳᠤᠮ ᠳ᠋ᠤ᠌ ᠲᠡᠷᠢᠭᠦᠯᠡᠭᠡᠳ
ᠳᠡᠭᠡᠷ᠎ᠡ ᠨᠢ ᠰᠠᠭᠤᠭᠰᠠᠨ ᠬᠡᠦᠬᠡᠳ ᠢ᠋
ᠳᠡᠪᠡᠯ ᠦ᠋ᠨ ᠬᠠᠮᠪᠤ ᠪᠠᠷ ᠱᠠᠩᠨᠠᠭᠤᠯᠪᠠ
ᠳᠣᠯᠣᠭᠠᠨ ᠬᠣᠰᠢᠭᠤ ᠨᠠᠭᠠᠳᠤᠮ ᠳ᠋ᠠᠭᠠᠨ
ᠳᠣᠯᠣᠭᠠᠨ ᠤᠳᠠᠭ᠎ᠠ ᠲᠡᠷᠢᠭᠦᠯᠡᠵᠡᠢ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠬᠢᠨᠠᠭᠴᠢ ᠪᠠᠭᠰᠢ᠄ ᠭᠠᠷᠮ᠎ᠠ᠂ ᠢᠷᠡᠭᠡᠳᠦᠢ᠂ ᠪᠣᠷᠵᠢᠭᠢᠨ ᠭᠣᠮᠪᠣ᠂ ᠪᠢᠮᠪᠠ ᠨᠠᠷ
