ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 3 > Хөх зул – Боржигон Ванжал –"Ддөрөв ᠂ Монгол гэрийн бүтцийн бүлэг " 3 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 3 > Хөх зул – Боржигон Ванжал –"Ддөрөв ᠂ Монгол гэрийн бүтцийн бүлэг " 3

ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 3 > Хөх зул – Боржигон Ванжал –"Ддөрөв ᠂ Монгол гэрийн бүтцийн бүлэг " 3

ᠠᠩᠭᠢᠯᠠᠯ:ᠵᠠᠩ ᠦᠢᠯᠡ
2023-12-04

280

ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ – 3

ᠮᠣᠩᠭᠣᠯ ᠭᠡᠷ ᠦᠨ ᠲᠣᠲᠣᠭᠠᠳᠤ ᠬᠡᠷᠡᠭᠰᠡᠯ ᠦᠳ Монгол гэрийн дотоод хэрэгслүүд


ᠮᠣᠳᠣᠨ ᠳᠠᠪᠠᠷ᠎ᠠ  
       ᠲᠣᠭᠣᠨᠣ ᠶ᠋ᠢᠨ ᠲᠥᠪ ᠭᠣᠣᠯᠳᠠᠭᠤᠯᠵᠤ ᠳᠥᠷᠪᠡᠯᠵᠢᠨ ᠮᠣᠳᠣᠨ ᠬᠦᠷᠢᠶ᠎ᠡ ᠰᠠᠭᠤᠷᠢᠯᠠᠭᠤᠯᠵᠤ ᠭᠣᠯᠣᠮᠲᠠ ᠶ᠋ᠢᠨ ᠣᠷᠣᠨ ᠢ ᠵᠠᠢᠴᠢᠯᠠᠨ᠎ᠠ᠃ ᠡᠭᠦᠨ ᠢ᠋ ᠪᠠᠰᠠ ᠦᠷᠦ ᠭᠡᠳᠡᠭ᠃ ᠭᠠᠯ ᠤ᠋ᠨ ᠬᠦᠷᠢᠶ᠎ᠡ ᠭᠡᠬᠦ ᠴᠦ᠍ ᠪᠣᠢ᠃ 
ᠲᠤᠯᠭ᠎ᠠ    
       ᠲᠡᠷᠡ ᠬᠦ᠌ ᠵᠠᠢᠴᠢᠯᠠᠭᠰᠠᠨ ᠮᠣᠳᠣᠨ ᠳᠠᠪᠠᠷ᠎ᠠ ( ᠦᠷᠦ ) ᠶ᠋ᠢᠨ ᠳᠤᠮᠳᠠ ᠳᠥᠷᠪᠡᠨ ᠣᠴᠣᠭ ᠲᠠᠢ᠂ ᠭᠤᠷᠪᠠᠨ ᠪᠦᠰᠡᠯᠡᠭᠦᠷ ᠲᠡᠢ ᠤᠭᠠᠯᠵᠠᠲᠤ ᠲᠤᠯᠭ᠎ᠠ ᠶ᠋ᠢ ᠲᠠᠯᠪᠢᠵᠤ ᠭᠣᠯᠤᠮᠳᠠᠯᠠᠨ᠎ᠠ᠃ ᠡᠭᠦᠨ ᠢ᠋ ᠲᠦᠰᠢᠭᠦᠯᠦᠨ ᠡᠮᠦᠨᠡᠬᠡᠨ ᠨᠢ ᠰᠦ ᠬᠥᠭᠡᠷᠦᠭᠦᠯᠵᠦ ᠥᠷᠥᠮ᠎ᠡ ᠰᠠᠭᠤᠯᠭᠠᠬᠤ ᠪᠢᠴᠢᠬᠠᠨ ᠰᠢᠪᠡᠷ ᠵᠤᠤᠬ᠎ᠠ ᠪᠠᠷᠢᠭᠰᠠᠨ ᠴᠤ᠌ ᠪᠠᠢᠳᠠᠭ᠃ 
ᠢᠰᠡᠷᠢ    
       ᠭᠡᠷ ᠲᠦ᠍ ᠲᠠᠭᠠᠷᠠᠭᠤᠯᠤᠨ ᠳᠡᠪᠢᠰᠬᠦ ᠪᠡᠷ ᠬᠢᠭᠰᠡᠨ ᠬᠡᠳᠦᠨ ᠬᠡᠰᠡᠭ᠂ ᠬᠥᠯ ᠲᠡᠢ ᠵᠦᠢᠮᠡᠯ ᠬᠠᠪᠲᠠᠰᠤᠨ ᠣᠷᠣ ( ᠥᠨᠳᠥᠷ ᠨᠢ ᠬᠠᠭᠠᠰ ᠲᠣᠬᠣᠢ ᠬᠢᠷᠢ ) ᠶ᠋ᠢ ᠢᠰᠡᠷᠢ ᠭᠡᠳᠡᠭ᠃ ᠵᠠᠷᠢᠮ ᠭᠠᠵᠠᠷ ᠪᠠᠨᠲᠠᠩ ᠴᠤ᠌ ᠭᠡᠳᠡᠭ ᠪᠤᠶᠤ ᠪᠠᠰᠠ ᠴᠦᠸᠡᠩ ᠴᠦ᠍ ᠭᠡᠵᠦ ᠬᠢᠲᠠᠳ ᠢ᠋ᠶ᠋ᠠᠷ ᠬᠡᠯᠡᠳᠡᠭ᠃ ᠢᠰᠡᠷᠢ ᠦᠭᠡᠢ ᠵᠠᠰᠠᠭᠰᠠᠨ ᠭᠡᠷ ᠦ᠋ᠨ ᠪᠠᠭᠤᠷᠢ ᠶ᠋ᠢ ᠱᠠᠯᠠ ᠭᠡᠳᠡᠭ᠃ 
ᠬᠡᠪᠢᠰ ᠂ ᠰᠢᠷᠢᠳᠡᠭ   
       ᠲᠦᠮᠡᠨᠵᠢᠷᠭᠠᠯ᠂ ᠲᠠᠩᠬᠢᠮ᠎ᠠ᠂ ᠶᠤᠩᠷᠤᠩ᠂ ᠡᠪᠡᠰᠦᠨ ᠯᠤᠤ᠂ ᠠᠯᠤᠬ᠎ᠠ᠂ ᠡᠷᠢᠶ᠎ᠡ ᠤᠷᠠᠯᠠᠵᠤ ᠰᠢᠷᠢᠭᠰᠡᠨ ᠴᠠᠭᠠᠨ ᠢᠰᠡᠭᠡᠢ ᠶ᠋ᠢ ᠭᠡᠷ ᠦ᠋ᠨ ᠢᠰᠡᠷᠢ ᠪᠤᠶᠤ ᠱᠠᠯᠠ ᠳᠦᠭᠦᠷᠲᠡᠯ᠎ᠡ ᠳᠡᠪᠢᠰᠴᠦ᠂ ᠳᠡᠭᠡᠭᠦᠷ ᠨᠢ ᠬᠡᠪᠢᠰᠦᠨ ᠳᠡᠪᠢᠰᠬᠡᠷ ᠪᠤᠶᠤ ᠳᠤᠯᠪᠤᠭ ᠤ᠋ᠳ ᠢ᠋ᠶ᠋ᠠᠷ ᠥᠩᠭᠡᠯᠡᠨ᠎ᠡ᠃ 
ᠠᠪᠳᠠᠷ᠎ᠠ   
       ᠠᠯᠲᠠᠨ ᠬᠤᠸᠠᠷᠲᠠᠢ ᠪᠢᠴᠢᠬᠠᠨ ᠠᠪᠳᠠᠷ᠎ᠠ ᠶ᠋ᠢ ᠪᠠᠷᠠᠭᠤᠨ ᠬᠣᠢᠮᠣᠷ ᠲᠤ᠌ ᠭᠣᠣᠯᠯᠠᠭᠤᠯᠵᠤ᠂ ᠳᠡᠭᠡᠷ᠎ᠡ ᠨᠢ ᠭᠦᠩᠭᠠᠷᠠᠪᠠ ᠲᠠᠢ ᠪᠤᠷᠬᠠᠨ ᠲᠠᠯᠪᠢᠳᠠᠭ᠃ ᠣᠳᠣ ᠪᠣᠯ ᠰᠠᠢᠳ ᠲᠡᠷᠢᠭᠦᠯᠡᠭᠴᠢ ᠶ᠋ᠢᠨ ᠬᠥᠷᠥᠭ ᠪᠤᠶᠤ ᠱᠠᠩᠨᠠᠯ ᠤ᠋ᠨ ᠮᠧᠳᠠᠯ ᠵᠡᠷᠭᠡ ᠶ᠋ᠢ ᠡᠯᠭᠦᠬᠦ ᠪᠤᠶᠤ ᠲᠠᠯᠪᠢᠳᠠᠭ᠃ 
ᠣᠷᠣ ᠶ᠋ᠢᠨ ᠰᠢᠷᠡᠭᠡ  
       ᠵᠡᠭᠦᠨ ᠬᠣᠢᠮᠣᠷ ᠲᠤ᠌ ᠣᠷᠣ ᠶ᠋ᠢᠨ ᠰᠢᠷᠡᠭᠡ ᠶ᠋ᠢ ᠲᠠᠯᠪᠢᠵᠤ ᠲᠡᠭᠦᠨ ᠦ᠌ ᠳᠡᠭᠡᠷ᠎ᠡ ᠣᠷᠣ ᠬᠥᠨᠵᠢᠯᠡ᠂ ᠬᠤᠪᠴᠠᠰᠤ ᠬᠤᠨᠠᠷ ᠢ᠋ᠶ᠋ᠠᠨ ᠳᠠᠷᠢ ᠲᠡᠭᠰᠢ ᠳᠠᠪᠬᠤᠷᠯᠠᠨ ᠬᠤᠷᠢᠶᠠᠵᠤ᠂ ᠠᠷᠰᠯᠠᠨ ᠪᠠᠷᠰ ᠲᠣᠭᠯᠠᠭᠰᠠᠨ ᠪᠤᠶᠤ ᠯᠤᠤ ᠭᠠᠷᠤᠳᠢ ᠭᠦᠷᠪᠡᠯᠵᠡᠭᠰᠡᠨ ᠡᠷᠢᠶᠡᠨ ᠮᠢᠷᠢᠶᠠᠯᠵᠢ ( ᠲᠠᠩᠽᠢ ) ᠪᠠᠷ ᠪᠦᠲᠡᠭᠡᠭᠰᠡᠨ ᠪᠠᠢᠳᠠᠭ᠃  
ᠪᠠᠷᠠᠭᠠᠨ ᠤ᠋ ᠠᠪᠳᠠᠷ᠎ᠠ ᠪᠠ ᠡᠯᠭᠦᠭᠦᠷ ᠤᠭᠤᠲᠠ   
       ᠣᠷᠣ ᠶ᠋ᠢᠨ ᠰᠢᠷᠡᠭᠡᠨ ᠦ᠌ ᠳᠠᠷᠠᠭ᠎ᠠ ᠪᠠᠷᠠᠭᠠᠨ ᠤ᠋ ᠪᠢᠴᠢᠬᠠᠨ ᠠᠪᠳᠠᠷ᠎ᠠ ᠲᠠᠯᠪᠢᠵᠤ ᠳᠡᠭᠡᠷ᠎ᠡ ᠨᠢ ᠵᠠᠰᠠᠯ ᠴᠢᠮᠡᠭᠯᠡᠯ᠂ ᠭᠣᠶᠣᠯᠠᠯ ᠤ᠋ᠨ ᠪᠢᠴᠢᠬᠠᠨ ᠬᠠᠢᠷᠴᠠᠭ ᠲᠠᠯᠪᠢᠭᠰᠠᠨ ᠪᠠᠢᠳᠠᠭ᠃ ᠳᠣᠲᠣᠷ᠎ᠠ ᠨᠢ ᠡᠮᠡᠭᠲᠡᠢᠴᠦᠳ ᠦ᠋ᠨ ᠵᠡᠭᠦᠦ ᠤᠲᠠᠰᠤ᠂ ᠡᠳᠦᠷ ᠳᠣᠳᠣᠮ ᠤ᠋ᠨ ᠣᠶᠣᠭ᠎ᠠ ᠶ᠋ᠢᠨ ᠵᠦᠢᠯᠡᠰ ᠬᠢᠳᠡᠭ᠃ ᠪᠠᠷᠠᠭᠠᠨ ᠠᠪᠳᠠᠷ᠎ᠠ ᠶ᠋ᠢᠨ ᠳᠡᠭᠡᠭᠦᠷ ᠬᠠᠨ᠎ᠠ ᠲᠣᠯᠣᠭᠠᠢ ᠠ᠋ᠴᠠ ᠭᠣᠨᠵᠣᠭᠣᠢ᠂ ᠳᠥᠷᠪᠡᠯᠵᠢᠨ ᠡᠯᠳᠡᠪ ᠬᠡᠯᠪᠡᠷᠢ ᠶ᠋ᠢᠨ ᠰᠢᠷᠢᠮᠡᠯ ᠤᠭᠤᠲᠠ ᠨᠤᠭᠤᠳ ᠡᠯᠭᠦᠭᠡᠲᠡᠢ ᠪᠠᠢᠳᠠᠭ᠃ ᠲᠡᠭᠦᠨ ᠳ᠋ᠦ᠍ᠨᠢ ᠮᠣᠳᠣ ᠪᠤᠶᠤ ᠮᠥᠩᠭᠥᠨ ᠠᠶᠠᠭ᠎ᠠ᠂ ᠵᠠᠭᠠᠨ ᠤ᠋ ᠰᠣᠶᠣᠭᠠᠨ ᠰᠠᠪᠬ᠎ᠠ ᠵᠡᠷᠭᠡ ᠳᠦᠭᠦᠷᠡᠩ ᠰᠠᠪᠠᠯᠠᠭᠠᠲᠠᠢ ᠪᠠᠢᠳᠠᠭ᠃ ᠲᠡᠷᠡ ᠦᠶ᠎ᠡ ᠮᠣᠩᠭᠣᠯᠴᠤᠳ ᠠᠶᠠᠭ᠎ᠠ ᠰᠠᠪᠬ᠎ᠠ ᠪᠠᠨ ᠰᠣᠯᠢᠯᠴᠠᠳᠠᠭ ᠦᠭᠡᠢ ᠤᠴᠢᠷ ᠡᠢᠨ ᠬᠢᠳᠡᠭ ᠪᠥᠭᠡᠳ ᠭᠠᠳᠠᠭᠰᠢ ᠭᠠᠷᠪᠠᠯ᠂ ᠠᠶᠠᠭᠠᠨ ᠤ᠋ ᠭᠡᠷ ᠲᠡᠭᠡᠨ ᠠᠶᠠᠭ᠎ᠠ ᠪᠠᠨ ᠬᠢᠵᠦ ᠶᠠᠪᠤᠳᠠᠭ᠃
ᠡᠷᠭᠢᠨᠡᠭ   
       ᠡᠭᠦᠨ ᠳ᠋ᠦ᠍ ᠣᠯᠠᠨ ᠨᠡᠷ᠎ᠡ ᠲᠡᠢ᠃ ᠲᠠᠭ᠂ ᠴᠢᠭ᠂ ᠲᠠᠯᠪᠢᠭᠤᠷ᠂ ᠤᠨᠵᠢᠶᠠᠰᠤ ( ᠸᠠᠨ ᠵᠢᠶᠠ ᠽᠢ ) ᠭᠡᠬᠦ ᠮᠡᠲᠦ᠃ ᠭᠡᠷ ᠦ᠋ᠨ ᠵᠡᠭᠦᠨ ᠲᠠᠯ᠎ᠠ ᠳ᠋ᠤ᠌ ᠲᠠᠯᠪᠢᠵᠤ᠂ ᠣᠯᠠᠨ ᠤ᠋ ᠠᠶᠠᠭ᠎ᠠ᠂ ᠲᠠᠪᠠᠭ᠂ ᠰᠠᠪᠠ ᠲᠠᠢ ᠰᠦ᠂ ᠪᠤᠳᠠᠭ᠎ᠠ ᠭᠤᠯᠢᠷ ᠲᠡᠷᠢᠭᠦᠲᠡᠨ ᠢ᠋ ᠲᠠᠯᠪᠢᠵᠤ᠂ ᠵᠡᠭᠦᠨ ᠡᠮᠦᠨ᠎ᠡ ᠪᠡᠬᠢᠰ ᠲᠦ᠍ ᠰᠢᠳᠡᠮᠡᠰᠦ ᠲᠠᠲᠠᠵᠤ᠂ ᠰᠢᠨᠠᠭ᠎ᠠ᠂ ᠤᠬᠢᠶᠠᠯᠳᠤᠭᠤᠷ ᠡᠯᠭᠦᠵᠦ᠂ ᠲᠣᠭᠣᠭ᠎ᠠ ( ᠵᠢᠵᠢᠭ ) ᠰᠠᠭᠤᠯᠠᠭ᠎ᠠ ᠲᠠᠯᠪᠢᠳᠠᠭ᠃ 
ᠡᠮᠡᠭᠡᠯ ᠬᠠᠵᠠᠭᠠᠷ ᠤ᠋ᠨ ᠡᠯᠭᠦᠭᠦᠷ  
       ᠡᠭᠦᠳᠡᠨ ᠪᠠᠷᠠᠭᠤᠨ ᠬᠠᠨ᠎ᠠ ᠶ᠋ᠢᠨ ᠲᠣᠯᠣᠭᠠᠢ ᠠ᠋ᠴᠠ ᠡᠮᠡᠭᠡᠯ᠂ ᠬᠠᠵᠠᠭᠠᠷ᠂ ᠬᠤᠢᠪᠢ᠂ ᠴᠠᠯᠮ᠎ᠠ ᠡᠯᠭᠦᠳᠡᠭ᠃ 
ᠶᠠᠪᠠᠭᠠᠨ ᠰᠢᠷᠡᠭᠡ   
       ᠬᠣᠢᠮᠣᠷ ᠤ᠋ᠨ ᠰᠠᠭᠤᠳᠠᠯ ᠳ᠋ᠤ᠌ ᠲᠣᠬᠢᠷᠠᠭᠤᠯᠵᠤ ᠮᠣᠳᠣᠨ ᠳᠠᠪᠠᠷ᠎ᠠ ( ᠦᠷᠦ ) ᠶ᠋ᠢᠨ ᠠᠷᠤ ᠳᠠᠭᠠᠭᠤᠯᠵᠤ ᠢᠰᠡᠷᠢ ᠳᠡᠭᠡᠷ᠎ᠡ ᠶᠠᠪᠠᠭᠠᠨ ᠰᠢᠷᠡᠭᠡ ᠵᠠᠰᠠᠳᠠᠭ᠃ ᠲᠡᠭᠦᠨ ᠦ᠌ ᠳᠡᠭᠡᠷ᠎ᠡ ᠮᠥᠩᠭᠥᠨ ᠲᠠᠪᠠᠭ ᠲᠤ᠌ ᠢᠳᠡᠭᠡᠨ ᠤᠮᠳᠠᠭᠠᠨ ᠢ᠋ ᠳᠦᠭᠦᠷᠲᠡᠯ᠎ᠡ ᠥᠷᠥᠵᠦ ᠪᠠᠢᠳᠠᠭ᠃