ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠ Монгол бүсгүй– Р᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠ Монгол бүсгүй– Р᠂ Чойном

ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠ Монгол бүсгүй– Р᠂ Чойном

2023-12-04

617

ᠮᠣᠩᠭᠣᠯ ᠪᠦᠰᠡᠭᠦᠢ

      ᠷ · ᠴᠣᠢᠨᠣᠮ 
ᠵᠢᠳᠬᠦᠨ ᠵᠢᠳᠬᠦᠨ ᠲᠡᠮᠡᠦᠯᠵᠦ ᠶᠠᠪᠤᠭ᠎ᠠ 
ᠵᠦᠭ ᠨᠡᠢᠯᠡᠭᠰᠡᠨ ᠠᠯᠠᠭ ᠮᠣᠷᠢᠳ ᠰᠢᠭ᠋ 
ᠭᠠᠩ ᠲᠠᠢ ᠵᠠᠯᠠᠭᠤ ᠨᠠᠰᠤᠨ ᠤ᠋ ᠮᠢᠨᠢ 
ᠰᠣᠯᠣᠩᠭ᠎ᠠ ᠶ᠋ᠢᠨ ᠳᠣᠯᠣᠭᠠᠨ ᠥᠩᠭᠡ ᠴᠢ ᠬᠠᠮᠢᠭ᠎ᠠ ᠪᠠᠢᠨ᠎ᠠ 
ᠭᠠᠩ ᠲᠡᠮᠦᠷ ᠰᠢᠭ ᠰᠡᠳᠬᠢᠯ ᠦ᠋ᠨ ᠮᠢᠨᠢ 
ᠰᠣᠷᠢᠨᠵᠢᠨ ᠬᠦᠷᠦ ᠴᠢ ᠬᠠᠮᠢᠭ᠎ᠠ ᠪᠠᠢᠨ᠎ᠠ 
ᠮᠥᠷᠥᠭᠡᠳᠬᠦ ᠨᠠᠰᠤᠨ ᠤ᠋ ᠮᠢᠨᠢ 
ᠮᠥᠩᠭᠥᠨ ᠰᠠᠷᠠᠨᠠᠢ ᠴᠢ ᠬᠠᠮᠢᠭ᠎ᠠ ᠪᠠᠢᠨ᠎ᠠ 
ᠮᠥᠰᠥ ᠪᠡᠷ ᠱᠠᠷᠬᠢᠬᠤ ᠠᠮᠢᠳᠤᠷᠠᠯ ᠤ᠋ᠨ 
ᠮᠥᠩᠬᠡ ᠶ᠋ᠢᠨ ᠵᠤᠯᠠ ᠴᠢ ᠬᠠᠮᠢᠭ᠎ᠠ ᠪᠠᠢᠨ᠎ᠠ 
ᠭᠦᠨᠵᠡᠭᠡᠢ ᠮᠥᠷᠡᠨ ᠰᠢᠭ ᠠᠮᠢᠳᠤᠷᠠᠯ ᠤ᠋ᠨ 
ᠭᠦᠦᠷ ᠪᠣᠯᠤᠭᠰᠠᠨ ᠠᠯᠳᠠᠷᠠᠢ ᠮᠢᠨᠢ 
ᠬᠥᠮᠦᠨ ᠬᠡᠮᠡᠬᠦ ᠠᠯᠳᠠᠷ ᠤ᠋ᠨ ᠨᠢᠭᠤᠷ ᠪᠣᠯᠤᠭᠰᠠᠨ ᠠᠮᠠᠷᠠᠭ ᠮᠢᠨᠢ ᠠ᠋
ᠬᠡᠦᠬᠡᠨ ᠬᠡᠮᠡᠬᠦ ᠨᠡᠷ᠎ᠡ ᠶ᠋ᠢᠨ ᠲᠤᠷᠢᠬᠠᠨ ᠪᠦᠬᠦᠨ ᠢ᠋ ᠠᠭᠤᠯᠵᠤ
ᠲᠡᠦᠬᠡᠲᠦ ᠮᠣᠩᠭᠣᠯ ᠣᠷᠣᠨ ᠤ᠋ ᠲᠤᠯᠭ᠎ᠠ ᠶ᠋ᠢ ᠲᠦᠰᠢᠭᠰᠡᠨ ᠡᠬᠡᠴᠦᠳ ᠮᠢᠨᠢ ᠠ᠋
ᠮᠣᠢᠯ ᠵᠢᠮᠢᠰᠦᠨ ᠦ᠌ ᠰᠢᠷᠬᠡᠭ ᠰᠢᠭ
ᠲᠣᠷᠮᠣᠯᠵᠠᠩᠬᠠᠨ ᠨᠢᠳᠦ ᠲᠡᠢ
ᠮᠣᠷᠢᠨ ᠴᠡᠷᠢᠭ ᠦ᠋ᠨ ᠰᠡᠯᠡᠮ᠎ᠡ ᠰᠢᠭ ᠲᠤᠶᠠᠯᠵᠠᠩᠬᠠᠨ ᠨᠢᠷᠤᠭᠤ ᠲᠠᠢ
ᠮᠣᠩᠭᠣᠯ ᠪᠦᠰᠡᠭᠦᠢ ᠲᠠᠨ ᠤ᠋ ᠪᠠᠨ ᠭᠡᠷᠡᠯ ᠰᠡᠭᠦᠳᠡᠷ ᠢ᠋ ᠲᠣᠳᠤᠷᠠᠭᠤᠯᠠᠰᠬᠢᠵᠤ
ᠮᠣᠩᠭᠣᠯ ᠢᠷᠠᠭᠤ ᠨᠠᠢᠷᠠᠭᠴᠢ ᠭᠡᠭᠡᠯᠵᠡᠨ ᠪᠠᠢᠵᠤ ᠳᠠᠭᠤᠯᠠᠬᠤ ᠤᠤ ᠳᠠ?
ᠬᠥᠮᠦᠨ ᠦ᠌ ᠬᠠᠢᠷ᠎ᠠ ᠶ᠋ᠢ ᠠᠩᠬᠠᠨ ᠠᠮᠰᠠᠭᠰᠠᠨ
ᠬᠥᠪᠡᠭᠦᠨ ᠵᠢᠷᠦᠬᠡᠨ ᠦ᠌ ᠲᠣᠪᠰᠢᠯᠲᠠ ᠭᠡᠮᠡᠷ
ᠬᠦᠰᠡᠯᠡᠩ ᠬᠣᠣᠰᠯᠠᠵᠤ ᠪᠣᠯᠵᠣᠭᠠᠨ ᠳ᠋ᠤ᠌ ᠤᠷᠢᠭᠰᠠᠨ
ᠬᠥᠭᠡᠷᠦᠬᠦᠢ ᠨᠢᠭᠡᠨ ᠦ᠌ ᠲᠣᠭᠰᠢᠯᠲᠠ ᠭᠡᠮᠡᠷ
ᠶᠠᠭᠠᠷᠠᠤᠬᠠᠨ ᠪᠥᠭᠡᠳ ᠡᠷᠴᠢᠮᠲᠡᠢ ᠴᠢᠮᠡᠭᠡ
ᠬᠡᠴᠡ ᠶ᠋ᠢᠨ ᠴᠠᠭᠠᠨ᠎ᠠ ᠠ᠋ᠴᠠ ᠲᠣᠳᠣᠷᠠᠨ ᠪᠠᠢᠨᠠᠮ
ᠢᠷᠠᠭᠤᠬᠠᠨ ᠪᠥᠭᠡᠳ ᠡᠷᠭᠦᠯᠲᠡ ᠲᠡᠢ
ᠠᠢᠵᠠᠮ ᠬᠡᠭᠡᠷ᠎ᠡ ᠶ᠋ᠢᠨ ᠫᠢᠨᠽᠠ ᠳ᠋ᠤ᠌ ᠪᠢᠴᠢᠭᠳᠡᠵᠦ ᠪᠠᠢᠨᠠᠮ
ᠲᠩᠷᠢ ᠭᠠᠵᠠᠷ ᠤ᠋ᠨ ᠰᠠᠪᠰᠠᠯᠭ᠎ᠠ ᠨᠡᠢᠯᠡᠬᠦ
ᠲᠡᠷᠲᠡᠭᠡ ᠴᠡᠩᠬᠡᠷ ᠬᠥᠪᠡᠭᠡᠨ ᠦ᠌ ᠴᠠᠭᠠᠨ᠎ᠠ ᠠ᠋ᠴᠠ
ᠲᠠᠩᠭᠢᠰ ᠳᠠᠯᠠᠢ ᠶ᠋ᠢᠨ ᠳᠣᠯᠭᠢᠶᠠᠨ ᠬᠠᠪᠠᠬᠤ
ᠲᠡᠢᠮᠦ ᠯᠡ ᠭᠦᠨ ᠬᠠᠷᠠᠩᠭᠤᠢ ᠭᠡᠮᠡᠷ
ᠨᠡᠷ᠎ᠡ ᠦᠭᠡᠢ ᠤᠰᠤ ᠦᠭᠡᠢ ᠲᠤᠯᠤᠭᠠᠳ ᠢ᠋ ᠳᠠᠪᠠᠭᠠᠳ
ᠨᠢᠭᠡ ᠮᠣᠷᠢᠲᠠᠨ ᠲᠣᠳᠣᠷᠠᠭᠠᠳ ᠢᠷᠡᠯ᠎ᠡ
ᠥᠩᠭᠡ ᠶ᠋ᠢᠨ ᠴᠡᠴᠡᠭ ᠲᠡᠢ ᠨᠣᠭᠣᠭᠠᠨ ᠬᠥᠨᠳᠡᠢ ᠶ᠋ᠢ
ᠣᠮᠣᠭᠯᠠᠩ ᠮᠣᠷᠢᠲᠠᠨ ᠲᠣᠭᠣᠰᠣ ᠪᠠᠷ ᠱᠤᠭᠤᠮᠳᠠᠯ᠎ᠠ
ᠪᠠᠭᠪᠠᠬᠠᠢ ᠴᠡᠴᠡᠭ ᠦ᠋ᠨ ᠥᠲᠥᠨ ᠮᠠᠯᠠᠭᠠᠢ ᠶ᠋ᠢ
ᠪᠠᠭᠴᠠ ᠪᠠᠭᠴᠠ ᠪᠠᠷ ᠦᠷᠭᠦᠭᠡᠨ ᠬᠡᠢᠰᠬᠡᠵᠦ
ᠬᠠᠷᠠᠵᠤ ᠵᠣᠭᠰᠣᠭᠰᠠᠨ ᠮᠢᠨᠦ ᠨᠢᠳᠦ ᠶ᠋ᠢ
ᠬᠠᠯᠢᠭᠤᠨ ᠰᠠᠯᠬᠢ ᠪᠠᠷ ᠠᠯᠠᠭᠠᠳᠠᠨ ᠥᠩᠭᠡᠷᠡᠯ᠎ᠡ
ᠬᠡᠭᠡᠷ᠎ᠡ ᠶ᠋ᠢᠨ ᠲᠣᠭᠣᠰᠣ ᠮᠣᠷᠢᠨ ᠤ᠋ ᠬᠥᠯᠥᠰᠥ 
ᠬᠡᠭᠡᠨᠴᠢᠷ ᠬᠤᠪᠴᠠᠰᠤᠨ ᠤ᠋ ᠦᠨᠦᠷᠲᠡᠨ ᠤᠰᠤ
ᠬᠡᠰᠡᠭᠬᠡᠨ ᠵᠠᠭᠤᠷ᠎ᠠ ᠬᠠᠩ ᠬᠢᠭᠡᠳ
ᠬᠡᠳᠦᠨ ᠬᠥᠪᠡᠭᠡ ᠪᠡᠨ ᠳᠠᠪᠠᠭᠠᠳ ᠣᠳᠪᠠ
ᠨᠠᠪᠴᠢᠨ ᠴᠢᠬᠢ ᠲᠡᠢ ᠰᠤᠮᠤᠨ ᠬᠦᠯᠦᠭ ᠦ᠋ᠨ
ᠨᠠᠷᠢᠨ ᠰᠤᠷ ᠤ᠋ᠨ ᠵᠢᠯᠣᠭᠣ ᠶ᠋ᠢ ᠲᠦᠰᠢᠨ
ᠨᠠᠰᠤᠨ ᠵᠠᠯᠠᠭᠤ ᠮᠣᠩᠭᠣᠯ ᠪᠦᠰᠡᠭᠦᠢ
ᠨᠠᠳᠠ ᠳ᠋ᠤ᠌ ᠭᠠᠢᠬᠠᠭᠤᠯᠵᠤ ᠡᠢᠨᠬᠦ ᠥᠩᠭᠡᠷᠡᠯ᠎ᠡ
ᠬᠡᠮᠨᠡᠯ ᠨᠠᠷᠢᠨ ᠳᠠᠪᠬᠢᠶᠠᠲᠤ ᠮᠣᠷᠢᠨ ᠤ᠋
ᠬᠡᠷᠦᠯᠦᠨ ᠤ᠋ ᠬᠠᠷ᠎ᠠ ᠤᠰᠤ ᠰᠢᠭ᠋ ᠰᠠᠢᠬᠠᠨ ᠨᠢᠳᠦ
ᠳᠤᠬᠤᠨ ᠤ᠋ ᠬᠥᠬᠥᠯ ᠨᠠᠷᠢᠨ ᠬᠠᠯᠵᠠ
ᠲᠤᠩ ᠤ᠋ᠨ ᠠᠮᠠ ᠰᠢᠭ᠋ ᠬᠠᠮᠠᠷ ᠤ᠋ᠨ ᠨᠦᠬᠡ
ᠵᠠᠩᠭᠢᠷᠠᠨ ᠲᠣᠪᠣᠢᠬᠤ ᠣᠪᠣᠭᠣᠷ ᠪᠤᠯᠴᠢᠩ
ᠵᠢᠭᠠᠰᠤᠨ ᠤ᠋ ᠬᠠᠢᠷᠰᠤ ᠰᠢᠭ᠋ ᠭᠢᠯᠲᠠᠭᠠᠨᠠᠬᠤ ᠵᠢᠰᠦ
ᠰᠡᠷᠪᠡᠭᠡᠨ ᠳ᠋ᠦ᠍ ᠵᠠᠭᠤᠷᠠᠯᠳᠤᠬᠤ ᠭᠤᠷᠪᠠᠨ ᠬᠠᠪᠢᠷᠭ᠎ᠠ
ᠰᠡᠭᠦᠯ ᠦ᠋ᠨ ᠬᠢᠨᠢ ᠬᠡᠢᠰᠦᠯᠲᠡ ᠳ᠋ᠦ᠍ ᠲᠣᠳᠣᠷᠠᠭᠠᠳ ᠥᠩᠭᠡᠷᠡᠪᠡ
ᠰᠠᠢᠬᠠᠨ ᠬᠦᠯᠦᠭ ᠢ ᠰᠠᠨᠠᠭ᠎ᠠ ᠪᠠᠷ ᠢ᠋ᠶ᠋ᠠᠨ ᠵᠠᠬᠢᠷᠵᠤ
ᠰᠠᠷᠠᠨ ᠳᠠᠷᠤᠭᠤᠯᠭ᠎ᠠ ᠶ᠋ᠢ ᠭᠡᠵᠢᠭᠡᠨ ᠳ᠋ᠦ᠍ ᠪᠡᠨ ᠰᠢᠭᠢᠳᠬᠡᠵᠦ
ᠰᠠᠷᠠᠯ ᠢᠰᠡᠭᠡᠢ ᠮᠠᠯᠠᠭᠠᠢ ᠳᠤᠬᠤᠳᠠᠭᠤᠯᠵᠤ
ᠰᠠᠯᠬᠢᠨ ᠳᠠᠷᠴᠤᠭ ᠰᠢᠭ᠋ ᠲᠤᠷᠠᠩᠭᠢ ᠪᠦᠰᠡᠭᠦᠢ ᠶ᠋ᠢᠨ
ᠬᠣᠯᠴᠠᠷᠠᠭᠤ ᠤᠩᠭᠢᠶᠯᠭᠠᠨ ᠪᠣᠷᠣ ᠨᠢᠭᠤᠷ
ᠬᠣᠯᠪᠣᠷᠢᠨ ᠪᠤᠯᠲᠠᠬᠤ ᠬᠠᠷ᠎ᠠ ᠨᠢᠳᠦ
ᠬᠣᠲᠣᠭᠣᠷ ᠨᠢᠷᠤᠭᠤ ᠭᠦᠳᠦᠭᠦᠷ ᠴᠡᠭᠡᠵᠢ
ᠬᠣᠷᠣᠮᠬᠠᠨ ᠵᠠᠭᠤᠷ᠎ᠠ ᠬᠠᠷᠠᠭᠳᠠᠭᠠᠳ ᠥᠩᠭᠦᠷᠯᠡ
ᠰᠠᠢᠨ ᠮᠣᠷᠢᠨ ᠤ᠋ ᠰᠢᠷᠦᠭᠦᠨ ᠳᠠᠪᠬᠢᠯᠲᠠ ᠠ᠋ᠴᠠ
ᠰᠠᠢᠷ ᠤ᠋ᠨ ᠴᠢᠯᠠᠭᠤ ᠵᠦᠯᠭᠡᠨ ᠳᠡᠭᠡᠷ᠎ᠡ ᠰᠢᠳᠡᠭᠳᠡᠨ
ᠰᠠᠢᠬᠠᠨ ᠪᠦᠰᠡᠭᠦᠢ ᠶ᠋ᠢᠨ ᠰᠢᠷᠦᠭᠦᠨ ᠬᠠᠷᠠᠴᠠᠨ ᠠ᠋ᠴᠠ
ᠰᠢᠯᠦᠭ ᠦ᠋ᠨ ᠲᠣᠰᠣ ᠵᠢᠷᠦᠬᠡᠨ ᠳᠡᠭᠡᠷ᠎ᠡ ᠰᠢᠩᠭᠡᠨ᠎ᠡ
ᠬᠥᠮᠦᠨ ᠦ᠌ ᠰᠠᠢᠬᠠᠨ ᠢ᠋ ᠣᠯᠵᠤ ᠲᠥᠷᠥᠭᠡᠳ
ᠬᠦᠰᠡᠯ ᠦ᠋ᠨ ᠰᠠᠢᠬᠠᠨ ᠢ᠋ ᠳᠡᠭᠡᠵᠢᠯᠡᠵᠦ ᠥᠰᠦᠭᠡᠳ
ᠮᠣᠷᠢᠨ ᠤ᠋ ᠰᠠᠢᠨ ᠢ᠋ ᠤᠨᠠᠬᠤ ᠵᠠᠶᠠᠭ᠎ᠠ ᠲᠠᠢ
ᠮᠣᠩᠭᠣᠯ ᠪᠦᠰᠡᠭᠦᠢ ᠭᠡᠳᠡᠭ
ᠲᠢᠪ ᠳᠡᠯᠡᠬᠡᠢ ᠶ᠋ᠢᠨ ᠵᠢᠷᠭᠠᠯ ᠬᠤᠪᠢᠶᠠᠯᠴᠠᠭᠠᠳ
ᠲᠡᠭᠰᠢ ᠲᠠᠪᠤᠨ ᠬᠦᠰᠡᠯᠡᠩ ᠭᠡᠮᠡᠷ
ᠲᠠᠯ᠎ᠠ ᠶ᠋ᠢᠨ ᠳᠤᠮᠳᠠ ᠢᠩᠭᠢᠭᠡᠳ ᠤᠴᠠᠷᠠᠬᠤ ᠳ᠋ᠤ᠌
ᠲᠠᠯᠬ᠎ᠠ ᠲᠠᠪᠤᠨ ᠲᠩᠷᠢ ᠭᠡᠮᠡᠷ
ᠬᠥᠮᠦᠨ ᠦ᠌ ᠭᠠᠵᠠᠷ ᠨᠤᠲᠤᠭ ᠢ᠋ᠶ᠋ᠠᠨ ᠰᠠᠨᠠᠬᠤ ᠳ᠋ᠤ᠌
ᠬᠦᠰᠡᠯ ᠦ᠋ᠨ ᠲᠠᠪᠤᠨ ᠰᠤᠳᠠᠰᠤ ᠭᠡᠮᠡᠷ
ᠬᠦᠦ ᠪᠡᠨ ᠲᠡᠪᠡᠷᠢᠭᠡᠳ ᠪᠦᠪᠡᠢᠯᠡᠵᠦ ᠰᠠᠭᠤᠬᠤ ᠨᠢ
ᠬᠥᠭᠵᠢᠮ ᠦ᠋ᠨ ᠲᠠᠪᠤᠨ ᠤᠲᠠᠰᠤ ᠭᠡᠮᠡᠷ
ᠡᠮᠡᠭᠡᠯ ᠦ᠋ᠨ ᠳᠥᠷᠥᠭᠡ ᠳᠠᠷᠬᠠᠯᠠᠵᠤ ᠥᠰᠦᠭᠰᠡᠨ
ᠡᠷ᠎ᠡ ᠶ᠋ᠢᠨ ᠰᠡᠳᠬᠢᠯ ᠢ᠋ ᠤᠶᠠᠷᠠᠭᠤᠯᠳᠠᠭ ᠪᠠᠢᠨᠠᠮ
ᠥᠰᠬᠦ ᠶ᠋ᠢᠨ ᠴᠠᠭ ᠲᠤ᠌ ᠰᠢᠬᠢᠷ ᠰᠢᠭ ᠦᠭᠡ ᠶ᠋ᠢ
ᠦᠳᠡᠯᠡᠬᠦ ᠶ᠋ᠢᠨ ᠴᠠᠭ ᠲᠤ᠌ ᠲᠠᠶᠠᠭ ᠰᠢᠭ᠋ ᠦᠭᠡ ᠶ᠋ᠢ
ᠥᠯᠥᠰᠬᠦ ᠶ᠋ᠢᠨ ᠴᠠᠭ ᠲᠤ᠌ ᠬᠣᠭᠣᠯᠠ ᠰᠢᠭ᠋ ᠦᠭᠡ ᠶ᠋ᠢ
ᠡᠪᠡᠳᠬᠦ ᠶ᠋ᠢᠨ ᠴᠠᠭ ᠲᠤ᠌ ᠡᠮ ᠰᠢᠭ ᠦᠭᠡ ᠶ᠋ᠢ
ᠠᠯᠤᠰ ᠶᠠᠪᠤᠬᠤ ᠳᠤ ᠤᠨᠤᠭ᠎ᠠ ᠰᠢᠭ᠋ ᠦᠭᠡ ᠶ᠋ᠢ
ᠠᠶᠤᠬᠤ ᠶ᠋ᠢᠨ ᠴᠠᠭ ᠲᠤ᠌ ᠵᠡᠪᠰᠡᠭ ᠰᠢᠭ ᠦᠭᠡ ᠶ᠋ᠢ
ᠶᠠᠳᠠᠷᠠᠬᠤ ᠶᠢᠨ ᠴᠠᠭ ᠲᠤ᠌ ᠶᠠᠩᠴᠢᠶᠠᠨ ᠰᠢᠭ᠋ ᠦᠭᠡ ᠶ᠋ᠢ
ᠶᠠᠮᠪᠠᠯᠠᠬᠤ ᠶᠢᠨ ᠴᠠᠭ ᠲᠤ᠌ ᠲᠡᠷᠭᠡ ᠰᠢᠭ ᠦᠭᠡ ᠶ᠋ᠢ
ᠳᠡᠪᠡᠯ ᠣᠯᠳᠠᠬᠤ ᠳ᠋ᠤ᠌ ᠬᠥᠨᠵᠢᠯᠡ ᠪᠣᠯᠬᠤ ᠦᠭᠡ ᠶ᠋ᠢ
ᠡᠨᠡ ᠭᠠᠭᠴᠠ ᠨᠠᠰᠤᠨ ᠳ᠋ᠤ᠌ ᠮᠢᠨᠢ ᠡᠵᠢ ᠠᠪᠤ ᠬᠡᠯᠡᠳᠡᠭ ᠶᠦᠮ ᠪᠠᠢᠨ᠎ᠠ
ᠡᠷ᠎ᠡ ᠭᠠᠭᠴᠠ ᠪᠠᠶᠠᠨ ᠲᠤ᠌ ᠮᠢᠨᠢ ᠬᠠᠷᠢᠨ ᠡᠬᠡᠨᠡᠷ ᠬᠥᠮᠦᠨ ᠯᠡ ᠬᠡᠯᠡᠳᠡᠭ ᠶᠦᠮ ᠪᠠᠢᠨ᠎ᠠ
ᠬᠦᠨᠳᠦ ᠲᠡᠢ ᠴᠢᠳᠠᠯ ᠲᠠᠢ ᠮᠣᠩᠭᠣᠯ ᠪᠦᠰᠡᠭᠦᠢ ᠶ᠋ᠢᠨ
ᠬᠦᠴᠦᠲᠡᠢ ᠠᠲᠠᠯ᠎ᠠ ᠪᠠᠨ ᠤᠶᠠᠬᠠᠨ ᠴᠣᠭᠴᠠᠰ
ᠬᠦᠯᠦᠭ ᠮᠣᠷᠢᠨ ᠤ᠋ ᠣᠩᠭᠣᠨ ᠵᠣ ᠳᠡᠭᠡᠷ᠎ᠡ
ᠬᠥᠮᠦᠨ ᠢ᠋ ᠬᠠᠢᠷᠠᠯᠠᠵᠤ ᠳᠡᠷᠡᠨ ᠢ᠋ ᠳᠦᠷᠦᠭᠦᠯᠦᠨᠡᠮ
ᠰᠢᠯᠤᠭᠤᠨ ᠪᠤᠰᠤ ᠠᠳᠠᠷᠠᠮ᠎ᠠ ᠲᠠᠢ ᠲᠡᠦᠬᠡ ᠶ᠋ᠢᠨ
ᠴᠢᠯᠠᠭᠤᠨ ᠬᠠᠭᠤᠳᠠᠰᠤ ᠨᠤᠭᠤᠳ ᠡᠷᠭᠢᠵᠦ ᠪᠠᠢᠬᠤ ᠳ᠋ᠤ᠌
ᠬᠠᠯᠠᠭᠤᠨ ᠲᠡᠮᠡᠴᠡᠯ ᠦ᠋ᠨ ᠲᠣᠭᠣᠰᠣᠨ ᠳᠤᠮᠳᠠ
ᠪᠦᠯᠢᠶᠡᠨ ᠴᠢᠰᠤ ᠠᠰᠬᠠᠷᠠᠵᠤ ᠪᠠᠢᠬᠤ ᠳ᠋ᠤ᠌
ᠮᠣᠷᠢᠨ ᠴᠡᠷᠢᠭ ᠦ᠋ᠨ ᠰᠡᠲᠡᠷᠡᠭᠰᠡᠨ ᠡᠩᠨᠡᠭᠡ ᠶ᠋ᠢ
ᠮᠣᠩᠭᠣᠯ ᠪᠦᠰᠡᠭᠦᠢ ᠨᠥᠬᠥᠵᠦ ᠶᠠᠪᠤᠭᠰᠠᠨ ᠶᠤᠮ
ᠬᠠᠢᠷᠠᠲᠤ ᠶ᠋ᠢ ᠪᠡᠨ ᠲᠡᠪᠡᠷᠢᠳᠡᠭ ᠤᠶᠠᠬᠠᠨ ᠭᠠᠷ ᠢ᠋ᠶ᠋ᠠᠷ ᠢ᠋ᠶ᠋ᠠᠨ
ᠬᠠᠳᠠ ᠲᠠᠢ ᠰᠡᠯᠡᠮ᠎ᠡ ᠠᠳᠬᠤᠵᠤ ᠶᠠᠪᠤᠭᠰᠠᠨ ᠶᠤᠮ
ᠬᠠᠷ᠎ᠠ ᠬᠢᠯᠢᠩ ᠭᠡᠵᠢᠭᠡ ᠪᠡᠨ ᠰᠢᠭᠤᠵᠤ
ᠬᠠᠵᠢ ᠮᠥᠩᠭᠥᠨ ᠳᠤᠭᠤᠯᠠᠭ᠎ᠠ ᠪᠠᠷ ᠳᠠᠷᠤᠭᠤᠯᠵᠤ
ᠨᠠᠢᠷ ᠨᠠᠭᠠᠳᠤᠮ ᠤ᠋ᠨ ᠭᠣᠶᠣᠯᠠᠯ ᠤ᠋ᠨ ᠳᠤᠷᠳᠤᠩ ᠳ᠋ᠤ᠌
ᠨᠠᠷᠢᠨ ᠭᠢᠯᠲᠠᠩ ᠬᠤᠶᠠᠭ ᠲᠠᠭᠠᠷᠠᠭᠤᠯᠵᠤ
ᠰᠠᠭᠠᠯᠢ ᠶ᠋ᠢᠨ ᠬᠤᠪᠢᠩ ᠪᠠᠷᠢᠳᠠᠭ ᠭᠠᠷ ᠲᠤ᠌ ᠪᠠᠨ
ᠰᠠᠷᠠᠨ ᠳᠤᠭᠤᠢ ᠪᠠᠮᠪᠠᠢ ᠠᠳᠬᠤᠵᠤ
ᠢᠰᠬᠢᠷᠦᠭᠡᠳ ᠢᠷᠡᠬᠦ ᠭᠢᠯᠪᠡᠷᠲᠦ ᠰᠤᠮᠤ ᠶ᠋ᠢ
ᠢᠷᠮᠡᠬᠦ ᠴᠤ᠌ ᠦᠭᠡᠢ ᠰᠥᠷᠴᠦ ᠶᠠᠪᠤᠭᠰᠠᠨ
ᠠᠬᠤᠢ ᠡᠨᠡ ᠮᠣᠩᠭᠣᠯ ᠣᠷᠣᠨ ᠤ᠋ ᠪᠠᠨ
ᠠᠷᠢᠭᠤᠨ ᠲᠡᠮᠡᠴᠡᠯ ᠢ᠋ ᠬᠦᠦ ᠪᠡᠷ ᠢ᠋ᠶ᠋ᠡᠨ ᠬᠡᠮᠵᠢᠭᠰᠡᠨ
ᠠᠤᠭ᠎ᠠ ᠶᠡᠬᠡ ᠮᠠᠷᠭᠠᠰᠢ ᠶ᠋ᠢᠨ ᠲᠥᠯᠥᠭᠡ
ᠠᠮᠤᠭᠤᠯᠠᠩ ᠲᠠᠢᠪᠤᠩ ᠢ᠋ ᠰᠦ ᠪᠡᠷ ᠢ᠋ᠶ᠋ᠡᠨ ᠳᠡᠮᠵᠢᠭᠰᠡᠨ
ᠮᠠᠨ ᠤ᠋ ᠰᠠᠢᠬᠠᠨ ᠮᠣᠩᠭᠣᠯ ᠪᠦᠰᠡᠭᠦᠢ ᠳ᠋ᠦ᠍
ᠬᠥᠮᠦᠨ ᠦ᠌ ᠰᠠᠢᠬᠠᠨ ᠴᠥᠮ ᠪᠦᠷᠢᠳᠦᠭᠰᠡᠨ ᠶᠦᠮ
ᠳᠠᠷᠤᠤ ᠰᠠᠢᠬᠠᠨ ᠵᠠᠩ ᠴᠢᠨᠠᠷ ᠲᠤ᠌ ᠨᠢ
ᠢᠷᠠᠭᠤ ᠰᠠᠢᠬᠠᠨ ᠣᠪᠢᠳᠠᠰ ᠰᠢᠩᠭᠡᠭᠰᠡᠨ
ᠳᠡᠭᠡᠳᠦ ᠶ᠋ᠢᠨ ᠵᠡᠷᠭᠡ ᠲᠡᠢ ᠰᠠᠢᠨ ᠶᠠᠪᠤᠶ᠎ᠠ ᠭᠡᠪᠡᠯ

ᠳᠡᠯᠡᠬᠡᠢ ᠳᠠᠬᠢᠨ ᠤ᠋ ᠡᠷᠳᠡᠮ ᠢ᠋ ᠰᠤᠷ
ᠡᠯᠢᠭᠡᠨ ᠬᠠᠢᠷᠠᠲᠠᠢ ᠮᠣᠩᠭᠣᠯ ᠡᠷᠡᠴᠦᠳ ᠢ᠋ᠶ᠋ᠡᠨ
ᠡᠩᠬᠦᠷᠡᠢᠯᠡᠨ ᠬᠠᠢᠷᠠᠯᠠᠨ ᠬᠦᠨᠳᠦᠯᠡᠵᠦ ᠶᠠᠪᠤᠭᠠᠷᠠᠢ

   ᠦᠰᠦᠭ ᠠᠮᠢᠯᠠᠭᠤᠯᠤᠭᠴᠢ᠄ ᠰᠡᠷᠭᠦᠯᠡᠩ᠂ᠠᠵᠠᠵᠠᠶᠠᠭ᠎ᠠ᠂ᠣᠳᠬᠠᠨᠰᠣ ‍ᠠ᠋
   ᠬᠢᠨᠠᠭᠴᠢ᠄ ᠣᠳᠬᠠᠨᠰᠣ᠎ᠠ᠂ᠰᠡᠷᠭᠦᠯᠡᠩ᠂ ᠨᠤᠮᠤᠴᠢᠨ ᠪᠢᠯᠢᠭ