ᠴᠠᠰᠤ- ᠣᠶᠤᠩᠭᠤᠸ᠎ᠠЦас-Оюунгоо
ᠴᠠᠰᠤ
ᠬᠡᠦᠬᠡᠳ ᠦ᠋ᠨ ᠳᠠᠭᠤᠤ
ᠳᠠᠭᠤᠴᠢᠨ᠄ ᠤᠶᠤᠩᠭᠣᠸᠠ
ᠴᠠᠢᠷᠠᠨ ᠪᠠᠭᠤᠬᠤ ᠴᠠᠰᠤ ᠶ᠋ᠢ ᠠᠯᠠᠭ᠎ᠠ ᠪᠠᠨ ᠲᠣᠰᠣᠨ ᠤᠭᠲᠤᠶ᠎ᠠ
ᠴᠡᠪᠡᠷ ᠰᠠᠢᠬᠠᠨ ᠪᠠᠢᠭᠠᠯᠢ ᠳ᠋ᠤ᠌ ᠵᠣᠴᠢᠨ ᠪᠣᠯᠭᠠᠨ ᠤᠷᠢᠶ᠎ᠠ
ᠴᠠᠪ ᠴᠠᠭᠠᠨ ᠴᠠᠰᠤ ᠴᠠᠪ ᠴᠡᠪᠡᠷᠬᠡᠨ ᠪᠠᠭᠤᠯ᠎ᠠ
ᠴᠠᠭ ᠴᠠᠭ ᠤ᠋ᠨ ᠴᠠᠰᠤ ᠴᠡᠩᠭᠡᠯᠲᠦ ᠪᠠᠶᠠᠷ ᠢᠷᠡᠯ᠎ᠡ
ᠳᠦ···· ᠳᠦ ᠷᠦ ᠳᠦ ᠷᠦ ᠳᠦ
ᠠ···· ᠳᠦ ᠷᠦ ᠳᠦ ᠷᠦ ᠳᠦ
ᠵᠥᠭᠡᠯᠡᠨ ᠬᠠᠶᠠᠯᠠᠬᠤ ᠴᠠᠰᠤ ᠶ᠋ᠢ ᠵᠦᠭ ᠵᠦᠭ ᠡᠴᠡ ᠤᠭᠲᠤᠶ᠎ᠠ
ᠵᠢᠷᠤᠭ ᠰᠢᠭ᠋ ᠰᠠᠢᠬᠠᠨ ᠳᠡᠯᠡᠬᠡᠢ ᠳ᠋ᠦ᠍ ᠵᠣᠴᠢᠨ ᠪᠣᠯᠭᠠᠨ ᠤᠷᠢᠶ᠎ᠠ
ᠴᠠᠪ ᠴᠠᠭᠠᠨ ᠴᠠᠰᠤ ᠴᠠᠪ ᠴᠡᠪᠡᠷᠬᠡᠨ ᠪᠠᠭᠤᠯ᠎ᠠ
ᠴᠠᠭ ᠴᠠᠭ ᠤ᠋ᠨ ᠴᠠᠰᠤ ᠴᠡᠩᠭᠡᠯᠲᠦ ᠪᠠᠶᠠᠷ ᠢᠷᠡᠯ᠎ᠡ
ᠳᠦ···· ᠳᠦ ᠷᠦ ᠳᠦ ᠷᠦ ᠳᠦ
ᠠ···· ᠳᠦ ᠷᠦ ᠳᠦ ᠷᠦ ᠳᠦ
ᠭᠠᠯᠪᠢᠷ ᠮᠥᠩᠭᠥᠨ ᠴᠠᠰᠤ ᠶ᠋ᠢ ᠭᠠᠷ ᠢ᠋ᠶ᠋ᠠᠨ ᠳᠡᠯᠭᠡᠨ ᠤᠭᠲᠤᠶ᠎ᠠ
ᠭᠠᠩᠭᠠᠩ ᠰᠠᠢᠬᠠᠨ ᠪᠠᠢᠭᠠᠯᠢ ᠳ᠋ᠤ᠌ ᠭᠡᠢᠴᠢᠨ ᠪᠣᠯᠭᠠᠨ ᠤᠷᠢᠶ᠎ᠠ
ᠴᠠᠪ ᠴᠠᠭᠠᠨ ᠴᠠᠰᠤ ᠴᠠᠪ ᠴᠡᠪᠡᠷᠬᠡᠨ ᠪᠠᠭᠤᠯ᠎ᠠ
ᠴᠠᠭ ᠴᠠᠭ ᠤ᠋ᠨ ᠴᠠᠰᠤ ᠴᠡᠩᠭᠡᠯᠲᠦ ᠪᠠᠶᠠᠷ ᠢᠷᠡᠯ᠎ᠡ
ᠳᠦ···· ᠳᠦ ᠷᠦ ᠳᠦ ᠷᠦ ᠳᠦ
ᠠ···· ᠳᠦ ᠷᠦ ᠳᠦ ᠷᠦ ᠳᠦ
ᠳᠦ···· ᠳᠦ ᠷᠦ ᠳᠦ ᠷᠦ ᠳᠦ
ᠠ···· ᠳᠦ ᠷᠦ ᠳᠦ ᠷᠦ ᠳᠦ
ᠦᠰᠦᠭ ᠠᠮᠢᠯᠠᠭᠤᠯᠤᠭᠰᠠᠨ᠄ ᠰᠣᠳᠣ᠂ ᠮᠢᠳᠤᠭᠮ᠎ᠠ
ᠦᠰᠦᠭ ᠬᠠᠲᠠᠭᠰᠠᠨ᠄ ᠰᠣᠳᠣ᠂ ᠮᠢᠳᠤᠭᠮ᠎ᠠ
