ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 2 > Хөх зул – Боржигон Ванжал –"Ддөрөв ᠂ Монгол гэрийн бүтцийн бүлэг " 2 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 2 > Хөх зул – Боржигон Ванжал –"Ддөрөв ᠂ Монгол гэрийн бүтцийн бүлэг " 2

ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 2 > Хөх зул – Боржигон Ванжал –"Ддөрөв ᠂ Монгол гэрийн бүтцийн бүлэг " 2

ᠠᠩᠭᠢᠯᠠᠯ:ᠵᠠᠩ ᠦᠢᠯᠡ
2023-12-03

284

ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ – 2

ᠭᠡᠷ ᠪᠠᠷᠢᠬᠤ ᠶᠣᠰᠣᠨ Гэр барих ёсон


ᠭᠡᠷ ᠦ᠋ᠨ ᠶᠡᠬᠡ ᠪᠠᠭ᠎ᠠ  
       ᠮᠣᠩᠭᠣᠯ ᠭᠡᠷ ᠦ᠋ᠨ ᠶᠡᠷᠦᠩᠬᠡᠢ ᠪᠦᠲᠦᠴᠡ ᠬᠡᠯᠪᠡᠷᠢ ᠨᠢ ᠶᠡᠬᠡ ᠪᠠᠭ᠎ᠠ ᠶ᠋ᠢᠨ ᠢᠯᠭᠠᠯ ᠦᠭᠡᠢ ᠴᠥᠮ ᠠᠳᠠᠯᠢ᠃ ᠡᠩ ᠦ᠋ᠨ ᠮᠣᠩᠭᠣᠯ ᠭᠡᠷ ᠦ᠋ᠨ ᠶᠠᠰᠤ ᠶ᠋ᠢᠨ ᠪᠦᠲᠦᠴᠡ ᠨᠢ 4 ᠂ 5 ᠂ 6 ᠂ 8 ᠬᠠᠨ᠎ᠠ ᠲᠠᠢ ᠪᠠᠢᠳᠠᠭ ᠪᠥᠭᠡᠳ ᠬᠠᠨ᠎ᠠ ᠪᠦᠷᠢ ᠳ᠋ᠦ᠍ᠨᠢ 13 ᠂ 14 ᠂  15 ᠂ 17  ᠣᠨᠢ ᠰᠠᠭᠤᠯᠭᠠᠬᠤ ᠲᠣᠯᠣᠭᠠᠢᠲᠠᠢ ᠪᠠᠢᠳᠠᠭ᠃ ᠡᠢᠨ ᠬᠦ᠌ ᠶᠡᠬᠡ ᠭᠡᠷ ᠪᠣᠯ ᠬᠠᠨ᠎ᠠ ᠶ᠋ᠢᠨ ᠲᠣᠭ᠎ᠠ ᠣᠯᠠᠨ᠂ ᠡᠭᠦᠨ ᠳ᠋ᠦ᠍ ᠬᠣᠯᠪᠣᠭᠳᠠᠵᠤ ᠣᠨᠢ ᠶ᠋ᠢᠨ ᠲᠣᠭ᠎ᠠ᠂ ᠲᠣᠭᠣᠨᠣ ᠶ᠋ᠢᠨ ᠬᠤᠷᠤᠭᠤ ᠴᠤ᠌ ᠨᠢᠭᠡᠳᠦᠯᠲᠡᠢ ᠪᠡᠷ ᠨᠡᠮᠡᠭᠳᠡᠨ᠎ᠡ᠃ ᠪᠠᠭ᠎ᠠ ᠪᠣᠯ ᠡᠭᠦᠨ ᠦ᠌ ᠡᠰᠡᠷᠭᠦ – ᠨᠢᠭᠡᠳᠦᠯᠲᠡᠢ  ( ᠲᠣᠭᠣᠨᠣ  ᠶ᠋ᠢᠨ ᠬᠤᠷᠤᠭᠤ᠂ ᠣᠨᠢ᠂ ᠬᠠᠨᠠᠨ ᠲᠣᠯᠣᠭᠠᠢ  ) ᠪᠠᠷ ᠪᠠᠭᠠᠰᠤᠨ᠎ᠠ᠃ 
ᠭᠡᠷ ᠪᠠᠷᠢᠬᠤ ᠶᠣᠰᠣᠨ     
       ᠶᠡᠬᠡ ᠪᠠᠭ᠎ᠠ ᠭᠡᠷ ᠪᠠᠷᠢᠬᠤ ᠶᠣᠰᠣ ᠨᠢ ᠪᠦᠷ ᠠᠳᠠᠯᠢ ᠃ ᠡᠢᠨ ᠬᠦ᠌ ᠡᠨᠳᠡ ᠡᠩ ᠦ᠋ᠨ ᠭᠡᠷ ᠪᠠᠷᠢᠬᠤ ᠪᠠᠷ ᠵᠢᠱ᠌ᠢᠶᠡᠯᠡᠶ᠎ᠡ ᠃  
       ① ᠤᠷᠢᠳ ᠢ᠋ᠶ᠋ᠠᠷ ᠬᠠᠨ᠎ᠠ ᠪᠠᠨ ᠬᠠᠨ᠎ᠠ ᠲᠠᠢ ᠬᠣᠯᠪᠣᠨ ᠬᠦᠯᠢᠭᠡᠳ ᠂ ᠬᠣᠯᠪᠣᠭᠰᠠᠨ ᠬᠠᠨ᠎ᠠ ᠶ᠋ᠢᠨ ᠬᠣᠶᠠᠷ ᠦᠵᠦᠭᠦᠷ ᠢ᠋ ᠡᠭᠦᠳᠡᠨ ᠬᠠᠴᠠᠪᠴᠢ ᠲᠠᠢ ᠬᠣᠯᠪᠣᠭᠠᠳ᠂ ᠳᠣᠲᠣᠷ᠎ᠠ ᠪᠦᠰᠡ ᠶ᠋ᠢ ᠲᠠᠲᠠᠵᠤ ᠂ ᠭᠡᠷ ᠦ᠋ᠨ ᠥᠨᠳᠥᠷ ᠪᠣᠭᠣᠨᠢ ᠬᠡᠪᠲᠡᠭᠡ ᠪᠣᠰᠤᠭ᠎ᠠ ᠶ᠋ᠢ ᠲᠡᠩᠴᠡᠭᠦᠯᠦᠨ᠎ᠡ᠃ 
       ② ᠲᠣᠭᠣᠨᠣ ᠪᠠᠨ ᠥᠨᠳᠥᠷ ᠪᠠᠭᠠᠨ᠎ᠠ ᠪᠠᠷ ᠲᠤᠯᠵᠤ ᠂ ᠬᠡᠯᠬᠢᠶᠡᠷᠢ ᠲᠣᠭᠣᠨᠣ ᠪᠣᠯ ᠳᠥᠷᠪᠡᠨ ᠲᠠᠯ᠎ᠠ ᠶ᠋ᠢᠨ ᠣᠨᠢ ᠠ᠋ᠴᠠ ᠠᠪᠴᠤ ᠡᠭᠦᠳᠡ ᠂ ᠬᠣᠢᠮᠣᠷ ( ᠡᠮᠦᠨ᠎ᠡ ᠬᠣᠢᠨ᠎ᠠ ᠭᠣᠣᠯ ᠢ᠋ ) ᠳ᠋ᠦ᠍ ᠭᠣᠣᠯᠯᠠᠭᠤᠯᠤᠨ ᠳᠥᠷᠪᠡᠨ ᠲᠠᠯ᠎ᠠ ᠶ᠋ᠢᠨ ᠬᠠᠨᠠᠨ ᠲᠣᠯᠣᠭᠠᠢ ᠳ᠋ᠤ᠌ ᠬᠣᠯᠪᠣᠵᠤ ᠲᠣᠷᠭᠣᠭᠠᠳ ᠪᠤᠰᠤᠳ ᠣᠨᠢ ᠶ᠋ᠢ ᠪᠦᠷ ᠳᠠᠷᠠᠭ᠎ᠠ ᠨᠢ ᠰᠠᠭᠠᠯᠳᠤᠷᠭᠠᠯᠠᠭᠠᠳ ᠂ 10 ᠠᠯᠬᠤᠮ ᠬᠣᠯᠠ ᠠ᠋ᠴᠠ ᠲᠣᠭᠣᠨᠣ ᠪᠠ ᠭᠡᠷ ᠦ᠋ᠨ ᠣᠷᠣᠢ ᠲᠡᠭᠰᠢ ᠪᠠ ᠡᠰᠡᠬᠦ ᠶ᠋ᠢ ᠠᠵᠢᠵᠤ ᠂ ᠠᠯᠢ ᠲᠠᠯ᠎ᠠ ᠨᠢ ᠥᠨᠳᠥᠷ ᠪᠠᠢᠪᠠᠯ ᠲᠡᠷᠡ ᠲᠠᠯ᠎ᠠ ᠶ᠋ᠢ ᠨᠢ ᠳᠤᠭᠲᠤᠷᠭ᠎ᠠ ᠪᠠᠷ ᠳᠠᠷᠤᠵᠤ ᠲᠡᠭᠰᠢᠯᠡᠵᠦ ᠴᠢᠩᠭᠠᠯᠠᠨ᠎ᠠ᠃ 
       ③ ᠤᠷᠢᠳ ᠢ᠋ᠶ᠋ᠠᠷ ᠵᠠᠪᠬᠠᠴᠢ ᠪᠠᠢᠪᠠᠯ ᠬᠠᠨᠠᠨ ᠲᠣᠯᠣᠭᠠᠢ ᠳᠠᠭᠠᠤ ᠲᠠᠯᠪᠢᠨ᠎ᠠ᠃ ᠲᠡᠭᠡᠭᠡᠳ ᠡᠭᠦᠳᠡᠨ ᠦ᠌ ᠵᠡᠭᠦᠨ ᠬᠠᠴᠠᠪᠴᠢᠨ ᠤ᠋ ᠭᠤᠷᠪᠠᠨ ᠨᠦᠬᠡ ᠪᠤᠶᠤ ᠭᠠᠷᠠᠬᠠᠨ ( ᠵᠠᠷᠢᠮ ᠭᠠᠵᠠᠷ ᠬᠠᠴᠠᠪᠴᠢᠨ ᠤ᠋ ᠭᠠᠳᠠᠨ᠎ᠠ ᠲᠤᠰᠬᠠᠢ ᠪᠦᠰᠡ ᠤᠶᠠᠬᠤ ᠪᠠᠷ ᠬᠢᠭᠰᠡᠨ ᠲᠤᠰᠬᠠᠢ ᠮᠣᠳᠣ ᠪᠠᠢᠳᠠᠭ ) ᠠ᠋ᠴᠠ ᠭᠤᠷᠪᠠᠨ ᠪᠦᠰᠡ ᠤᠶᠠᠵᠤ᠂ ᠳᠤᠮᠳᠠ᠂ ᠳᠣᠣᠷ᠎ᠠ ᠬᠢ ᠶ᠋ᠢ ᠨᠢ ᠲᠦᠷ ᠲᠠᠯᠪᠢᠵᠤ᠂ ᠳᠡᠭᠡᠷ᠎ᠡ ᠪᠦᠰᠡ ᠪᠡᠨ ᠡᠪᠬᠡᠨ ᠪᠠᠷᠢᠵᠤ ᠨᠠᠷᠠᠨ ᠡᠷᠭᠢᠯᠲᠡ ᠪᠡᠷ ᠲᠤᠭᠤᠷᠭ᠎ᠠ ᠪᠠᠨ ᠨᠥᠮᠥᠷᠭᠡᠨ ᠳᠡᠭᠡᠷ᠎ᠡ ᠪᠦᠰᠡ ᠪᠡᠷ ᠨᠢᠭᠡ ᠬᠥᠮᠦᠨ ᠳᠠᠷᠤᠭᠤᠯᠵᠤ ᠶᠠᠪᠤᠨ᠎ᠠ᠃ ᠭᠡᠬᠦ ᠳ᠋ᠡᠭᠡᠨ ᠰᠠᠯᠬᠢᠨ ᠳᠣᠣᠷ᠎ᠠ ᠲᠠᠯ᠎ᠠ ᠶ᠋ᠢᠨ ᠲᠤᠭᠤᠷᠭᠠᠨ ᠵᠠᠩᠵᠠ ᠶ᠋ᠢ ᠳᠣᠲᠣᠭᠤᠷ ᠰᠢᠷᠭᠤᠭᠤᠯᠵᠤ ᠡᠮᠬᠦᠭᠦᠯᠦᠨ᠎ᠡ᠃ ᠢᠩᠭᠢᠵᠦ ᠲᠤᠭᠤᠷᠭᠠᠯᠠᠵᠤ ᠪᠠᠷᠠᠭᠰᠠᠨ ᠤ᠋ ᠳᠠᠷᠠᠭ᠎ᠠ ᠳᠤᠮᠳᠠ ᠪᠦᠰᠡ ᠴᠢᠩᠭᠠᠯᠠᠵᠤ᠂ ᠳᠠᠬᠢᠨ ᠬᠠᠶᠠᠭᠠᠪᠴᠢ ( ᠢᠷᠭᠡᠪᠴᠢ ) ᠶ᠋ᠢ ᠲᠣᠭᠣᠷᠢᠭᠤᠯᠵᠤ᠂ ᠲᠤᠭᠤᠷᠭᠠᠨ ᠬᠣᠷᠮᠣᠢ ᠪᠠᠷ ᠳᠠᠷᠤᠵᠤ ᠳᠣᠣᠷ᠎ᠠ ᠪᠦᠰᠡ ᠪᠡᠷ ᠳᠠᠷᠤᠭᠤᠯᠤᠨ᠎ᠠ᠃
       ④ ᠲᠠᠯᠪᠢᠬᠤ ᠴᠠᠪᠤᠭ ᠪᠠᠢᠪᠠᠯ ᠲᠠᠯᠪᠢᠨ᠎ᠠ᠃ ᠡᠭᠦᠳᠡ ᠡᠯᠭᠦᠵᠦ ᠲᠣᠲᠣᠭᠣ ᠲᠠᠯᠪᠢᠨ᠎ᠠ ᠃ ᠳᠠᠷᠠᠭ᠎ᠠ ᠨᠢ ᠲᠡᠭᠦᠨ ᠦ᠌ ᠳᠡᠭᠡᠭᠦᠷ ᠳᠡᠭᠡᠪᠦᠷ ᠲᠠᠯᠪᠢᠨ᠎ᠠ᠃ ᠭᠡᠬᠦ ᠳ᠋ᠡᠭᠡᠨ ᠤᠷᠢᠳ ᠢ᠋ᠶ᠋ᠠᠷ ᠡᠮᠦᠨ᠎ᠡ ᠳᠡᠭᠡᠪᠦᠷ ᠢ᠋ ᠲᠠᠯᠪᠢᠵᠤ᠂ ᠲᠡᠭᠦᠨ ᠦ᠌ ᠳᠡᠭᠡᠳᠦ ᠵᠠᠬ᠎ᠠ ᠶ᠋ᠢᠨ ᠣᠭᠣᠰᠣᠷ ᠢ᠋ ᠬᠣᠢᠰᠢ ᠲᠡᠳᠡᠨ ᠬᠠᠨ᠎ᠠ ᠶ᠋ᠢᠨ ᠲᠣᠯᠣᠭᠠᠢ ᠳ᠋ᠤ᠌ ᠤᠶᠠᠨ ᠰᠢᠪᠲᠤᠷᠠᠬᠤ ᠦᠭᠡᠢ ᠶ᠋ᠢ ᠪᠠᠲᠤᠯᠠᠨ᠎ᠠ᠃ ᠡᠭᠦᠨ ᠦ᠌ ᠳᠠᠷᠠᠭ᠎ᠠ ᠬᠣᠢᠲᠤ ᠳᠡᠭᠡᠪᠦᠷ ᠢ᠋ ᠡᠮᠦᠨ᠎ᠡ ᠳᠡᠭᠡᠪᠦᠷ ᠦ᠋ᠨ ᠳᠡᠭᠡᠭᠦᠷ ᠡᠮᠬᠦᠭᠦᠯᠦᠨ ᠲᠠᠯᠪᠢᠵᠤ᠂ ᠳᠡᠭᠡᠪᠦᠷ ᠦ᠋ᠨ ᠳᠡᠭᠡᠳᠦ ᠵᠠᠬ᠎ᠠ ᠳ᠋ᠤ᠌ ᠬᠠᠲᠠᠭᠰᠠᠨ ᠬᠣᠶᠠᠷ ᠬᠣᠶᠠᠷ ᠳᠠᠢᠯᠭ᠎ᠠ ᠶ᠋ᠢ ᠡᠮᠦᠨᠡᠰᠢ ᠲᠡᠳᠡᠨ᠂ ᠶᠠᠭ ᠡᠭᠦᠳᠡ ᠭᠣᠣᠯᠳᠠᠭᠤᠯᠵᠤ ᠰᠣᠯᠪᠢᠴᠠᠭᠤᠯᠤᠨ ᠰᠦᠯᠵᠢᠵᠦ ᠥᠯᠵᠡᠢ ᠵᠠᠩᠭᠢᠶ᠎ᠠ ᠭᠠᠷᠭᠠᠨ ᠡᠭᠦᠳᠡᠨ ᠬᠣᠶᠠᠷ ᠲᠠᠯ᠎ᠠ ᠶ᠋ᠢᠨ ᠪᠥᠰᠡᠨ ᠳ᠋ᠦ᠍ ᠴᠠᠬᠢᠯᠳᠠᠭ ᠣᠶᠣᠳᠠᠯ ᠢ᠋ᠶ᠋ᠠᠷ ᠲᠣᠷᠭᠣᠭᠠᠨ᠎ᠠ᠃ 
       ⑤ ᠡᠷᠦᠬᠡ ᠡᠷᠦᠬᠡᠯᠡᠨ᠎ᠡ᠃ ᠡᠷᠦᠬᠡᠨ ᠤ ᠪᠠᠷᠠᠭᠤᠨ ᠵᠡᠭᠦᠨ ᠪᠠ ᠬᠣᠢᠲᠤ ᠣᠭᠣᠰᠣᠷ ᠢ᠋ ᠪᠦᠷ ᠭᠡᠷ ᠦ᠋ᠨ ᠪᠦᠰᠡ ᠳ᠋ᠦ᠍ ᠬᠠᠪᠴᠢᠭᠤᠯᠤᠨ ᠤᠶᠠᠵᠤ᠂ ᠳᠣᠪᠲᠣᠯᠭ᠎ᠠ ( ᠡᠷᠦᠬᠡ ᠶ᠋ᠢᠨ ᠡᠮᠦᠨ᠎ᠡ ᠣᠭᠣᠰᠣᠷ ) ᠢ᠋ ᠠᠮᠢᠳᠤᠯᠢᠭ ᠲᠠᠯᠪᠢᠵᠤ ᠨᠡᠭᠡᠭᠡᠵᠦ ᠬᠠᠭᠠᠬᠤ ᠳ᠋ᠤ᠌ ᠪᠡᠯᠡᠳᠬᠡᠨ᠎ᠡ᠃
       ⑥ ᠲᠣᠭᠣᠨᠣ ᠶ᠋ᠢᠨ ᠭᠣᠣᠯ ᠳ᠋ᠤ᠌ ᠴᠢᠭᠲᠠᠭ᠎ᠠ ᠪᠠᠨ ᠤᠶᠠᠵᠤ᠂ ᠢᠯᠡᠭᠦᠷᠡᠭᠰᠡᠨ ᠣᠭᠣᠰᠣᠷ ᠢ᠋ ᠭᠤᠷᠪᠠ ᠨᠤᠭᠤᠯᠤᠨ ᠣᠨᠢᠨ ᠳ᠋ᠤ᠌ ᠬᠠᠪᠴᠢᠭᠤᠯᠤᠨ᠎ᠠ᠃ ᠬᠠᠮᠤᠭ ᠤ᠋ᠨ ᠰᠡᠭᠦᠯ ᠳ᠋ᠦ᠍ ᠳᠣᠲᠣᠷ᠎ᠠ ᠬᠥᠰᠢᠭᠡ ᠶ᠋ᠢ ᠵᠡᠭᠦᠵᠦ ᠳᠣᠲᠣᠭᠠᠳᠤ ᠴᠢᠮᠡᠭᠯᠡᠯ ᠢ᠋ ᠪᠦᠷᠢᠯᠳᠦᠭᠦᠯᠦᠨ᠎ᠡ᠃