ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 1 > Хөх зул – Боржигон Ванжал –"Ддөрөв ᠂ Монгол гэрийн бүтцийн бүлэг " 1 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 1 > Хөх зул – Боржигон Ванжал –"Ддөрөв ᠂ Монгол гэрийн бүтцийн бүлэг " 1

ᠬᠥᠬᠡ ᠵᠤᠯᠠ – ᠪᠣᠷᠵᠢᠭᠢᠨ ᠸᠠᠩᠵᠠᠯ - < ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ 1 > Хөх зул – Боржигон Ванжал –"Ддөрөв ᠂ Монгол гэрийн бүтцийн бүлэг " 1

ᠠᠩᠭᠢᠯᠠᠯ:ᠵᠠᠩ ᠦᠢᠯᠡ
2023-12-02

454

ᠳᠥᠷᠪᠡ ᠂ ᠮᠣᠩᠭᠣᠯ ᠭᠡᠷ ᠦᠨ ᠪᠦᠲᠦᠴᠡ ᠶᠢᠨ ᠪᠦᠯᠦᠭ – 1

ᠮᠣᠩᠭᠣᠯ ᠭᠡᠷ ᠦᠨ ᠪᠦᠲᠦᠴᠡ Монгол гэрийн бүтэц

ᠮᠣᠩᠭᠣᠯ ᠭᠡᠷ ᠦᠨ ᠪᠦᠲᠦᠴᠡ Монгол гэрийн бүтэц

ᠮᠣᠩᠭᠣᠯ ᠭᠡᠷ ᠦᠨ ᠪᠦᠲᠦᠴᠡ Монгол гэрийн бүтэц


ᠭᠡᠷ   
       ᠮᠣᠩᠭᠣᠯ ᠭᠡᠷ᠂ ᠮᠣᠩᠭᠣᠯ ᠬᠥᠮᠦᠨ ᠦ᠌ ᠣᠷᠣᠰᠢᠨ ᠰᠠᠭᠤᠬᠤ ᠣᠷᠣᠨ ᠰᠠᠭᠤᠴᠠ᠃ ᠭᠡᠷ ᠪᠠᠢᠰᠢᠩ ᠬᠣᠶᠠᠷ ᠡᠷᠲᠡᠨ ᠡᠴᠡ ᠪᠡᠨ ᠢᠯᠭᠠᠭᠠᠲᠠᠢ ᠪᠢᠯᠡ᠃ ᠣᠳᠣᠬᠢ ᠵᠠᠷᠢᠮ ᠨᠤᠲᠤᠭ ᠤ᠋ᠨ ᠬᠢᠨ ᠢᠯᠭᠠᠬᠤ ᠪᠠᠨ ᠪᠠᠢᠴᠢᠬᠠᠭᠰᠠᠨ ᠠ᠋ᠴᠠ ᠪᠢᠰᠢ ᠃ ᠭᠡᠷ ᠭᠡᠪᠡᠯ ᠡᠷᠬᠡᠪᠰᠢ ᠮᠣᠩᠭᠣᠯ ᠭᠡᠷ ᠢ᠋ ᠬᠡᠯᠡᠵᠦ᠂ ᠪᠠᠢᠰᠢᠩ ᠭᠡᠪᠡᠯ ᠰᠢᠷᠣᠢ ᠪᠠᠷ ᠪᠠᠷᠢᠭᠰᠠᠨ ᠣᠷᠣᠨ ᠰᠠᠭᠤᠴᠠ ᠶ᠋ᠢ ᠬᠡᠯᠡᠳᠡᠭ᠃ ᠲᠡᠢᠨ ᠬᠦ᠌ ᠮᠣᠩᠭᠣᠯ ᠭᠡᠷ᠂ ᠰᠢᠪᠠᠷ ᠪᠠᠢᠰᠢᠩ ᠭᠡᠵᠦ ᠲᠣᠳᠣᠷᠬᠠᠢᠯᠠᠬᠤ ᠬᠡᠷᠡᠭ ᠦᠭᠡᠢ᠃ ᠭᠡᠷ ᠪᠦᠯᠢ ( ᠭᠡᠷ ᠳᠣᠲᠣᠷᠠᠬᠢ ᠬᠥᠮᠦᠰ ) ᠂ ᠭᠡᠷ ᠪᠦᠯᠢ ᠪᠣᠯᠬᠤ ( ᠡᠷ᠎ᠡ ᠡᠮ᠎ᠡ ᠪᠣᠯᠤᠯᠴᠠᠬᠤ ) ᠂ ᠭᠡᠷ ᠭᠡᠷᠯᠡᠬᠦ  (① ᠭᠡᠷᠭᠡᠢ ᠠᠪᠬᠤ ᠂ ②  ᠭᠡᠷ ᠣᠷᠣᠨ ᠢ᠋ᠶ᠋ᠠᠨ ᠰᠠᠢᠨ ᠠᠪᠴᠤ ᠶᠠᠪᠤᠬᠤ ) ᠂ ᠭᠡᠷ ᠵᠠᠭᠤᠷ᠎ᠠ (① ᠭᠡᠷ ᠦ᠋ᠨ ᠬᠥᠮᠦᠰ ᠳᠣᠲᠣᠷ᠎ᠠ ᠪᠠᠨ ᠂ ②  ᠭᠡᠷ ᠦ᠋ᠨ ᠣᠷᠴᠢᠨ ᠲᠣᠭᠣᠷᠢᠨ ᠠ᠋ᠴᠠ ᠦᠯᠦ ᠬᠣᠯᠠᠳᠠᠬᠤ ) ᠂ ᠭᠡᠷ ᠵᠣᠪᠠᠬᠤ ( ᠬᠥᠷᠥᠩᠭᠡ ᠶᠠᠳᠠᠭᠤᠷᠠᠬᠤ ) ᠂ ᠭᠡᠷ ᠶᠠᠳᠠᠭᠤ ( ᠶᠠᠳᠠᠭᠤ ᠬᠣᠭᠣᠰᠣᠨ ) ᠂ ᠭᠡᠷ ᠪᠠᠶᠠᠨ (ᠬᠥᠷᠥᠩᠭᠡ ᠶᠡᠬᠡᠲᠡᠢ ) ᠂ ᠭᠡᠷ ᠲᠡᠷᠭᠡ ( ᠤᠤᠯ ᠨᠢ ᠲᠡᠷᠭᠡᠨ ᠳᠡᠭᠡᠷ᠎ᠡ ᠲᠣᠬᠢᠶᠠᠭᠰᠠᠨ ᠭᠡᠷ  ᠢ ᠬᠡᠯᠡᠵᠦ ᠪᠠᠢᠵᠠᠢ᠂ ᠣᠳᠣ ᠤᠳᠬ᠎ᠠ ᠰᠢᠯᠵᠢᠭᠡᠳ ᠭᠡᠷ ᠦ᠋ᠨ ᠳᠣᠲᠣᠷᠠᠬᠢ ᠪᠦᠬᠦᠨ ᠢ᠋ ᠵᠢᠭᠠᠭᠰᠠᠨ ᠤᠳᠬ᠎ᠠ ᠲᠠᠢ ᠪᠣᠯᠵᠠᠢ ) ᠂ ᠭᠡᠷ ᠪᠠᠷᠠᠭ᠎ᠠ ( ᠬᠥᠷᠥᠩᠭᠡ ᠬᠣᠭᠰᠢᠯ ) ᠂ ᠭᠡᠷ ᠪᠠᠷᠢᠬᠤ (① ᠭᠡᠷ ᠪᠤᠰᠬᠠᠨ ᠪᠠᠢᠭᠤᠯᠬᠤ ᠂ ②  ᠭᠡᠷ ᠭᠡᠷᠯᠡᠬᠦ ᠂ ③ ᠡᠷᠦᠬᠡ ᠬᠥᠷᠥᠩᠭᠡ ᠪᠡᠨ ᠲᠤᠰᠠᠭᠠᠷᠯᠠᠬᠤ ᠂ ᠳᠠᠯᠤᠤ ᠵᠡᠷᠭᠡ ᠵᠠᠷᠢᠮ ᠲᠣᠭᠯᠠᠭᠠᠮ ᠢ᠋ᠶ᠋ᠠᠷ ᠲᠣᠭᠯᠠᠬᠤ ᠳ᠋ᠤ᠌ ᠠᠯᠢ ᠠᠬᠠᠯᠠᠬᠤ ᠮᠣᠳᠣ ᠲᠠᠢ ᠨᠢ ᠳᠠᠷᠤᠵᠤ ᠥᠪᠡᠷ ᠦ᠋ᠨ ᠪᠣᠯᠭᠠᠬᠤ ᠶ᠋ᠢ ) ᠂ ᠬᠠᠷ᠎ᠠ ᠭᠡᠷ ( ᠭᠢᠨᠳᠠᠨ ᠱᠣᠷᠣᠩ ) ᠂ ᠤᠯᠤᠰ ᠭᠡᠷ ( ᠤᠯᠤᠰ ᠦᠨᠳᠦᠰᠦᠲᠡᠨ ) ᠂ ᠭᠡᠷ ᠡᠴᠡ ᠭᠠᠷᠬᠤ ( ᠬᠤᠸᠠᠷᠠᠭ ᠪᠣᠯᠬᠤ )᠂ ᠭᠡᠷ ᠦ᠋ᠨ ᠪᠠᠭᠤᠷᠢ ( ① ᠭᠡᠷ ᠪᠠᠷᠢᠬᠤ ᠭᠠᠵᠠᠷ ᠂ ② ᠭᠡᠷ ᠪᠠᠷᠢᠵᠤ ᠪᠠᠢᠭᠰᠠᠨ ᠭᠠᠵᠠᠷ ) ᠂ ᠭᠡᠷ ᠢ ᠵᠠᠰᠠᠬᠤ ( ᠤᠯᠤᠰ ᠭᠡᠷ ᠢ᠋ ᠲᠦᠪᠰᠢᠳᠬᠡᠨ ᠮᠠᠨᠳᠤᠭᠤᠯᠬᠤ ) ᠂ ᠭᠡᠷ ᠦ᠋ᠨ  ᠦᠶ᠎ᠡ ᠶ᠋ᠢᠨ ᠪᠢᠴᠢᠮᠡᠯ ( ᠭᠡᠷ ᠦ᠋ᠨ ᠲᠡᠷᠢᠭᠦᠯᠡᠭᠴᠢ ᠶ᠋ᠢᠨ ᠤᠳᠤᠮ ᠤᠯᠠᠮᠵᠢᠯᠠᠯ ᠤ᠋ᠨ ᠲᠣᠳᠣᠷᠬᠠᠢᠯᠠᠯᠲᠠ ) ᠂ ᠭᠡᠷ ᠦ᠋ᠨ ᠮᠤᠬᠤᠷ ᠰᠠᠬᠢᠬᠤ ( ᠶᠠᠭᠤᠮ᠎ᠠ ᠦᠵᠡᠵᠦ  ᠨᠢᠳᠦ ᠲᠠᠢᠯᠤᠭ᠎ᠠ ᠦᠭᠡᠢ ᠪᠥᠭᠯᠡᠭᠦᠦ ᠪᠣᠢᠳᠠ ᠪᠠᠢᠬᠤ ) ᠂ ᠭᠡᠷ ᠦ᠋ᠨ ᠬᠥᠮᠦᠨ 》( ① ᠭᠡᠷᠭᠡᠢ ᠂ ②  ᠪᠠᠢᠩᠭᠤ ᠭᠡᠷ ᠲᠡᠭᠡᠨ ᠪᠠᠢᠬᠤ ᠠ᠋ᠴᠠ  ᠥᠭᠡᠷ᠎ᠡ ᠪᠣᠯᠤᠮᠵᠢ ᠦᠭᠡᠢ ᠪᠣᠯᠤᠭᠰᠠᠨ ᠬᠥᠮᠦᠨ ) ᠂ ᠭᠡᠷ ᠦ᠋ᠨ ᠬᠡᠷᠡᠭᠯᠡᠯ ( ᠭᠡᠷ ᠦ᠋ᠨ ᠳᠣᠲᠣᠷ᠎ᠠ ᠲᠠᠯᠪᠢᠬᠤ ᠬᠣᠭᠰᠢᠯ ) ᠂ ᠭᠡᠷ ᠦ᠋ᠨ ᠡᠵᠡᠨ ( ᠡᠷᠦᠬᠡ   ᠶ᠋ᠢᠨ ᠲᠡᠷᠢᠭᠦᠯᠡᠭᠴᠢ ) ᠂ ᠭᠡᠷ ᠦ᠋ᠨ ᠲᠡᠵᠢᠭᠡᠪᠦᠷᠢ ᠠᠮᠢᠲᠠᠨ ( ᠲᠠᠪᠤᠨ ᠬᠣᠰᠢᠭᠤ ᠮᠠᠯ ᠠ᠋ᠴᠠ ᠪᠤᠰᠤᠳ ᠲᠡᠵᠢᠭᠡᠪᠦᠷᠢ ᠠᠮᠢᠲᠠᠨ ) ᠂ ᠭᠡᠷ ᠦ᠋ᠨ ᠮᠣᠳᠣ  ( ᠣᠨᠢ ᠂ ᠬᠠᠨ᠎ᠠ ᠂ ᠬᠠᠭᠠᠯᠭ᠎ᠠ ᠂ ᠲᠣᠭᠣᠨᠣ ) ᠂ ᠭᠡᠷ ᠦ᠋ᠨ ᠬᠣᠢᠮᠣᠷ ( ᠭᠡᠷ ᠦ᠋ᠨ ᠭᠣᠯᠣᠮᠲᠠ ᠠ᠋ᠴᠠ ᠬᠣᠢᠰᠢᠬᠢ ᠣᠷᠣᠨ ᠵᠠᠢ ) ᠂ ᠭᠡᠷ ᠦ᠋ᠨ ᠬᠥᠮᠦᠵᠢᠯ ( ᠡᠴᠢᠭᠡ ᠡᠬᠡ ᠶ᠋ᠢᠨ ᠵᠢᠭᠠᠪᠤᠷᠢ ᠰᠤᠷᠭᠠᠯ ) ᠂ ᠭᠡᠷ ᠦ᠋ᠨ ᠳᠠᠭᠠᠭᠠᠯᠭᠠᠪᠤᠷᠢ ( ᠬᠢᠴᠢᠶᠡᠯ ᠦ᠋ᠨ ᠭᠠᠳᠠᠭᠤᠷ ᠭᠡᠷ ᠲᠡᠭᠡᠨ ᠬᠢᠬᠦ ᠳᠠᠰᠬᠠᠯ ) ᠂ ᠭᠡᠷ  ᠦ᠋ᠨ ᠠᠷᠢᠭᠤᠨ ᠴᠡᠪᠡᠷ ( ᠭᠡᠷ ᠣᠷᠣᠨ ᠳ᠋ᠠᠭᠠᠨ ᠴᠡᠪᠡᠷ ᠴᠡᠭᠡᠷᠴᠢ ᠪᠠᠢᠬᠤ ᠱᠠᠭᠠᠷᠳᠠᠯᠭ᠎ᠠ ) ᠂  ᠭᠡᠷ ᠦ᠋ᠨ ᠬᠣᠰᠢᠶᠠᠩᠭᠤᠷ ( ᠬᠣᠰᠢᠶᠠᠩᠭᠤᠷ ᠤ᠋ᠨ ᠨᠢᠭᠡ  ᠵᠦᠢᠯ ) ᠂ ᠭᠡᠷ ᠦ᠋ᠨ ᠪᠤᠭᠤ ( ᠨᠢᠭᠡ ᠵᠦᠢᠯ ᠦ᠋ᠨ ᠲᠡᠵᠢᠭᠡᠪᠦᠷᠢ ᠲᠣᠮᠣ ᠬᠤᠯᠤᠭᠠᠨ᠎ᠠ ) ᠂ ᠭᠡᠷ ᠦ᠋ᠨ ᠪᠤᠭ ( ᠭᠡᠷ ᠦ᠋ᠨ ᠳᠠᠷᠤᠭᠠᠰᠤ ) ᠂ ᠭᠡᠷ ᠦ᠋ᠨ ᠰᠢᠪᠠᠭᠤ ( ᠲᠠᠬᠢᠶ᠎ᠠ ) ᠃ 
ᠭᠡᠷ    
         ( ᠰᠢᠯᠵᠢᠭᠰᠡᠨ ᠤᠳᠬ᠎ᠠ ) ① ᠠᠮᠢᠲᠠᠨ ᠤ᠋ ᠦᠷ᠎ᠡ ᠵᠤᠯᠵᠠᠭ᠎ᠠ ᠣᠷᠣᠰᠢᠬᠤ ᠰᠠᠪᠠ ᠂ ② ᠶᠠᠭᠤᠮᠠᠨ ᠤ᠋ ᠭᠠᠳᠠᠭᠤᠷᠬᠢ ᠬᠠᠯᠢᠰᠤ ᠪᠤᠶᠤ ᠪᠤᠶᠤ ᠪᠦᠷᠬᠦᠭᠡᠰᠦ ᠵᠢᠴᠢ ᠠᠬᠤᠭᠤᠯᠬᠤ ᠰᠠᠪᠠ᠂ ᠵᠢᠱ᠌ᠢᠶᠡᠯᠡᠪᠡᠯ : ᠬᠣᠷᠣᠬᠠᠢ ᠶ᠋ᠢᠨ ᠭᠡᠷ᠂ ᠮᠠᠯᠠᠭᠠᠢ ᠶ᠋ᠢᠨ ᠭᠡᠷ᠂ ᠨᠢᠳᠦᠨ ᠰᠢᠯ ᠦ᠋ᠨ ᠭᠡᠷ᠂ ᠫᠤᠤ ᠶ᠋ᠢᠨ ᠭᠡᠷ ᠭᠡᠬᠦ ᠮᠡᠲᠦ᠃
ᠲᠣᠭᠣᠨᠣ    
       ᠮᠣᠩᠭᠣᠯ ᠭᠡᠷ ᠦ᠋ᠨ ᠣᠷᠣᠢ ᠳ᠋ᠠᠬᠢ ᠣᠨᠢ ᠶ᠋ᠢ ᠲᠣᠭᠲᠠᠭᠠᠵᠤ ᠪᠠᠢᠭ᠎ᠠ ᠴᠠᠮᠬᠠᠭ ᠲᠠᠢ ᠳᠤᠭᠤᠢ ᠴᠠᠭᠠᠷᠢᠭ ( ᠬᠦᠷᠢᠶ᠎ᠡ ) ᠃  ᠵᠠᠷᠢᠮ ᠨᠢ ᠣᠨᠢᠰᠣ ᠬᠡᠯᠬᠢᠶᠡᠷᠢ ᠭᠡᠵᠦ ᠨᠢᠭᠡ ᠴᠦ᠍ ᠦᠭᠡᠢ ᠪᠠᠢᠳᠠᠭ᠃ ᠬᠥᠬᠡᠨᠠᠭᠤᠷ ᠲᠤ᠌ ᠬᠠᠷᠠᠭᠠᠴᠠ ᠭᠡᠳᠡᠭ᠃ 
ᠰᠡᠷᠡᠯᠵᠢᠨ ᠲᠣᠭᠣᠨᠣ  
       ᠲᠣᠭᠣᠨᠣ ᠶ᠋ᠢᠨ ᠴᠠᠭᠠᠷᠢᠭ ( ᠬᠦᠷᠢᠶᠡᠨ ) ᠳ᠋ᠡᠭᠡᠨ ᠬᠣᠶᠠᠷ ᠬᠣᠶᠠᠷ ᠨᠠᠷᠢᠨ ᠪᠤᠷᠭᠠᠰᠤᠨ ᠮᠣᠳᠣ ᠪᠠᠷ ᠲᠣᠭᠣᠨᠣᠯᠵᠢ ᠭᠠᠷᠭᠠᠨ ᠴᠠᠮᠬᠠᠭᠯᠠᠨ ᠬᠢᠭᠰᠡᠨ ᠳᠥᠭᠥᠮ ᠲᠣᠭᠣᠨᠣ ᠃ ᠣᠨᠢᠰᠣ᠂ ᠬᠠᠷᠠᠭ᠎ᠠ᠂ ᠳᠠᠭ᠎ᠠ ᠵᠡᠷᠭᠡ ᠨᠢᠭᠡ ᠴᠦ᠍ ᠦᠭᠡᠢ᠃ 
ᠬᠠᠳᠬᠤᠭᠤᠷ ᠲᠣᠭᠣᠨᠣ  
       ᠲᠣᠭᠣᠨᠣ ᠶ᠋ᠢᠨ ᠭᠠᠳᠠᠷ ᠴᠠᠭᠠᠷᠢᠭ ( ᠬᠦᠷᠢᠶᠡᠨ ) ᠳ᠋ᠡᠭᠡᠨ ᠭᠠᠳᠠᠭᠰᠢ ᠰᠠᠷᠬᠢᠨᠠᠭ ᠰᠢᠭ᠋ ᠣᠯᠠᠨ ᠱᠠᠭ᠎ᠠ ( ᠨᠢᠳᠦ ) ᠭᠠᠷᠭᠠᠨ ᠣᠨᠢ ᠲᠣᠭᠲᠠᠭᠠᠬᠤ ᠤᠭᠯᠠᠭᠤᠷᠭ᠎ᠠ ᠲᠠᠢ ᠲᠣᠭᠣᠨᠣ ᠶ᠋ᠢ ᠬᠡᠯᠡᠨ᠎ᠡ ᠃ 
ᠬᠡᠯᠬᠢᠶᠡᠷᠢ ᠲᠣᠭᠣᠨᠣ  
       ᠲᠣᠭᠣᠨᠣ ᠶ᠋ᠢᠨ ᠭᠠᠳᠠᠷ ᠳᠠᠪᠬᠤᠷ ᠴᠠᠭᠠᠷᠢᠭ ( ᠬᠦᠷᠢᠶᠡᠨ ) ᠳ᠋ᠡᠭᠡᠨ ᠭᠠᠳᠠᠭᠰᠢ ᠬᠠᠷᠠᠭᠰᠠᠨ ᠣᠯᠠᠨ ᠨᠢᠳᠦᠲᠡᠢ  (ᠱᠠᠭ᠎ᠠ )  ᠬᠤᠷᠤᠭᠤ ᠪᠣᠢ ᠂ ᠲᠡᠷᠡ ᠬᠦ᠌ ᠨᠢᠳᠦ ᠨᠢᠭᠡ ᠪᠦᠷᠢ ᠳ᠋ᠦ᠍ ᠨᠢᠭᠡ ᠣᠨᠢ ᠶ᠋ᠢ ᠬᠡᠯᠬᠢᠵᠦ ᠲᠣᠭᠲᠠᠭᠠᠭᠰᠠᠨ ᠲᠣᠭᠣᠨᠣ ᠶ᠋ᠢ ᠬᠡᠯᠡᠨ᠎ᠡ ᠃ ᠬᠡᠯᠬᠢᠶᠡᠷᠢ ᠲᠣᠭᠣᠨᠣ ᠨᠢ ᠬᠣᠶᠠᠷ ᠬᠠᠭᠠᠰ ᠴᠠᠭᠠᠷᠢᠭ ᠢ᠋ᠶ᠋ᠠᠷ ᠪᠦᠲᠦᠭᠰᠡᠨ ᠪᠠᠢᠳᠠᠭ᠃ 
       ᠬᠡᠯᠬᠢᠶᠡᠷᠢ ᠲᠣᠭᠣᠨᠣ ᠶ᠋ᠢᠨ ᠪᠦᠲᠦᠴᠡ ᠨᠢ ᠬᠠᠮᠤᠭ ᠠ᠋ᠴᠠ ᠪᠤᠳᠤᠯᠢᠶᠠᠨᠲᠠᠢ ᠰᠢᠭ᠋ ᠲᠤᠯᠠ ᠲᠡᠭᠦᠨ ᠢ᠋ ᠨᠢ ᠵᠠᠳᠠᠯᠵᠤ ᠲᠠᠢᠯᠤᠶ᠎ᠠ᠃ 
ᠲᠣᠭᠣᠨᠣ ᠶ᠋ᠢᠨ ᠣᠨᠢᠰᠣ   
       ᠬᠣᠶᠠᠷ ᠬᠠᠭᠠᠰ ᠪᠦᠬᠦᠢ ᠬᠡᠯᠬᠢᠶᠡᠷᠢ ᠲᠣᠭᠣᠨᠣ ᠪᠠᠨ ᠨᠣᠮᠣᠨ ᠲᠠᠯ᠎ᠠ ᠪᠢᠰᠢ ᠬᠥᠪᠴᠢ ᠲᠠᠯ᠎ᠠ ᠪᠠᠷ ᠨᠢ ᠬᠠᠪᠰᠤᠷᠭᠠᠨ ᠨᠡᠢᠯᠡᠭᠦᠯᠵᠦ ᠲᠤᠰᠬᠠᠢ ᠪᠡᠯᠡᠳᠬᠡᠭᠰᠡᠨ ᠴᠦ ᠪᠡᠷ ᠴᠦᠳᠡᠵᠦ ᠨᠡᠢᠯᠡᠭᠦᠯᠳᠡᠭ ᠃ ᠲᠡᠷᠡ ᠴᠦ ᠶ᠋ᠢ ᠲᠣᠭᠣᠨᠣ ᠶ᠋ᠢᠨ ᠣᠨᠢᠰᠣ ᠭᠡᠨ᠎ᠡ᠃ ᠪᠠᠰᠠ ᠲᠣᠭᠣᠨᠣ ᠶ᠋ᠢᠨ ᠬᠡᠯᠬᠢᠶᠡᠷᠢ ᠴᠦ᠍ ᠭᠡᠳᠡᠭ᠃ 
ᠲᠣᠭᠣᠨᠣ ᠶ᠋ᠢᠨ ᠬᠣᠯᠪᠤᠭᠠᠷᠢ  
       ᠬᠡᠯᠬᠢᠶᠡᠷᠢ ᠲᠣᠭᠣᠨᠣ ᠶ᠋ᠢᠨ ᠣᠨᠢᠰᠣ ᠶ᠋ᠢ ᠤᠯᠠᠮ ᠪᠡᠬᠢᠯᠡᠬᠦ ᠶ᠋ᠢᠨ ᠲᠥᠯᠥᠭᠡ ᠣᠷᠢᠶᠠᠨ ᠤᠶᠠᠳᠠᠭ ᠨᠠᠷᠢᠨ ᠳᠡᠭᠡᠰᠦ ᠶ᠋ᠢ ᠬᠣᠯᠪᠤᠭᠠᠷᠢ ᠭᠡᠨ᠎ᠡ᠃ 
ᠲᠣᠭᠣᠨᠣ ᠶ᠋ᠢᠨ ᠭᠣᠣᠯ 
       ᠬᠣᠶᠠᠷ ᠬᠠᠭᠠᠰ ᠲᠣᠭᠣᠨᠣᠨ ᠤ᠋ ᠨᠡᠢᠯᠡᠪᠦᠷᠢ᠂ ᠡᠭᠦᠳᠡ ᠲᠡᠢ ᠵᠡᠷᠭᠡᠴᠡᠭᠡ ᠰᠢᠯᠤᠭᠤᠨ ᠢ᠋ᠶ᠋ᠠᠷ ᠣᠷᠣᠰᠢᠬᠤ ᠲᠣᠭᠣᠨᠣ ᠶ᠋ᠢᠨ ᠭᠣᠣᠯ ᠮᠣᠳᠣ ᠃ ᠪᠠᠰᠠ ᠰᠡᠷᠡᠯᠵᠢ᠂ ᠴᠢᠮᠠᠷᠬᠠᠢ ᠭᠡᠳᠡᠭ᠃ 
ᠡᠮᠦᠨ᠎ᠡ ᠬᠣᠢᠨ᠎ᠠ ᠲᠣᠭᠣᠨᠣ ᠶ᠋ᠢᠨ ᠭᠣᠣᠯ   
       ᠪᠠᠰᠠ ᠲᠣᠭᠣᠨᠣ ᠶ᠋ᠢᠨ ᠪᠠᠭ᠎ᠠ ᠭᠣᠣᠯ ᠭᠡᠳᠡᠭ᠃ ᠡᠨᠡ ᠨᠢ ᠡᠭᠦᠳᠡ ᠲᠡᠢ ᠵᠡᠷᠭᠡᠴᠡᠭᠡ ᠰᠢᠯᠤᠭᠤᠨ ᠢ᠋ᠶ᠋ᠠᠷ ᠣᠷᠣᠰᠢᠵᠤ ᠪᠣᠢ ᠲᠣᠭᠣᠨᠣ  ᠶ᠋ᠢᠨ ᠭᠣᠣᠯ ᠲᠠᠢ ᠶᠠᠭ ᠭᠣᠣᠯ ᠢ᠋ᠶ᠋ᠠᠷ ᠨᠢ ᠵᠠᠯᠮᠠᠭᠠᠢᠯᠠᠵᠤ ᠪᠠᠢᠭ᠎ᠠ ᠲᠣᠭᠣᠨᠣ ᠶ᠋ᠢᠨ ᠪᠠᠭ᠎ᠠ ᠭᠣᠣᠯ᠃ ᠬᠣᠢᠨᠠᠬᠢ ᠨᠢ ᠬᠣᠢᠮᠣᠷ ᠭᠣᠣᠯᠯᠠᠵᠤ᠂ ᠡᠮᠦᠨᠡᠬᠢ ᠨᠢ ᠡᠭᠦᠳᠡ ᠭᠣᠣᠯᠯᠠᠨ ᠣᠷᠣᠰᠢᠳᠠᠭ᠃
ᠲᠣᠭᠣᠨᠣ ᠶ᠋ᠢᠨ ᠬᠦᠷᠢᠶ᠎ᠡ ( ᠴᠠᠭᠠᠷᠢᠭ ) 
       ᠬᠡᠯᠬᠢᠶ᠎ᠡ ᠲᠣᠭᠣᠨᠣ ᠨᠢ ᠭᠠᠳᠠᠷ ᠶᠡᠬᠡ ᠳᠤᠭᠤᠢ ᠳᠠᠪᠬᠤᠷ ᠬᠦᠷᠢᠶᠡᠳᠡᠢ ( ᠴᠠᠭᠠᠷᠢᠭ ) ᠪᠥᠭᠡᠳ ᠡᠨᠡ ᠬᠦ᠌  ᠬᠦᠷᠢᠶᠡᠨ ᠳ᠋ᠡᠭᠡᠨ ᠣᠨᠢ ᠬᠡᠯᠬᠢᠬᠦ ᠱᠠᠭ᠎ᠠ ᠲᠠᠢ ᠪᠠᠢᠳᠠᠭ᠃ 
ᠲᠣᠭᠣᠨᠣ ᠶ᠋ᠢᠨ ᠬᠤᠷᠤᠭᠤ  
       ᠲᠣᠭᠣᠨᠣ ᠶ᠋ᠢᠨ ᠭᠠᠳᠠᠷ ᠳᠠᠪᠬᠤᠷ ᠬᠦᠷᠢᠶᠡᠨ ᠦ᠌ ᠠᠩ ᠳ᠋ᠤ᠌ ᠨᠢᠭᠡ ᠦᠵᠦᠭᠦᠷ ᠨᠢ ᠪᠡᠬᠢᠯᠡᠭᠳᠡᠵᠦ᠂ ᠨᠥᠭᠦᠭᠡ ᠦᠵᠦᠭᠦᠷ ᠨᠢ ᠲᠣᠭᠣᠨᠣ ᠶ᠋ᠢᠨ ᠬᠦᠷᠢᠶᠡᠨ ᠡᠴᠡ ᠭᠠᠳᠠᠭᠰᠢ ᠵᠢᠭᠠᠬᠠᠨ ᠴᠤᠬᠤᠢᠭᠰᠠᠨ ᠪᠢᠴᠢᠬᠠᠨ ᠮᠣᠳᠣᠳ ᠪᠢᠯᠡ᠃ ᠭᠡᠬᠦ ᠳ᠋ᠡᠭᠡᠨ ᠬᠤᠷᠤᠭᠤ ᠪᠦᠷᠢ ᠶ᠋ᠢᠨ ᠬᠣᠭᠣᠷᠣᠨᠳᠣ ᠣᠨᠢ ᠶ᠋ᠢᠨ ᠲᠣᠯᠣᠭᠠᠢ ᠪᠠᠭᠲᠠᠮ᠎ᠠ ᠵᠠᠢᠲᠠᠢ ᠪᠥᠭᠡᠳ ᠪᠠᠰᠠ ᠣᠨᠢ ᠬᠡᠯᠬᠢᠬᠦ ᠰᠦᠪᠡ ᠲᠡᠢ ᠪᠠᠢᠳᠠᠭ᠃ ᠬᠤᠷᠤᠭᠤᠨ ᠤ᠋ ᠦᠳᠡᠭᠡᠷᠢ ᠶ᠋ᠢ ᠴᠤᠯᠭᠤᠢ ( ᠲᠦᠭᠦᠬᠡᠢ ) ᠰᠤᠷ ᠢ᠋ᠶ᠋ᠠᠷ ᠬᠢᠳᠡᠭ᠂ ᠪᠠᠰᠠ ᠲᠣᠭᠣᠨᠣ ᠶ᠋ᠢᠨ ᠱᠠᠭ᠎ᠠ ᠭᠡᠳᠡᠭ᠃        
               ᠠᠮᠢ ᠦᠭᠡᠢ ᠪᠠᠢᠭᠠᠳ ᠭᠣᠣᠯ ᠲᠠᠢ           
               ᠠᠳᠤᠭᠤ ᠪᠢᠰᠢ ᠪᠠᠢᠭᠠᠳ ᠳᠠᠭ᠎ᠠ ᠲᠠᠢ   
               ᠮᠠᠯ ᠪᠢᠰᠢ ᠪᠠᠢᠭᠠᠳ ᠱᠠᠭ᠎ᠠ ᠲᠠᠢ       
               ᠮᠠᠨ ᠤ᠋ ᠳ᠋ᠤ᠌ ᠪᠣᠢ ᠲᠠᠨ ᠤ᠋ ᠳ᠋ᠤ᠌ ᠪᠣᠢ ᠃ ᠡᠨᠡ ᠶᠠᠭᠤ ᠪᠣᠢ ?  ᠭᠡᠰᠡᠨ ᠣᠨᠢᠰᠣᠭ᠎ᠠ ᠶ᠋ᠢ ᠭᠢᠨᠠ‍ᠮᠦ᠃ 
ᠲᠣᠭᠣᠨᠣ ᠶ᠋ᠢᠨ ᠬᠠᠷᠠᠭ᠎ᠠ  
       ᠲᠣᠭᠣᠨᠣ ᠶ᠋ᠢᠨ ᠭᠣᠣᠯ ᠲᠣᠭᠣᠨᠣᠯᠵᠢ ᠠ᠋ᠴᠠ ᠲᠥᠭᠡ ᠢᠯᠡᠭᠦᠦ ᠵᠠᠢᠲᠠᠢ ᠲᠣᠭᠣᠨᠣᠨ ᠳᠥᠷᠪᠡᠨ ᠭᠣᠣᠯ ᠢ᠋ ᠨᠦᠬᠡᠯᠡᠨ ᠬᠣᠯᠪᠣᠵᠤ ᠴᠠᠭᠠᠷᠢᠭᠯᠠᠭᠰᠠᠨ ᠪᠠᠭ᠎ᠠ ᠬᠦᠷᠢᠶ᠎ᠡ ᠪᠠᠢᠳᠠᠭ᠃ ᠡᠭᠦᠨ ᠢ᠋ ᠬᠠᠷᠠᠭ᠎ᠠ ᠭᠡᠵᠦ ᠪᠣᠢ᠃ 
ᠳᠠᠭ᠎ᠠ   
       ᠲᠣᠭᠣᠨᠣ ᠶ᠋ᠢᠨ ᠬᠠᠷᠠᠭ᠎ᠠ ᠪᠣᠯᠤᠨ ᠭᠠᠳᠠᠷ ᠬᠦᠷᠢᠶ᠎ᠡ ᠬᠣᠶᠠᠷ ᠢ᠋ ᠬᠣᠯᠪᠣᠨ ᠪᠠᠢᠭ᠎ᠠ ᠪᠦᠳᠦᠭᠦᠬᠡᠨ ᠰᠢᠭ ᠮᠣᠳᠣ ᠶ᠋ᠢ ᠳᠠᠭ᠎ᠠ ᠭᠡᠨ᠎ᠡ᠃ ᠣᠨᠢ       ᠬᠠᠨ᠎ᠠ ᠲᠣᠭᠣᠨᠣ ᠬᠣᠶᠠᠷ ᠢ᠋ ᠬᠣᠯᠪᠣᠨ ᠭᠡᠷ ᠦ᠋ᠨ ᠳᠡᠭᠡᠪᠦᠷ ᠪᠡᠶ᠎ᠡ ᠶ᠋ᠢ ᠪᠦᠲᠦᠭᠡᠵᠦ ᠪᠠᠢᠭ᠎ᠠ ᠤᠷᠲᠤ ᠤᠷᠲᠤ ᠮᠣᠳᠣᠳ᠃ ᠣᠨᠢ ᠶ᠋ᠢᠨ ᠲᠣᠯᠣᠭᠠᠢ ( ᠣᠨᠢ ᠶ᠋ᠢᠨ ᠲᠣᠭᠣᠨᠣᠨ ᠳ᠋ᠤ᠌ ᠬᠠᠳᠬᠤᠵᠤ ᠪᠣᠢ ᠪᠤᠶᠤ ᠬᠡᠯᠬᠢᠵᠦ ᠪᠣᠢ ᠦᠵᠦᠭᠦᠷ ᠢ᠋ ᠨᠢ ᠬᠡᠯᠡᠨ᠎ᠡ ) ᠃ ᠣᠨᠢ ᠶ᠋ᠢᠨ ᠲᠠᠩᠨᠠᠢ ( ᠣᠨᠢ ᠶ᠋ᠢᠨ ᠳᠥᠷᠪᠡᠯᠵᠢᠯᠡᠨ ᠬᠠᠪᠲᠠᠭᠠᠢᠯᠠᠭᠰᠠᠨ ᠲᠣᠯᠣᠭᠠᠢ ) ᠃ ᠣᠨᠢ ᠶ᠋ᠢᠨ ᠪᠥᠭᠰᠡ ( ᠣᠨᠢ ᠶ᠋ᠢᠨ ᠬᠠᠨᠠᠨ ᠲᠣᠯᠣᠭᠠᠢ ᠲᠠᠢ ᠨᠡᠢᠯᠡᠵᠦ ᠪᠠᠢᠭ᠎ᠠ ᠰᠡᠭᠡᠯᠳᠦᠷᠭᠡ  ᠲᠡᠢ ᠦᠵᠦᠭᠦᠷ ) ᠃ 
ᠣᠨᠢ ᠶ᠋ᠢᠨ ᠰᠡᠭᠡᠯᠳᠦᠷᠭᠡ  
       ᠰᠠᠭᠠᠯᠳᠤᠷᠭ᠎ᠠ᠂ ᠣᠨᠢ (ᠳᠣᠣᠷᠠᠲᠤ ᠦᠵᠦᠭᠦᠷ ) ᠢ᠋ ᠬᠠᠨ᠎ᠠ ᠶ᠋ᠢᠨ ᠲᠣᠯᠣᠭᠠᠢ ᠳ᠋ᠤ᠌ ᠬᠣᠯᠪᠣᠨ ᠲᠣᠭᠲᠠᠭᠠᠬᠤ ᠪᠢᠲᠡᠭᠦᠦ ᠣᠭᠣᠰᠣᠷ᠃ ᠪᠠᠰᠠ ᠰᠣᠯᠤᠭ ᠭᠡᠳᠡᠭ᠃ 
ᠬᠠᠨ᠎ᠠ  
       ᠭᠡᠷ ᠦ᠋ᠨ ᠴᠡᠭᠡᠵᠢᠨ ᠪᠡᠶ᠎ᠡ ᠶ᠋ᠢ ᠪᠣᠰᠬᠠᠳᠠᠭ ᠲᠣᠣᠷ ᠮᠣᠳᠣ ᠃ ᠬᠠᠨ᠎ᠠ ᠨᠢᠭᠡ ᠪᠦᠷᠢ ᠪᠠᠷᠤᠭ 12 ᠠ᠋ᠴᠠ 16 ᠲᠣᠯᠣᠭᠠᠢ ᠲᠠᠢ ᠪᠠᠢᠳᠠᠭ᠃ ᠬᠠᠨᠠᠨ ᠠᠮᠠ ( ᠬᠣᠶᠠᠷ ᠬᠠᠨ᠎ᠠ ᠶ᠋ᠢᠨ ᠨᠡᠢᠯᠡᠯᠳᠦᠬᠦ ᠠᠭᠤᠯᠵᠠᠭᠤᠷ ) ᠂ ᠬᠠᠨ᠎ᠠ ᠶ᠋ᠢᠨ ᠨᠢᠳᠦ ( ᠳᠡᠯᠭᠡᠭᠳᠡᠭᠰᠡᠨ ᠬᠠᠨᠠᠨ ᠤ᠋ ᠳᠥᠷᠪᠡᠯᠵᠢᠨ ᠨᠦᠬᠡ ᠨᠦ᠍ᠭᠦᠳ ) ᠂ ᠬᠠᠨ᠎ᠠ ᠶ᠋ᠢᠨ ᠲᠣᠯᠣᠭᠠᠢ ( ᠣᠨᠢ ᠶ᠋ᠢᠨ ᠪᠥᠭᠰᠡ ᠶ᠋ᠢ ᠲᠠᠯᠪᠢᠨ ᠲᠣᠭᠲᠠᠭᠠᠵᠤ ᠪᠠᠢᠭ᠎ᠠ ᠬᠠᠨ᠎ᠠ ᠶ᠋ᠢᠨ ᠳᠡᠭᠡᠳᠦ ᠦᠵᠦᠭᠦᠷ ) ᠂ ᠬᠠᠨᠠᠨ ᠰᠠᠷᠠᠪᠴᠢ ( ᠬᠠᠨ᠎ᠠ  ᠶ᠋ᠢᠨ ᠲᠣᠯᠣᠭᠠᠢ ᠶ᠋ᠢᠨ ᠬᠡᠰᠡᠭ ᠢ᠋ᠶ᠋ᠡᠷ ᠢ᠋ᠶ᠋ᠡᠨ ᠭᠠᠳᠠᠭᠰᠢ ᠵᠢᠭᠠᠬᠠᠨ ᠰᠠᠷᠠᠭᠠᠷ ᠪᠠᠢᠭ᠎ᠠ ᠶ᠋ᠢ ) ᠂ ᠬᠠᠨ᠎ᠠ ᠶ᠋ᠢᠨ ᠡᠯᠢᠭᠡ ( ᠬᠠᠨ᠎ᠠ ᠶ᠋ᠢᠨ ᠳᠣᠲᠣᠷ ᠲᠠᠯ᠎ᠠ ᠶ᠋ᠢᠨ ᠳᠤᠮᠳᠠ ᠪᠤᠶᠤ ᠲᠡᠭᠦᠨ ᠡᠴᠡ ᠳᠡᠭᠡᠬᠡᠨ ᠬᠡᠰᠡᠭ ) ᠂ ᠬᠠᠨ᠎ᠠ ᠶ᠋ᠢᠨ ᠰᠢᠭᠢᠷ᠎ᠡ ( ᠬᠠᠨ᠎ᠠ ᠶ᠋ᠢᠨ ᠭᠠᠵᠠᠷ ᠲᠤ᠌ ᠬᠦᠷᠴᠦ ᠲᠣᠭᠲᠠᠵᠤ ᠪᠠᠢᠭ᠎ᠠ ᠳᠣᠣᠷᠠᠲᠤ ᠡᠲᠡᠭᠡᠳ ) ᠂ ᠬᠠᠨ᠎ᠠ ᠶ᠋ᠢᠨ ᠴᠡᠭᠡᠵᠢ ( ᠬᠠᠨ᠎ᠠ ᠶ᠋ᠢᠨ ᠳᠤᠮᠳᠠ ᠬᠡᠰᠡᠭ ) ᠂ ᠬᠠᠨ᠎ᠠ ᠶ᠋ᠢᠨ ᠦᠳᠡᠭᠡᠷᠢ ( ᠬᠠᠨ᠎ᠠ ᠶ᠋ᠢ ᠲᠣᠪᠴᠢᠯᠠᠨ ᠦᠳᠡᠬᠦ  ᠪᠡᠬᠢᠯᠡᠭᠡᠰᠦ ) ᠂ ᠬᠠᠨ᠎ᠠ ᠶ᠋ᠢᠨ ᠦᠳᠡᠭᠡᠰᠦ ( ᠬᠠᠨ᠎ᠠ ᠶ᠋ᠢ ᠦᠳᠡᠭᠡᠷᠢ ᠪᠡᠷ ᠦᠳᠡᠭᠰᠡᠨ ᠨᠢ ) ᠂ ᠬᠠᠨᠠᠨ ᠬᠦᠯᠢᠭ ( ᠬᠣᠶᠠᠷ ᠬᠠᠨ᠎ᠠ ᠶ᠋ᠢᠨ ᠵᠥᠷᠢᠯᠳᠦᠭᠰᠡᠨ ᠠᠮᠠ ᠶ᠋ᠢ ᠪᠡᠬᠢᠯᠡᠨ ᠤᠶᠠᠬᠤ ᠣᠭᠣᠰᠣᠷ ) ᠂ ᠬᠠᠨ ᠤ᠋ ᠢᠷᠭᠡ ( ᠪᠦᠷᠢᠶᠡᠰᠦᠲᠡᠢ ᠭᠡᠷ ᠦ᠋ᠨ ᠲᠤᠭᠤᠷᠭ᠎ᠠ ᠶ᠋ᠢᠨ ᠳᠣᠣᠷᠠᠲᠤ ᠢᠷᠮᠡᠭ ) ᠂ ᠬᠠᠨ᠎ᠠ ᠶ᠋ᠢᠨ ᠤᠯᠠ  ( ᠲᠤᠭᠤᠷᠭ᠎ᠠ ᠶ᠋ᠢᠨ ᠳᠣᠣᠷᠠᠲᠤ ᠵᠠᠬ᠎ᠠ ) ᠂ ᠬᠠᠨ᠎ᠠ ᠶ᠋ᠢᠨ ᠬᠣᠷᠯᠣ : ᠲᠣᠭᠣᠨᠣ ᠶ᠋ᠢᠨ ᠭᠣᠣᠯ ᠂ ᠳᠠᠭ᠎ᠠ ᠮᠡᠲᠦᠰ ᠬᠡᠭᠡᠰᠦ ᠪᠦᠬᠦᠢ ᠴᠠᠭᠠᠷᠢᠭ ᠃ ᠬᠠᠨᠠᠨ ᠰᠣᠨᠢᠨ ( ᠬᠠᠨ᠎ᠠ ᠲᠤᠭᠤᠷᠭ᠎ᠠ ᠳ᠋ᠤ᠌ ᠬᠠᠲᠠᠬᠤ ᠵᠢᠵᠢᠭ ᠰᠣᠨᠢᠨ ᠪᠢᠴᠢᠭ ) ᠂ ᠬᠠᠨᠠᠨ ᠬᠡ ( ᠬᠠᠨ᠎ᠠ ᠶ᠋ᠢᠨ ᠨᠢᠳᠦ ᠮᠡᠲᠦ  ᠳᠦᠷᠰᠦᠲᠡᠢ ᠳᠥᠷᠪᠡᠯᠵᠢᠨ ᠨᠢᠭᠡ ᠵᠦᠢᠯ ᠦ᠋ᠨ ᠬᠡ ᠤᠭᠠᠯᠵᠠ ) ᠂ ᠬᠠᠨᠠᠨ ᠴᠠᠭ ( ᠬᠠᠨᠠ ᠬᠠᠶᠠᠭ᠎ᠠ ᠳ᠋ᠤ᠌ ᠡᠯᠭᠦᠬᠦ ᠲᠣᠮᠣ ᠴᠠᠭ ) ᠃ ᠬᠠᠨᠠᠨ ᠬᠠᠳᠠ (  ᠡᠭᠴᠡ ᠥᠨᠳᠥᠷ ᠬᠠᠳᠠ ) ᠂ ᠬᠠᠨᠠᠨ ᠰᠠᠷᠠᠪᠴᠢ ( ᠬᠠᠨᠠᠨ ᠰᠠᠷᠠᠪᠴᠢ ᠮᠡᠲᠦ ᠦᠯᠦ ᠮᠡᠳᠡᠭᠳᠡᠮ᠎ᠡ ᠬᠠᠵᠠᠢᠠᠭᠰᠠᠨ ᠲᠡᠮᠡᠭᠡᠨ ᠪᠦᠬᠦ ) ᠂ ᠬᠠᠨᠠᠨ ᠭᠠᠴᠠᠭ᠎ᠠ  ( ᠬᠠᠨᠠᠨ ᠬᠠᠳᠠ ) ᠂ ᠬᠠᠨ᠎ᠠ ᠶ᠋ᠢ ᠪᠠᠰᠠ ᠲᠠᠷᠮ᠎ᠠ ᠭᠡᠳᠡᠭ᠃ 
ᠡᠷᠦᠬᠡ   
       ᠲᠣᠭᠣᠨᠣᠨ ᠪᠦᠷᠬᠦᠭᠦᠯ ᠂ ᠠᠮᠠ ᠳᠥᠷᠪᠡᠯᠵᠢᠨ ᠢᠰᠡᠭᠡᠢ ᠪᠡᠷ ᠬᠢᠳᠡᠭ ᠃ ᠳᠥᠷᠪᠡᠯᠵᠢᠨ ᠢᠰᠡᠭᠡᠢ ᠶ᠋ᠢᠨ ᠳᠥᠷᠪᠡᠨ ᠥᠨᠴᠥᠭ ᠲᠦ᠍ ᠪᠦᠷ ᠣᠭᠣᠰᠣᠷ ᠬᠠᠲᠠᠵᠤ᠂ ᠭᠤᠷᠪᠠᠨ ᠥᠨᠴᠥᠭ ᠦ᠋ᠨ ᠣᠭᠣᠰᠣᠷ ᠢ᠋ ᠭᠡᠷ ᠦ᠋ᠨ ᠵᠡᠭᠦᠨ᠂ ᠪᠠᠷᠠᠭᠤᠨ᠂ ᠬᠣᠢᠨ᠎ᠠ ᠪᠦᠰᠡᠯᠡᠭᠦᠷ ᠲᠦ᠍ ᠪᠡᠬᠢᠯᠡᠨ ᠤᠶᠠᠵᠤ᠂ ᠭᠠᠭᠴᠠ ᠡᠮᠦᠨᠡᠰᠢ ᠬᠣᠰᠢᠭᠤᠯᠠᠭᠰᠠᠨ ᠥᠨᠴᠥᠭ ᠦ᠋ᠨ ᠣᠭᠣᠰᠣᠷ ᠲᠤ᠌ ᠨᠠᠷᠢᠪᠲᠤᠷ ᠮᠣᠳᠣ ᠤᠶᠠᠵᠤ ᠠᠮᠢᠳᠤᠯᠢᠭ ᠪᠠᠢᠯᠭᠠᠨ᠎ᠠ᠃ ᠡᠭᠦᠨ ᠢ᠋ ᠳᠣᠪᠲᠣᠯᠭ᠎ᠠ ᠭᠡᠵᠦ ᠴᠦ᠍ ᠬᠡᠯᠡᠳᠡᠭ᠃ ᠠᠮᠢᠳᠤᠯᠢᠭ ᠪᠠᠢᠯᠭᠠᠬᠤ ᠶ᠋ᠢᠨ ᠤᠴᠢᠷ ᠡᠳᠦᠷ ᠪᠣᠯ ᠡᠷᠦᠬᠡ ᠪᠡᠨ ᠰᠡᠬᠦᠨ ᠬᠣᠢᠰᠢ ᠲᠡᠳᠡᠨ ᠭᠤᠷᠪᠠᠯᠵᠢᠨ ᠪᠣᠯᠭᠠᠨ᠎ᠠ᠂ ᠰᠥᠨᠢ ᠪᠣᠯ ᠤᠷᠤᠭᠰᠢ ᠲᠡᠳᠡᠨ ᠪᠦᠲᠡᠭᠡᠵᠦ ᠂ ᠳᠥᠷᠪᠡᠯᠵᠢᠨ ᠪᠣᠯᠭᠠᠳᠠᠭ ᠃ ᠲᠡᠢᠨ ᠬᠦ᠌ ᠡᠳᠦᠷ ᠭᠤᠷᠪᠠᠯᠵᠢᠨ ᠰᠥᠨᠢ ᠳᠥᠷᠪᠡᠯᠵᠢᠨ ᠭᠡᠳᠡᠭ ᠣᠨᠢᠰᠣᠭ᠎ᠠ ᠭᠠᠷᠴᠤ ᠪᠢᠯᠡ ᠃ ᠡᠷᠦᠬᠡ ᠲᠠᠲᠠᠬᠤ ( ᠡᠷᠦᠬᠡ ᠨᠡᠭᠡᠭᠡᠬᠦ ᠂ ᠡᠷᠦᠬᠡ ᠶ᠋ᠢᠨ ᠡᠮᠦᠨ᠎ᠡ ᠬᠣᠰᠢᠭᠤ ᠶ᠋ᠢ ᠬᠣᠢᠰᠢ ᠲᠠᠲᠠᠬᠤ ) ᠂ ᠡᠷᠦᠬᠡ ᠪᠦᠲᠡᠭᠡᠬᠦ ( ᠲᠣᠭᠣᠨᠣ ᠶ᠋ᠢ ᠪᠦᠬᠦᠯᠢ ᠪᠦᠲᠡᠭᠡᠬᠦ ) ᠂ ᠡᠷᠦᠬᠡ ᠲᠡᠭᠰᠢᠯᠡᠬᠦ ( ᠡᠷᠦᠬᠡ ᠪᠦᠲᠡᠭᠡᠬᠦ ) ᠂ ᠡᠷᠦᠬᠡ ᠬᠣᠰᠢᠭᠤᠯᠳᠠᠬᠤ ( ᠡᠷᠦᠬᠡ ᠶ᠋ᠢᠨ ᠬᠣᠰᠢᠭᠤ ᠶ᠋ᠢ ᠣᠷᠣᠭᠰᠢ ᠪᠣᠯᠭᠠᠬᠤ ) ᠂ ᠡᠷᠦᠬᠡ ᠳᠥᠷᠪᠡᠯᠵᠢᠯᠡᠬᠦ ( ᠡᠷᠦᠬᠡ ᠪᠦᠲᠡᠭᠡᠬᠦ ) ᠂ ᠡᠷᠦᠬᠡ ᠲᠡᠨᠲᠡᠢᠯᠭᠡᠬᠦ ( ᠡᠷᠦᠬᠡ ᠶ᠋ᠢ ᠳᠣᠣᠷ᠎ᠠ ᠠ᠋ᠴᠠ ᠨᠢ ᠲᠤᠯᠬᠤ ᠪᠤᠶᠤ ᠢᠪᠢᠵᠦ ᠥᠨᠳᠥᠷᠳᠡᠭᠡᠬᠦ ) ᠂ ᠡᠷᠦᠬᠡ ᠶ᠋ᠢᠨ ᠭᠡᠭᠡᠪᠴᠢ ( ᠡᠷᠦᠬᠡᠨ ᠳᠡᠭᠡᠷᠡᠬᠢ ᠴᠣᠩᠬᠣ ) ᠂ ᠡᠷᠦᠬᠡ ( ᠠᠢᠯ ᠭᠡᠷ ) ᠂ᠡᠷᠦᠬᠡ ᠶ᠋ᠢᠨ ᠳᠠᠩᠰᠠ (ᠠᠢᠯ ᠬᠥᠮᠦᠰ ᠦ᠋ᠨ ᠳᠠᠩᠰᠠ ) ᠂ ᠡᠷᠦᠬᠡ ᠶ᠋ᠢᠨ  ᠲᠡᠷᠢᠭᠦᠯᠡᠭᠴᠢ ( ᠭᠡᠷ ᠦ᠋ᠨ ᠡᠵᠡᠨ᠂ ᠠᠢᠯ ᠤ᠋ᠨ ᠲᠡᠷᠢᠭᠦᠯᠡᠭᠴᠢ ) ᠂ ᠡᠷᠦᠬᠡ ᠰᠠᠯᠭᠠᠬᠤ ( ᠡᠷᠦᠬᠡ ᠲᠤᠰᠠᠭᠠᠷᠯᠠᠬᠤ᠂ ᠭᠡᠷ ᠬᠥᠷᠥᠩᠭᠡ ᠪᠡᠨ ᠰᠠᠯᠭᠠᠵᠤ ᠥᠭᠡᠷ᠎ᠡ ᠠᠢᠯ ᠪᠣᠯᠬᠤ ) ᠂ ᠡᠷᠦᠬᠡ ᠲᠡᠢ ᠭᠠᠵᠠᠷ (ᠨᠦᠬᠡ ᠨᠠᠭᠤᠷ ᠪᠤᠶᠤ ᠰᠢᠪᠠᠷ ᠤᠷ᠎ᠠ ) ᠂ ᠭᠠᠯᠲᠤ ᠠᠭᠤᠯᠠ ᠶ᠋ᠢᠨ ᠡᠷᠦᠬᠡ ( ᠠᠯᠢᠪᠠ ᠳᠡᠯᠪᠡᠷᠡᠯᠲᠡ  ᠡᠴᠡ ᠲᠣᠭᠲᠠᠭᠰᠠᠨ ᠨᠦᠬᠡ ) ᠡᠷᠦᠬᠡᠯᠡᠬᠦ ( ᠠᠢᠯ ᠭᠡᠷ ᠪᠣᠯᠬᠤ ) ᠃
ᠬᠥᠯᠲᠥᠷᠭᠡ  
       ᠬᠥᠯᠲᠦ ᠡᠷᠦᠬᠡ ᠭᠡᠰᠡᠨ ᠬᠣᠶᠠᠷ ᠦᠭᠡᠨ ᠡᠴᠡ ᠪᠦᠲᠦᠵᠡᠢ ᠃ ᠭᠡᠷ ᠦ᠋ᠨ ᠳᠡᠭᠡᠪᠦᠷ ᠦ᠋ᠨ ᠭᠠᠳᠠᠭᠤᠷ ᠪᠥᠰ ᠵᠡᠷᠭᠡ ᠡᠳ᠋ ᠢ᠋ᠶ᠋ᠡᠷ ᠬᠢᠵᠦ ᠲᠣᠭᠣᠨᠣ ᠶ᠋ᠢ ᠳᠤᠭᠤᠢᠯᠠᠭᠤᠯᠤᠭᠰᠠᠨ ᠪᠥᠭᠡᠳ ᠳᠥᠷᠪᠡᠨ ᠵᠦᠭ ᠲᠦ᠍ ᠬᠠᠨ᠎ᠠ ᠶ᠋ᠢᠨ ᠲᠣᠯᠣᠭᠠᠢ ᠬᠦᠷᠲᠡᠯ᠎ᠡ ᠨᠠᠷᠢᠪᠲᠤᠷ ᠤᠷᠲᠤ ᠬᠣᠰᠢᠭᠤ ᠭᠠᠷᠭᠠᠨ ᠬᠢᠭᠰᠡᠨ ᠶᠠᠩᠵᠤ ᠴᠢᠮᠡᠭᠯᠡᠯ᠃
ᠳᠡᠭᠡᠪᠦᠷ    
       ᠶᠠᠭᠤᠮᠠᠨ ᠤ᠋ ᠳᠡᠭᠡᠳᠦ ᠡᠲᠡᠭᠡᠳ ᠂ ᠲᠡᠭᠦᠨ ᠢ᠋ ᠥᠩᠭᠡᠯᠡᠵᠦ ᠪᠦᠷᠬᠦᠭᠰᠡᠨ ᠮᠣᠳᠣ᠂ ᠲᠡᠮᠦᠷ᠂ ᠢᠰᠡᠭᠡᠢ ᠵᠡᠷᠭᠡ ᠶᠠᠭᠤᠮ᠎ᠠ᠃ 
ᠭᠡᠷ ᠦ᠋ᠨ ᠳᠡᠭᠡᠪᠦᠷ  
       ᠭᠡᠷ ᠦ᠋ᠨ ᠳᠡᠭᠡᠳᠦᠬᠢ ᠣᠨᠢ ᠶ᠋ᠢᠨ ᠬᠡᠰᠡᠭ ᠢ᠋ ᠪᠦᠷᠬᠦᠨ ᠪᠦᠲᠡᠭᠡᠭᠰᠡᠨ ᠳᠡᠪᠢᠭᠦᠷ ᠬᠡᠯᠪᠡᠷᠢᠲᠡᠢ ᠬᠣᠶᠠᠷ ᠬᠡᠰᠡᠭ ᠢᠰᠡᠭᠡᠢ᠃ 
ᠲᠤᠭᠤᠷᠭ᠎ᠠ     
       ᠬᠠᠨᠠᠨ ᠤ᠋ ᠪᠦᠷᠢᠶᠡᠰᠦ ᠶ᠋ᠢ ᠲᠤᠭᠤᠷᠭ᠎ᠠ ᠭᠡᠳᠡᠭ ᠃ ᠲᠤᠭᠤᠷᠭ᠎ᠠ ᠶ᠋ᠢᠨ ᠬᠣᠭᠣᠯᠠᠢ ( ᠲᠤᠭᠤᠷᠭᠠᠨ ᠤ᠋ ᠳᠡᠭᠡᠳᠦ ᠵᠠᠬ᠎ᠠ ᠂ ᠬᠠᠨ᠎ᠠ ᠶ᠋ᠢᠨ ᠲᠣᠯᠣᠭᠠᠢ ᠳᠠᠪᠠᠭᠰᠠᠨ ᠨᠥᠮᠥᠷᠭᠡ ᠬᠡᠰᠡᠭ ᠢ᠋ ᠬᠣᠭᠣᠯᠠᠢ ᠭᠡᠳᠡᠭ )᠂ ᠲᠤᠭᠤᠷᠭ᠎ᠠ ᠶ᠋ᠢᠨ ᠬᠣᠷᠮᠤᠷ (ᠲᠤᠭᠤᠷᠭ᠎ᠠ ᠶ᠋ᠢᠨ ᠳᠤᠮᠳᠠ ᠪᠦᠰᠡᠯᠡᠭᠦᠷ ᠡᠴᠡ ᠳᠣᠷᠣᠭᠰᠢ ᠬᠡᠰᠡᠭ᠂ᠥᠭᠡᠷ᠎ᠡ ᠪᠡᠷ ᠬᠡᠯᠡᠪᠡᠯ᠂ ᠲᠤᠭᠤᠷᠭ᠎ᠠ ᠶ᠋ᠢᠨ ᠳᠣᠣᠷᠠᠲᠤ ᠵᠠᠬ᠎ᠠ ) ᠂ ᠵᠠᠩᠵᠠ (ᠲᠤᠭᠤᠷᠭᠠᠨ ᠤ᠋ ᠬᠣᠶᠠᠷ ᠬᠠᠵᠠᠭᠤ ᠶ᠋ᠢᠨ ᠵᠠᠬ᠎ᠠ ) ᠃ 
ᠬᠠᠶᠠᠭᠠᠪᠴᠢ  
       ᠲᠤᠭᠤᠷᠭᠠᠨ ᠬᠣᠷᠮᠣᠷ ᠢ᠋ ᠳᠠᠷᠤᠭᠰᠠᠨ ᠬᠠᠨ᠎ᠠ ᠶ᠋ᠢᠨ ᠰᠢᠭᠢᠷ᠎ᠡ ᠶ᠋ᠢᠨ ᠪᠦᠷᠢᠶᠡᠰᠦ ᠶ᠋ᠢ ᠬᠠᠶᠠᠭᠠᠪᠴᠢ ᠭᠡᠨ᠎ᠡ᠃ ᠪᠠᠰᠠ ᠳᠤᠯᠠᠭᠠᠪᠴᠢ ᠢᠷᠭᠡᠪᠴᠢ ᠴᠦ᠍ ᠭᠡᠳᠡᠭ᠃
ᠴᠠᠪᠤᠭ     
       ①  ᠭᠡᠷ ᠦ᠋ᠨ ᠳᠡᠭᠡᠪᠦᠷ ᠦ᠋ᠨ ᠳᠣᠲᠣᠭᠤᠷ ᠪᠠᠷᠢᠬᠤ ᠳᠠᠪᠬᠤᠷᠯᠠᠭ᠎ᠠ᠃ ᠴᠠᠪᠤᠭ ᠤ᠋ᠨ ᠲᠠᠯ᠎ᠠ ᠪᠦᠷᠢ ᠶ᠋ᠢᠨ ᠨᠡᠷᠡᠢᠳᠦᠯ ᠮᠥᠨ ᠲᠤᠭᠤᠷᠭ᠎ᠠ ᠶ᠋ᠢᠨ ᠬᠢ  ᠲᠡᠢ ᠠᠳᠠᠯᠢ ᠃ ② ᠶᠠᠭᠤᠮᠠᠨ ᠤ᠋ ᠨᠢᠮᠭᠡᠨ ᠬᠠᠯᠴᠠᠭᠠᠢ ᠪᠣᠯᠤᠭᠰᠠᠨ ᠭᠠᠵᠠᠷ ᠢ᠋ ᠪᠤᠶᠤ ᠡᠰᠡᠬᠦᠯ᠎ᠡ ᠰᠡᠢᠮᠡᠬᠡᠢ ᠴᠣᠭᠣᠷᠬᠠᠢ ᠭᠠᠷᠤᠭᠰᠠᠨ ᠭᠠᠵᠠᠷ ᠲᠤ᠌ ᠳᠠᠪᠬᠤᠷᠯᠠᠭᠰᠠᠨ ᠶᠠᠭᠤᠮ᠎ᠠ᠃ 
ᠵᠡᠬᠡᠭ    
       ᠳᠡᠭᠡᠪᠦᠷ᠂ ᠲᠤᠭᠤᠷᠭ᠎ᠠ ᠵᠡᠷᠭᠡ ᠶ᠋ᠢ ᠰᠣᠩᠬᠣ᠌ ᠠ᠋ᠴᠠ ᠬᠢᠴᠢᠶᠡᠵᠦ ᠴᠥᠮ ᠬᠥᠪᠡᠭᠡ ᠪᠡᠷ ᠨᠢ ᠬᠢᠯᠭᠠᠰᠤᠨ ᠳᠡᠭᠡᠰᠦ ᠪᠠᠷᠢᠵᠤ ᠪᠡᠬᠢᠯᠡᠨ ᠤᠶᠠᠳᠠᠭ᠃          ᠲᠡᠷᠡ ᠬᠦ᠌ ᠳᠡᠭᠡᠰᠦ ᠶ᠋ᠢ ᠵᠡᠭᠡᠭ ᠭᠡᠳᠡᠭ᠃ ᠭᠡᠬᠦ ᠳ᠋ᠡᠭᠡᠨ ᠲᠤᠭᠤᠷᠭ᠎ᠠ ᠶ᠋ᠢᠨ ᠬᠣᠷᠮᠣᠢ ᠶ᠋ᠢ ᠵᠢᠭᠡᠭᠯᠡᠳᠡᠭ ᠦᠭᠡᠢ᠃ 
ᠪᠦᠰᠡᠯᠡᠭᠦᠷ    
       ᠶᠠᠭᠤᠮ᠎ᠠ ᠶ᠋ᠢ ᠳᠤᠭᠤᠢᠯᠠᠨ ᠪᠡᠬᠢᠯᠡᠭᠰᠡᠨ ᠣᠭᠣᠰᠣᠷ᠃ ᠳᠣᠲᠣᠷ ᠪᠦᠰᠡ ( ᠪᠦᠰᠡᠯᠡᠭᠦᠷ ) ᠄ ᠪᠠᠰᠠ ᠵᠠᠷᠢᠮ ᠭᠠᠵᠠᠷ ᠶᠣᠳ᠋ ᠭᠡᠳᠡᠭ᠃ ᠨᠢᠴᠦᠭᠦᠨ ᠬᠠᠨ᠎ᠠ ᠶ᠋ᠢ ᠬᠠᠴᠠᠪᠴᠢ ᠳ᠋ᠤ᠌ ᠬᠣᠯᠪᠣᠵᠤ ᠲᠠᠲᠠᠭᠰᠠᠨ ᠪᠦᠰᠡᠯᠡᠭᠦᠷ᠃ ᠳᠣᠲᠣᠷ ᠪᠦᠰᠡᠯᠡᠭᠦᠷ ᠪᠣᠯ ᠪᠦᠬᠦ ᠬᠠᠨ᠎ᠠ ᠶ᠋ᠢᠨ ᠳᠡᠯᠭᠡᠬᠦ ᠬᠡᠮᠵᠢᠶ᠎ᠡ ᠶ᠋ᠢ ᠬᠢᠵᠠᠭᠠᠷᠯᠠᠵᠤ ᠭᠡᠷ ᠦ᠋ᠨ ᠶᠡᠬᠡ ᠪᠠᠭ᠎ᠠ᠂ ᠪᠣᠰᠤᠭ᠎ᠠ ᠨᠠᠪᠲᠠᠭᠠᠷ ᠢ᠋ ᠲᠣᠭᠲᠠᠭᠠᠵᠤ ᠪᠠᠢᠭ᠎ᠠ ᠴᠢᠬᠤᠯᠠ ᠭᠠᠭᠴᠠ ᠪᠦᠰᠡ᠃ 
ᠭᠠᠳᠠᠷ ᠪᠦᠰᠡ ( ᠪᠦᠰᠡᠯᠡᠭᠦᠷ )     
       ᠭᠠᠳᠠᠷ ᠪᠦᠰᠡᠯᠡᠭᠦᠷ ᠳᠡᠭᠡᠳᠦ᠂ ᠳᠤᠮᠳᠠ᠂ ᠳᠣᠣᠷ᠎ᠠ ᠭᠡᠵᠦ ᠭᠤᠷᠪᠠ ᠪᠠᠢᠬᠤ ᠪᠥᠭᠡᠳ ᠣᠯᠠᠩᠬᠢ ᠨᠢ ᠬᠠᠷ᠎ᠠ ᠬᠢᠯᠭᠠᠰᠤᠨ ᠬᠣᠰᠢᠯᠠᠩ ᠢ᠋ᠶ᠋ᠠᠷ ᠬᠢᠳᠡᠭ ᠲᠤᠭᠤᠷᠭᠠᠨ ᠤ᠋ ᠳᠠᠷᠤᠭᠤᠯᠭ᠎ᠠ ᠪᠢᠯᠡ᠃ 
ᠬᠣᠰᠢᠯᠠᠩ   
       ᠡᠰᠡᠷᠭᠦ ᠲᠡᠰᠡᠷᠭᠦ ᠡᠷᠴᠢᠲᠡᠢ ᠳᠡᠭᠡᠰᠦ ᠶ᠋ᠢ ᠬᠣᠶᠠᠷ ᠪᠤᠶᠤ ᠳᠥᠷᠪᠡ ᠂ ᠵᠢᠷᠭᠤᠭ᠎ᠠ ᠪᠠᠷ ᠵᠡᠷᠭᠡᠴᠡᠭᠦᠯᠦᠨ ᠲᠠᠤᠯᠠᠢ ᠶ᠋ᠢᠨ ᠲᠠᠩᠨᠠᠢ ᠭᠠᠷᠭᠠᠨ ᠣᠶᠣᠭᠰᠠᠨ ᠬᠠᠪᠲᠠᠭᠠᠢ ᠬᠢᠯᠭᠠᠰᠤᠨ ᠳᠡᠭᠡᠰᠦ᠃ 
ᠳᠠᠷᠤᠭᠤᠯᠭ᠎ᠠ   
       ᠭᠡᠷ ᠦ᠋ᠨ ᠨᠢᠴᠦᠭᠦᠨ ᠣᠨᠢᠨ ᠪᠡᠶ᠎ᠡ ᠶ᠋ᠢ ᠲᠡᠭᠰᠢᠯᠡᠨ ᠳᠠᠷᠤᠭᠤᠯᠬᠤ ᠣᠭᠣᠰᠣᠷ ᠃ ᠪᠠᠰᠠ ᠳᠤᠭᠲᠤᠷᠭ᠎ᠠ ᠭᠡᠳᠡᠭ ᠃ 
ᠳᠠᠶ᠋ᠢᠯᠭ᠎ᠠ 
       ᠭᠡᠷ ᠦ᠋ᠨ ᠠᠷᠤ ᠳᠡᠭᠡᠪᠦᠷ ᠦ᠋ᠨ ᠳᠡᠭᠡᠳᠦ ᠵᠠᠭᠠᠮᠠᠨ ᠠ᠋ᠴᠠ ᠬᠣᠶᠠᠷ ᠬᠣᠶᠠᠷ ᠣᠭᠣᠰᠣᠷ ᠬᠠᠲᠠᠵᠤ ᠡᠮᠦᠨ᠎ᠡ ᠳᠡᠭᠡᠪᠦᠷ ᠦ᠋ᠨ ᠳᠡᠭᠡᠷ᠎ᠡ ᠰᠣᠯᠪᠢᠴᠠᠭᠤᠯᠤᠨ ᠵᠢᠰᠢᠭᠦᠯᠵᠦ ᠲᠠᠲᠠᠬᠤ ᠤᠷᠲᠤ ᠣᠭᠣᠰᠣᠷ ᠪᠣᠯᠤᠨ᠎ᠠ᠃ ᠲᠡᠷᠡᠴᠢᠯᠡᠨ ᠬᠡᠷᠡᠭᠴᠡᠭᠡ ᠶ᠋ᠢ ᠦᠨᠳᠦᠰᠦᠯᠡᠨ ᠲᠤᠭᠤᠷᠭ᠎ᠠ᠂ ᠴᠠᠪᠤᠭ᠂ ᠡᠭᠦᠳᠡ᠂ ᠡᠷᠦᠬᠡ᠂ ᠬᠥᠯᠲᠥᠷᠭᠡ᠂ ᠬᠠᠶᠠᠭᠠᠪᠴᠢᠨ ᠤ᠋ ᠦᠵᠦᠭᠦᠷ ᠰᠡᠵᠢᠭᠦᠷ᠂ ᠵᠠᠬ᠎ᠠ ᠵᠠᠢᠴᠢᠨ ᠳ᠋ᠤ᠌ ᠪᠦᠷ ᠤᠷᠲᠤ ᠪᠣᠭᠣᠨᠢ ᠪᠦᠳᠦᠭᠦᠨ ᠨᠠᠷᠢᠨ ᠶᠠᠩᠵᠤ ᠪᠦᠷᠢ ᠶ᠋ᠢᠨ ᠲᠣᠬᠢᠷᠠᠭᠰᠠᠨ ᠣᠭᠣᠰᠣᠷ ᠪᠦᠴᠡ᠂ ᠭᠣᠭᠴᠣᠭ᠎ᠠ ᠰᠡᠬᠦᠪᠴᠢ ᠨᠦ᠍ᠭᠦᠳ ᠪᠠᠢᠳᠠᠭ᠃ 
ᠬᠥᠰᠢᠭᠡ   
       ᠵᠠᠷᠢᠮ ᠭᠠᠵᠠᠷ ᠪᠠᠰᠠ ᠬᠦᠷᠭᠡ ᠭᠡᠳᠡᠭ᠃ ᠡᠪᠦᠯ ᠴᠠᠭ ᠬᠠᠨ᠎ᠠ ᠶ᠋ᠢᠨ ᠳᠣᠲᠣᠭᠤᠷ ᠲᠠᠲᠠᠬᠤ ᠲᠤᠭᠤᠷᠭ᠎ᠠ ᠶ᠋ᠢ ᠬᠥᠰᠢᠭᠡ ᠭᠡᠳᠡᠭ᠃ ᠡᠭᠦᠨ ᠢ᠋ᠶ᠋ᠡᠨ ᠤᠯᠠᠭᠠᠨ ᠪᠤᠶᠤ ᠬᠥᠬᠡ ᠪᠥᠰ ᠢ᠋ᠶ᠋ᠡᠷ ᠬᠥᠪᠡᠭᠡᠯᠡᠵᠦ ᠥᠨᠴᠥᠭ ᠪᠤᠯᠤᠩ ᠳ᠋ᠤᠨᠢ ᠤᠭᠠᠯᠵᠠ ᠲᠠᠭᠠᠷᠠᠭᠤᠯᠤᠭᠰᠠᠨ ᠴᠤ᠌ ᠪᠠᠢᠳᠠᠭ᠃ ᠡᠢᠮᠦ ᠡᠴᠡ ᠵᠠᠷᠢᠮ ᠨᠢ ᠴᠢᠮᠡᠭ ᠬᠥᠰᠢᠭᠡ ᠴᠦ᠍ ᠭᠡᠳᠡᠭ᠃ ᠮᠠᠩᠨᠤᠭ ᠲᠣᠷᠭᠠᠨ ᠬᠥᠰᠢᠭᠡ᠂ ᠱᠠ ᠶᠤᠯᠪᠤᠲᠠᠢ ᠴᠤ᠌ ᠪᠠᠢᠳᠠᠭ᠃ ᠬᠡᠳᠦᠢ ᠪᠡᠷ ᠬᠦᠢᠲᠡᠨ ᠬᠠᠯᠠᠭᠤᠨ ᠢ᠋ ᠬᠠᠯᠬᠠᠯᠠᠬᠤ ᠶᠠᠭᠤᠮ᠎ᠠ ᠪᠣᠯᠪᠠᠴᠤ ᠡᠯᠳᠡᠪ ᠢ᠋ᠶ᠋ᠡᠷ ᠴᠢᠮᠡᠭᠰᠡᠨ ᠨᠢ ᠭᠤᠸ᠎ᠠ ᠰᠠᠢᠬᠠᠨ ᠦᠵᠡᠮᠵᠢᠲᠡᠢ᠃ 
ᠵᠠᠪᠠᠭ  
      ᠳᠡᠭᠡᠪᠦᠷ᠂ ᠲᠤᠭᠤᠷᠭ᠎ᠠ ᠶ᠋ᠢᠨ ᠵᠥᠷᠢᠭᠰᠡᠨ ᠭᠠᠵᠠᠷ᠃ ᠵᠠᠷᠢᠮ ᠭᠠᠵᠠᠷ᠂ ᠬᠠᠨ᠎ᠠ ᠶ᠋ᠢᠨ ᠲᠣᠯᠣᠭᠠᠢ ᠳᠡᠭᠡᠪᠦᠷ ᠲᠤᠭᠤᠷᠭ᠎ᠠ ᠶ᠋ᠢ ᠡᠯᠡᠭᠡᠬᠦ ᠡᠴᠡ ᠪᠣᠯᠭᠣᠮᠵᠢᠯᠠᠨ ᠬᠠᠨ᠎ᠠ ᠶ᠋ᠢᠨ ᠲᠣᠯᠣᠭᠠᠢ ᠳᠠᠭᠠᠤ ᠨᠠᠷᠢᠨ ᠤᠷᠲᠤ ᠢᠰᠡᠭᠡᠢ ᠨᠥᠮᠥᠷᠭᠡᠨ ᠲᠠᠯᠪᠢᠳᠠᠭ᠃ ᠡᠭᠦᠨ ᠢ᠋ᠶ᠋ᠡᠨ ᠪᠠᠰᠠ ᠵᠠᠪᠠᠭ ᠭᠡᠳᠡᠭ᠃ ᠦᠨᠡᠨ ᠳ᠋ᠡᠭᠡᠨ ᠪᠣᠯ ᠳᠡᠭᠡᠪᠦᠷ᠂ ᠲᠤᠭᠤᠷᠭ᠎ᠠ ᠬᠣᠶᠠᠷ ᠤ᠋ᠨ ᠵᠥᠷᠢᠯᠳᠦᠭᠰᠡᠨ ᠬᠥᠨᠳᠡᠯᠡᠨ ᠵᠠᠪᠰᠠᠷ ᠢ᠋ ᠵᠠᠪᠠᠭ ᠭᠡᠨ᠎ᠡ᠃ 
ᠵᠠᠢᠴᠠ  
       ᠡᠭᠦᠳᠡᠨ ᠦ᠌ ᠬᠣᠶᠠᠷ ᠲᠠᠯ᠎ᠠ ᠬᠢᠭᠡᠳ ᠳᠡᠭᠡᠪᠦᠷ ᠳᠡᠭᠡᠪᠦᠷ ᠂ ᠲᠤᠭᠤᠷᠭ᠎ᠠ ᠲᠤᠭᠤᠷᠭ᠎ᠠ ᠶ᠋ᠢᠨ ᠬᠣᠭᠣᠷᠣᠨᠳᠣ ᠲᠤᠰ ᠲᠤᠰ ᠵᠥᠷᠢᠯᠳᠦᠭᠰᠡᠨ ᠵᠠᠪᠰᠠᠷ ᠢ ᠵᠠᠢᠴᠠ ᠭᠡᠳᠡᠭ  ᠥᠭᠡᠷ᠎ᠡ ᠪᠡᠷ ᠬᠡᠯᠡᠪᠡᠯ᠂ ᠬᠥᠨᠳᠡᠯᠡᠨ ᠪᠢᠰᠢ ᠰᠢᠯᠤᠭᠤᠨ ᠵᠥᠷᠢᠯᠳᠦᠭᠰᠡᠨ ᠳᠡᠭᠡᠪᠦᠷ ᠲᠤᠭᠤᠷᠭ᠎ᠠ ᠶ᠋ᠢᠨ ᠵᠠᠪᠰᠠᠷ ᠬᠢᠭᠡᠳ ᠡᠭᠦᠳᠡᠨ ᠦ᠌ ᠬᠣᠶᠠᠷ ᠲᠠᠯ᠎ᠠ᠃
ᠲᠣᠲᠣᠭᠣ  
       ᠭᠡᠷ ᠦ᠋ᠨ ᠡᠭᠦᠳᠡᠨ ᠳᠡᠭᠡᠳᠦ ᠡᠲᠡᠭᠡᠳ ᠲᠦ᠍ ᠰᠠᠷᠠᠪᠴᠢᠯᠠᠵᠤ ᠬᠢᠭᠰᠡᠨ ᠢᠰᠡᠭᠡᠢ ᠶ᠋ᠢ ᠬᠡᠯᠡᠨ᠎ᠡ ᠃ ᠪᠠᠰᠠ ᠠᠯᠢᠪᠠ ᠬᠠᠭᠠᠯᠭᠠᠨ ᠬᠦᠷᠢᠶᠡᠨ ᠦ᠌ ᠳᠡᠭᠡᠳᠦ ᠬᠥᠨᠳᠡᠯᠡᠨ ᠢ᠋ ᠲᠣᠲᠣᠭᠣ ᠭᠡᠳᠡᠭ᠃ ᠪᠠᠰᠠ ᠡᠨᠢᠬᠡ ᠭᠡᠵᠦ ᠴᠦ᠍ ᠬᠡᠯᠡᠳᠡᠭ᠃ 
ᠪᠣᠱᠣᠭ᠎ᠠ   
       ᠶᠠᠮᠠᠷᠪᠠ ᠬᠠᠭᠠᠯᠭᠠᠨ ᠬᠦᠷᠢᠶᠡᠨ ᠦ᠌ ᠳᠣᠣᠷᠠᠲᠤ ᠬᠥᠨᠳᠡᠯᠡᠨ ᠢ᠋ ᠪᠣᠱᠣᠭ᠎ᠠ ᠭᠡᠳᠡᠭ᠃ ᠪᠠᠰᠠ ᠬᠠᠲᠠᠪᠴᠢ᠂ ᠪᠣᠭᠣᠰᠤ ᠭᠡᠵᠦ ᠬᠡᠯᠡᠬᠦ ᠭᠠᠵᠠᠷ ᠤ᠋ᠳ ᠪᠣᠢ᠃ ᠪᠠᠰᠠ ᠠᠯᠬᠤᠨ᠎ᠠ᠂ ᠠᠯᠬᠤᠴᠠ ᠭᠡᠳᠡᠭ᠃ 
ᠬᠠᠴᠠᠪᠴᠢ   
       ᠬᠠᠭᠠᠯᠭᠠᠨ ᠬᠦᠷᠢᠶᠡᠨ ᠦ᠌ ᠬᠣᠶᠠᠷ ᠬᠠᠵᠠᠭᠤ ᠶ᠋ᠢ ᠬᠠᠴᠠᠪᠴᠢ ᠭᠡᠳᠡᠭ᠃ ᠪᠠᠰᠠ ᠬᠠᠲᠠᠪᠴᠢ ᠬᠠᠪᠰᠤᠷᠭ᠎ᠠ᠂ ᠬᠠᠭᠰᠠᠷᠠᠭ᠎ᠠ ᠭᠡᠵᠦ ᠬᠡᠯᠡᠳᠡᠭ ᠭᠠᠵᠠᠷ ᠤ᠋ᠳ ᠴᠤ᠌ ᠪᠣᠢ᠃ 
ᠪᠦᠷᠢᠶᠡᠰᠦ   
       ᠶᠠᠭᠤᠮ᠎ᠠ ᠶ᠋ᠢᠨ ᠭᠠᠳᠠᠭᠤᠷ ᠪᠦᠷᠬᠦᠬᠦ ᠵᠦᠢᠯ᠃ ᠳᠡᠭᠡᠪᠦᠷ᠂ ᠲᠤᠭᠤᠷᠭ᠎ᠠ ᠪᠦᠷ ᠪᠠᠭᠲᠠᠨ᠎ᠠ᠃ ᠵᠠᠷᠢᠮ ᠭᠠᠵᠠᠷ ᠪᠠᠰᠠ ᠡᠯᠪᠡᠰᠢ ᠭᠡᠳᠡᠭ᠃ ᠬᠠᠶᠠᠭ᠎ᠠ ᠮᠠᠨᠠᠬᠤ ᠲᠤᠭᠤᠷᠭ᠎ᠠ ᠶ᠋ᠢᠨ ᠬᠣᠷᠮᠣᠢ ᠶ᠋ᠢ ᠳᠠᠷᠤᠬᠤ ᠃ ᠵᠠᠷᠢᠮ ᠶᠠᠳᠠᠭᠤ ᠠᠢᠯ ᠬᠠᠶᠠᠭᠠᠪᠴᠢ ᠦᠭᠡᠢ ᠲᠤᠯᠠ ᠲᠤᠭᠤᠷᠭ᠎ᠠ ᠶ᠋ᠢᠨ ᠬᠣᠷᠮᠣᠢ ᠪᠠᠨ ᠰᠢᠪᠠᠷ᠂ ᠰᠢᠷᠣᠢ ᠪᠠᠷ ᠳᠠᠷᠤᠳᠠᠭ᠃ ᠡᠭᠦᠨ ᠢ᠋ ᠬᠠᠶᠠᠭ᠎ᠠ ᠮᠠᠨᠠᠬᠤ ᠭᠡᠳᠡᠭ᠃ 
ᠴᠢᠭᠲᠠᠭ᠎ᠠ   
       ᠴᠢᠭᠲᠠᠭ᠎ᠠ ᠪᠣᠯ ᠶᠡᠬᠡ ᠰᠠᠯᠬᠢᠨ ᠠ᠋ᠴᠠ ᠭᠡᠷ ᠢ᠋ ᠬᠠᠮᠠᠭᠠᠯᠠᠬᠤ ᠳ᠋ᠤ᠌ ᠬᠡᠷᠡᠭᠯᠡᠳᠡᠭ ᠠᠷᠭᠠᠮᠵᠢᠶ᠎ᠠ ᠮᠥᠨ᠃ ᠲᠣᠭᠣᠨᠣ ᠶ᠋ᠢᠨ ᠭᠣᠣᠯ ᠠ᠋ᠴᠠ ᠬᠣᠰᠢᠯᠠᠩ ᠪᠤᠶᠤ ᠡᠷ᠎ᠡ ᠬᠠᠷ᠎ᠠ ᠰᠤᠷ ᠢ᠋ᠶ᠋ᠠᠷ ᠣᠭᠣᠰᠣᠷᠯᠠᠭᠠᠳ ᠳᠣᠷᠣᠭᠰᠢ ᠲᠡᠳᠡᠨ᠂ ᠰᠠᠯᠬᠢᠨ ᠤ᠋ ᠴᠢᠭ ᠲᠦ᠍ ᠲᠠᠭᠠᠷᠠᠭᠤᠯᠵᠤ᠂ ᠭᠡᠷ ᠦ᠋ᠨ ᠳᠣᠲᠣᠷ ᠭᠠᠳᠠᠰᠤᠯᠠᠬᠤ ᠶᠤᠮ ᠤᠤ᠂ ᠡᠰᠡᠬᠦᠯ᠎ᠡ ᠴᠢᠭᠲᠠᠭ᠎ᠠ ᠪᠠᠨ ᠭᠠᠳᠠᠭᠰᠢ ᠭᠠᠷᠭᠠᠨ ᠭᠡᠷ ᠦ᠋ᠨ ᠪᠠᠷᠠᠭᠤᠨ ᠵᠡᠭᠦᠨ ᠲᠠᠯ᠎ᠠ ᠳ᠋ᠤ᠌ ᠭᠠᠳᠠᠰᠤᠯᠠᠨ᠎ᠠ᠃ 
ᠬᠠᠭᠠᠯᠭ᠎ᠠ    
       ᠨᠢᠭᠡᠨ ᠲᠡᠢᠰᠢ ᠨᠡᠭᠡᠭᠡᠭᠳᠡᠬᠦ ᠬᠠᠪᠲᠠᠰᠤᠨ ᠬᠠᠭᠠᠴᠠ ᠶ᠋ᠢ ᠬᠠᠭᠠᠯᠭ᠎ᠠ ᠭᠡᠳᠡᠭ᠃ ᠠᠯᠢᠪᠠ ᠬᠠᠭᠠᠯᠭ᠎ᠠ ᠪᠦᠷ ᠮᠣᠳᠣ ᠪᠠᠷ ᠪᠦᠲᠦᠳᠡᠭ᠃ ᠪᠠᠰᠠ ᠰᠠᠮᠪᠠᠷ᠎ᠠ ᠬᠠᠭᠠᠯᠭ᠎ᠠ ᠴᠤ᠌ ᠭᠡᠳᠡᠭ᠂ ᠵᠠᠰᠢᠩ ᠬᠠᠭᠠᠯᠭ᠎ᠠ ᠴᠤ᠌ ᠭᠡᠳᠡᠭ᠃ 
ᠬᠠᠲᠠᠪᠴᠢᠨ ᠬᠠᠭᠠᠯᠭ᠎ᠠ  
       ᠬᠣᠶᠠᠷ ᠲᠡᠢᠰᠢ ᠨᠡᠭᠡᠭᠡᠭᠳᠡᠬᠦ ᠬᠣᠶᠠᠷ ᠬᠠᠴᠠᠷ ᠬᠠᠪᠲᠠᠰᠤᠨ ᠬᠠᠭᠠᠴᠠ ᠶ᠋ᠢ ᠬᠠᠲᠠᠪᠴᠢᠨ ᠬᠠᠭᠠᠯᠭ᠎ᠠ ᠭᠡᠨ᠎ᠡ᠃ ᠪᠠᠰᠠ ᠪᠠᠩᠵᠠᠨ ᠬᠠᠭᠠᠯᠭ᠎ᠠ ᠭᠡᠳᠡᠭ᠃ 
ᠡᠭᠦᠳᠡ    
       ᠬᠠᠭᠠᠯᠭᠠᠨ ᠬᠦᠷᠢᠶᠡᠨ ᠦ᠌ ᠭᠠᠳᠠᠷ ᠳᠡᠭᠡᠳᠦ ᠲᠠᠯ᠎ᠠ ᠠ᠋ᠴᠠ ᠡᠯᠭᠦᠭᠰᠡᠨ᠂ ᠡᠯᠭᠦᠮᠡᠯ ᠢᠰᠡᠭᠡᠢ ( ᠪᠥᠰ᠂ ᠬᠤᠯᠤᠰᠤ ᠵᠡᠭᠡᠰᠦ ) ᠪᠦᠷᠬᠦᠭᠦᠯ ᠢ᠋ ᠡᠭᠦᠳᠡ ᠭᠡᠳᠡᠭ ᠃ ᠡᠭᠦᠳᠡ ᠶ᠋ᠢ ᠭᠣᠣᠯᠳᠠᠭᠤ ᠬᠥᠬᠡ ᠪᠥᠰ ᠭᠠᠳᠠᠷ ᠲᠠᠢ ᠪᠤᠶᠤ ᠰᠢᠷᠢᠮᠡᠯ ᠢᠰᠡᠭᠡᠢ ᠪᠡᠷ ᠬᠢᠳᠡᠭ᠃ 
ᠡᠭᠦᠳᠡ ᠡᠷᠭᠦᠬᠦ  
       ᠬᠦᠨᠳᠦᠲᠦ ᠵᠣᠴᠢᠨ ᠤ᠋ ᠣᠷᠣᠵᠤ ᠭᠠᠷᠬᠤ ᠳ᠋ᠤ᠌ ᠳᠥᠭᠥᠮ ᠦᠵᠡᠭᠦᠯᠬᠦ ᠶ᠋ᠢᠨ ᠲᠥᠯᠥᠭᠡ ᠡᠭᠦᠳᠡ ᠪᠡᠨ ᠭᠤᠷᠪᠠ ᠨᠤᠭᠤᠯᠤᠨ ᠡᠪᠬᠡᠭᠡᠳ ᠲᠣᠲᠣᠭᠣᠨ ᠳᠡᠭᠡᠷ᠎ᠡ ᠪᠡᠨ ᠲᠠᠯᠪᠢᠴᠢᠬᠠᠳᠠᠭ᠃ ᠡᠭᠦᠨ ᠢ᠋ ᠡᠭᠦᠳᠡ ᠡᠷᠭᠦᠬᠦ ᠭᠡᠨ᠎ᠡ᠃ 
ᠡᠭᠦᠳᠡ ᠣᠷᠣᠬᠤ ᠶᠣᠰᠣᠨ  
       ᠭᠡᠷᠲᠡᠨ ᠭᠡᠢᠴᠢᠨ ᠦ᠌ ᠠᠯᠢᠨ ᠴᠤ᠌ ᠪᠣᠯᠪᠠ ᠡᠭᠦᠳᠡᠨ ᠦ᠌ ᠵᠡᠭᠦᠨ ᠲᠠᠯ᠎ᠠ ᠶ᠋ᠢ ᠰᠡᠬᠦᠨ ᠣᠷᠣᠵᠤ ᠭᠠᠷᠤᠨ᠎ᠠ᠃ ᠨᠥᠭᠦᠭᠡ ᠪᠠᠷᠠᠭᠤᠨ ᠲᠠᠯ᠎ᠠ ᠶ᠋ᠢ ᠪᠤᠷᠤᠭᠤ ᠡᠭᠦᠳᠡ ( ᠠᠮᠢᠳᠤ ᠬᠥᠮᠦᠨ ᠶᠠᠪᠤᠬᠤ ᠡᠭᠦᠳᠡ ᠪᠢᠰᠢ ) ᠭᠡᠳᠡᠭ ᠪᠥᠭᠡᠳ ᠲᠡᠭᠦᠨ ᠢ᠋ᠶ᠋ᠡᠷ ᠶᠠᠪᠤᠬᠤ ᠶ᠋ᠢ ᠣᠨᠴᠠ ᠴᠡᠭᠡᠷᠯᠡᠨ᠎ᠡ᠃ 
ᠪᠠᠭᠠᠨ᠎ᠠ    
       ᠭᠡᠷ ᠢ᠋ ᠪᠠᠷᠢᠬᠤ᠂ ᠵᠰᠠᠬᠤ᠂ ᠪᠠᠭᠤᠯᠭᠠᠬᠤ ᠵᠡᠷᠭᠡ ᠳ᠋ᠦ᠍ ᠲᠦᠷ ᠲᠤᠯᠬᠤ ᠮᠣᠳᠣ ᠶ᠋ᠢ ᠪᠠᠭᠠᠨ᠎ᠠ ᠭᠡᠳᠡᠭ᠃  
ᠲᠤᠯᠭᠠᠭᠤᠷᠢ  
       ᠣᠯᠠᠨ ᠬᠠᠨᠠᠲᠤ ᠭᠡᠷ ᠦ᠋ᠨ ᠣᠨᠢ ᠶ᠋ᠢ ᠬᠣᠲᠣᠢᠬᠤ ᠠ᠋ᠴᠠ ᠪᠣᠯᠭᠣᠮᠵᠢᠯᠠᠨ ᠣᠨᠢ ᠶ᠋ᠢᠨ ᠴᠡᠭᠡᠵᠢ ᠣᠷᠴᠢᠮ ᠦᠷᠭᠦᠯᠵᠢ ᠲᠤᠯᠬᠤ ᠴᠢᠨᠠᠷᠲᠠᠢ ᠮᠣᠳᠣ ᠶ᠋ᠢ ᠲᠤᠯᠭᠠᠭᠤᠷᠢ  ᠭᠡᠨ᠎ᠡ᠃ 
ᠬᠠᠨ᠎ᠠ ᠶ᠋ᠢᠨ ᠬᠦᠯᠢᠭ   
       ᠬᠣᠶᠠᠷ ᠬᠠᠨ᠎ᠠ ᠶ᠋ᠢ ᠬᠣᠯᠪᠣᠨ ᠤᠶᠠᠬᠤ ᠨᠠᠷᠢᠨ ᠰᠢᠳᠡᠮᠡᠰᠦ ( ᠬᠡᠷᠦᠭᠡᠳᠡᠰᠦ ) ᠃ 
ᠥᠷᠭᠥᠭᠡ    
       ᠬᠡᠳᠦᠢ ᠪᠡᠷ ᠮᠣᠩᠭᠣᠯ ᠭᠡᠷ ᠦ᠋ᠨ ᠬᠦᠨᠳᠦᠳᠬᠡᠯ ᠭᠡᠳᠡᠭ ᠪᠣᠯᠪᠠᠴᠤ ᠡᠷᠲᠡᠨ ᠳ᠋ᠡᠭᠡᠨ ᠬᠡᠪᠴᠢᠶ᠎ᠡ ᠨᠢ ᠶᠡᠬᠡ ᠭᠡᠷ ᠢ᠋ ᠬᠡᠯᠡᠵᠦ ᠪᠠᠢᠵᠠᠢ᠃ ᠰᠣᠨᠣᠰᠬᠠᠯ ᠢ᠋ᠶ᠋ᠠᠷ ᠴᠢᠩᠭᠢᠰ ᠦ᠋ᠨ ᠠᠯᠲᠠᠨ ᠥᠷᠭᠥᠭᠡ ᠪᠣᠯ 18 ᠬᠠᠨ᠎ᠠ ᠲᠠᠢ᠂ ᠡᠭᠦᠯᠡᠨ ᠬᠥᠬᠡ ᠬᠥᠯᠲᠥᠷᠭᠡ ᠲᠡᠢ᠂ ᠲᠣᠭᠣᠨᠣᠨ ᠳᠡᠭᠡᠷ᠎ᠡ ᠪᠡᠨ ᠠᠯᠲᠠᠨ ᠭᠠᠨᠵᠢᠷ᠎ᠠ ᠰᠢᠭ᠋ ᠳ᠋ᠤᠭ ᠲᠠᠢ ᠲᠤᠯᠠ ᠠᠯᠲᠠᠨ ᠥᠷᠭᠥᠭᠡ ᠭᠡᠰᠡᠨ ᠭᠡᠨ᠎ᠡ᠃ ᠳᠣᠲᠣᠷ᠎ᠠ ᠨᠢ ᠮᠠᠩᠨᠤᠭ ᠲᠣᠷᠭ᠎ᠠ ᠪᠠᠷ ᠬᠥᠰᠢᠭᠡᠯᠡᠵᠦ ᠪᠠᠰᠠ ᠲᠣᠭᠣᠨᠣᠨ ᠤ᠋ ᠨᠠᠷᠠ ᠶ᠋ᠢ ᠬᠠᠯᠬᠠᠯᠠᠬᠤ ᠪᠠᠷ ᠯᠠᠪᠷᠢ ᠶᠤᠯᠪᠣ ᠲᠠᠲᠠᠭᠰᠠᠨ ᠭᠡᠳᠡᠭ᠃ ᠳᠥᠷᠪᠡᠨ ᠠᠯᠲᠠᠨ ᠲᠤᠯᠭᠠᠭᠤᠷᠢ ᠲᠠᠢ ᠃ ᠡᠢᠮᠦ ᠭᠡᠷ ᠢ᠋ ᠥᠷᠭᠥᠭᠡ ᠭᠡᠳᠡᠭ᠃ ᠥᠭᠡᠷ᠎ᠡ ᠪᠡᠷ ᠬᠡᠯᠡᠪᠡᠯ᠂ ᠬᠠᠮᠤᠭ ᠤ᠋ᠨ ᠲᠣᠮᠣ᠂ ᠭᠣᠶᠣ ᠭᠡᠷ ᠢ᠋ ᠥᠷᠭᠥᠭᠡ ᠭᠡᠳᠡᠭ ᠠᠵᠢ᠃ ᠰᠡᠭᠦᠯ ᠦ᠋ᠨ ᠦᠶ᠎ᠡ ᠨᠣᠶᠠᠨ ᠤ᠋ ᠣᠷᠳᠣᠨ ( ᠶᠠᠮᠤᠨ ) ᠂ ᠬᠤᠷᠠᠯ ᠤ᠋ᠨ ᠭᠡᠷ ᠵᠡᠷᠭᠡ ᠳ᠋ᠦ᠍ ᠮᠥᠨ ᠥᠷᠭᠥᠭᠡ ᠰᠢᠭ ᠪᠦᠳᠦᠭᠦᠨ ᠭᠡᠷ ᠪᠠᠷᠢᠵᠤ ᠪᠠᠢᠭᠰᠠᠨ ᠠᠵᠢ᠃ ᠡᠭᠦᠨ ᠢ᠋ ᠪᠠᠰᠠ 《ᠳᠠᠯᠠᠢ ᠴᠠᠭᠠᠨ 》ᠭᠡᠳᠡᠭ᠃ 
ᠣᠷᠳᠣᠨ ᠶᠠᠮᠤᠨ   
       ᠸᠠᠩ ᠤ᠋ᠨ ᠣᠷᠳᠣᠨ᠃  ᠬᠥᠯᠲᠥᠷᠭᠡ ᠨᠢ ᠤᠯᠠᠭᠠᠨ ᠬᠠᠯᠵᠠᠨ ᠠ᠋ᠴᠠ ᠪᠢᠰᠢ ᠪᠤᠰᠤᠳ ᠨᠢ ᠪᠦᠷ ᠴᠢᠩᠭᠢᠰ ᠦ᠋ᠨ ᠠᠯᠲᠠᠨ ᠥᠷᠭᠥᠭᠡ ᠶ᠋ᠢ ᠳᠠᠭᠤᠷᠢᠶᠠᠵᠠᠢ᠃ ᠬᠤᠷᠠᠯ ᠤ᠋ᠨ ᠭᠡᠷ ᠴᠦ᠍ ᠮᠥᠨ ᠡᠢᠮᠦ᠃ 
ᠪᠠᠢᠪᠠᠩᠭ᠎ᠠ    
       ᠠᠯᠠᠱᠠ ᠪᠠᠢᠪᠠᠩᠭ᠎ᠠ ᠴᠤ᠌ ᠴᠢᠩᠭᠢᠰ ᠦ᠋ᠨ ᠠᠯᠲᠠᠨ ᠥᠷᠭᠥᠭᠡ ᠶ᠋ᠢ ᠳᠠᠭᠤᠷᠢᠶᠠᠵᠠᠢ᠃ ᠭᠠᠭᠴᠠ ᠬᠦ᠌ ᠬᠠᠨ᠎ᠠ ᠨᠢ ᠲᠣᠭᠣᠷᠢᠭ ᠪᠢᠰᠢ᠂ ᠳᠥᠷᠪᠡᠯᠵᠢᠨ ᠬᠡᠯᠪᠡᠷᠢᠲᠡᠢ᠃ ᠡᠢᠨ ᠬᠦ᠌ ᠣᠨᠢ ᠨᠢ ᠴᠦ᠍ ᠤᠷᠲᠤ ᠠᠬᠤᠷ ᠲᠠᠢ᠃ ᠬᠠᠷᠢᠨ ᠣᠷᠣᠢ ᠨᠢ ᠮᠣᠩᠭᠣᠯ ᠭᠡᠷ ᠦ᠋ᠨ ᠣᠷᠣᠢ ᠲᠠᠢ ᠠᠳᠠᠯᠢ ᠪᠣᠯᠤᠭᠠᠳ ᠠᠯᠲᠠᠨ ᠭᠠᠨᠵᠢᠷ᠎ᠠ ᠲᠠᠢ ᠶᠤᠮ ᠃ ᠳᠡᠭᠡᠪᠦᠷ ᠲᠤᠭᠤᠷᠭ᠎ᠠ ᠳ᠋ᠤ᠌ ᠥᠩᠭᠡ ᠲᠠᠭᠠᠷᠠᠭᠤᠯᠵᠤ ᠬᠡ ᠤᠭᠠᠯᠵᠠ ᠭᠠᠷᠭᠠᠨ ᠴᠢᠮᠡᠭᠰᠡᠨ ᠪᠥᠭᠡᠳ ᠠᠯᠲᠠᠨ ᠴᠢᠭᠲᠠᠭ᠎ᠠ ᠪᠠᠨ ᠬᠦᠨᠳᠦᠳᠬᠡᠨ ᠲᠠᠪᠤᠨ ᠥᠩᠭᠡ ᠶ᠋ᠢᠨ ᠭᠬᠢᠪ ᠤᠶᠠᠭᠠᠳ ᠶᠡᠬᠡᠮᠰᠦᠭ ᠪᠣᠯᠭᠠᠭᠰᠠᠨ ᠢ᠋ ᠶᠠᠭᠤᠨ ᠥᠭᠦᠯᠡᠬᠦ᠃ 
ᠬᠡᠯᠬᠢᠶᠡᠰᠦᠲᠦ ᠭᠡᠷ  
       ᠭᠤᠷᠪᠠᠨ ᠬᠡᠯᠭᠢᠶᠡᠰᠦᠲᠦ ᠭᠡᠷ᠃ ᠡᠨᠡ ᠨᠢ 6 ᠪᠤᠶᠤ ᠶ᠋ᠢᠨ 8 ᠬᠠᠨᠠᠲᠤ ᠭᠡᠷ ᠢ᠋ ᠭᠣᠣᠯᠳᠠᠭᠤᠯᠵᠤ᠂ ᠵᠡᠭᠦᠨ᠂ ᠪᠠᠷᠠᠭᠤᠨ ᠲᠠᠯ᠎ᠠ ᠳ᠋ᠤᠨᠢ ᠪᠠᠰᠠ ᠨᠢᠭᠡ ᠨᠢᠭᠡ ᠭᠡᠷ᠂ ᠡᠭᠦᠳᠡ ᠶ᠋ᠢ ᠨᠢ ᠭᠣᠣᠯ ᠭᠡᠷ ᠲᠦ᠍ ᠵᠠᠯᠭᠠᠨ ᠪᠠᠷᠢᠳᠠᠭ᠃ ᠪᠤᠰᠤᠳ ᠪᠠᠷᠢᠴᠠ᠂ ᠪᠦᠷᠢᠶᠡᠰᠦ ᠵᠡᠷᠭᠡ ᠨᠢ ᠪᠦᠷ ᠠᠳᠠᠯᠢ ᠡᠩ ᠦ᠋ᠨ ᠮᠣᠩᠭᠣᠯ ᠭᠡᠷ ᠲᠡᠢ ᠨᠢᠭᠡ ᠯᠡ ᠶᠠᠩᠵᠤ᠃ ᠪᠠᠰᠠ ᠤᠭ᠍ᠶᠤᠲᠤ ᠥᠷᠭᠥᠭᠡ ᠭᠡᠳᠡᠭ᠃ 
ᠭᠡᠷ ᠲᠡᠷᠭᠡ   
       ᠡᠷᠳᠡᠨ᠎ᠡ ᠠᠭᠰᠠᠨ ᠲᠡᠷᠭᠡᠨ ᠳᠡᠭᠡᠷ᠎ᠡ ᠵᠣᠬᠢᠶᠠᠭᠰᠠᠨ ᠮᠣᠩᠭᠣᠯ ᠭᠡᠷ᠃ ᠡᠨᠡ ᠨᠢ ᠲᠡᠢᠨ ᠳᠠᠵᠢᠨ ᠤ᠋ ᠦᠶ᠎ᠡ ᠪᠤᠶᠤ ᠬᠦᠢᠲᠡᠨ ᠬᠡᠴᠡᠭᠦᠦ ᠴᠠᠭ ᠲᠤ᠌ ᠶᠡᠬᠡ ᠳᠥᠭᠥᠮ ᠰᠠᠢᠨ ᠪᠠᠢᠵᠠᠢ᠃ ᠣᠳᠣ ᠡᠭᠦᠨ ᠦ᠌ ᠦᠯᠡᠳᠡᠭᠡᠯ ᠨᠢ 《ᠭᠡᠷ ᠲᠡᠷᠭᠡ ᠪᠡᠨ ᠴᠡᠪᠡᠷᠯᠡᠭᠰᠡᠨ ᠤᠤ ?  ᠬᠡᠦᠬᠡᠨ ᠠ᠋ ! 》 ᠭᠡᠳᠡᠭ ᠭᠠᠭᠴᠠ ᠦᠭᠡ ᠯᠡ ᠤᠯᠠᠮᠵᠢᠯᠠᠭᠳᠠᠵᠤ ᠪᠠᠢᠨ᠎ᠠ᠃ 
ᠢᠰᠡᠭᠡᠢ ᠭᠡᠷ   
       ᠮᠣᠩᠭᠣᠯ ᠭᠡᠷ ᠦ᠋ᠨ ᠨᠥᠭᠦᠭᠡ ᠨᠢᠭᠡ ᠬᠡᠯᠡᠯᠭᠡ᠃ ᠪᠠᠰᠠ ᠪᠦᠲᠦᠨ ᠭᠡᠷ ᠴᠦ᠍ ᠭᠡᠳᠡᠭ᠃ ᠠᠯᠠᠱᠠ ᠪᠤᠶᠤ ᠡᠵᠡᠨ᠎ᠡ ᠲᠣᠷᠭᠤᠳ ᠲᠤ᠌ ᠶᠡᠬᠡ ᠬᠡᠯᠡᠨ᠎ᠡ ᠃ 
ᠴᠡᠭᠡᠵᠢᠨ ᠭᠡᠷ   
       ᠥᠨᠳᠥᠷ ᠰᠢᠭ ᠣᠨᠢ ᠲᠠᠢ᠂ ᠲᠣᠮᠣ ᠲᠣᠭᠣᠨᠣ ᠲᠠᠢ᠂ ᠣᠨᠢ ᠶ᠋ᠢᠨ ᠵᠠᠢ ᠶ᠋ᠢ ᠳᠡᠭᠡᠰᠦ ᠪᠡᠷ ᠭᠡᠷᠦᠨ ᠲᠣᠭᠲᠠᠭᠠᠭᠠᠳ ᠢᠷᠭᠡᠪᠴᠢ  ( ᠤᠯᠠ ) ᠶ᠋ᠢ ᠨᠢ ᠳᠠᠷᠤᠵᠤ᠂ ᠨᠢᠭᠡ ᠪᠤᠶᠤ ᠬᠣᠶᠠᠷ ᠳᠡᠭᠡᠪᠦᠷ ᠢ᠋ᠶ᠋ᠡᠷ ᠪᠦᠷᠬᠦᠨ ᠭᠠᠳᠠᠭᠤᠷ ᠨᠢ ᠪᠦᠰᠡ ᠪᠡᠷ ᠳᠠᠷᠤᠭᠤᠯᠵᠤ᠂ ᠡᠷᠦᠬᠡ ᠡᠷᠦᠬᠡᠯᠡᠵᠦ᠂ ᠤᠷᠲᠤ ᠰᠢᠭ᠋ ᠢᠰᠡᠭᠡᠢ ᠡᠭᠦᠳᠡ ᠡᠯᠭᠦᠳᠡᠭ᠃ ᠬᠠᠨ᠎ᠠ ᠦᠭᠡᠢ ᠡᠢᠮᠦ ᠳᠥᠭᠥᠮ ᠭᠡᠷ᠂ ᠨᠡᠭᠦᠳᠡᠯ ᠠᠶᠠᠯᠠᠯ ᠳ᠋ᠤ᠌ ᠲᠣᠬᠢᠷᠠᠮᠵᠢᠲᠠᠢ᠃ ᠨᠢᠭᠡ ᠯᠡ ᠲᠡᠮᠡᠭᠡ ᠪᠡᠷ ᠨᠡᠭᠦᠯᠭᠡᠴᠢᠳᠡᠭ᠃ ᠡᠭᠦᠨ ᠢ᠋ ᠪᠠᠰᠠ ᠬᠥᠩᠭᠡᠨ ᠭᠡᠷ ᠭᠡᠳᠡᠭ᠃