ᠣᠷᠣᠢ ᠦᠭᠡᠢ ᠰᠦᠮ᠎ᠡ – ᠬᠣᠷᠢᠨ ᠨᠢᠭᠡ᠂ ᠪᠤᠷᠬᠠᠨ ᠤ ᠣᠷᠣᠨ ᠳᠡᠬᠢ ᠲᠠᠮᠤ Оройгүй сүм – Хорин нэг ᠂ бурхны орон дэх там - Oroigui sum 21 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠬᠣᠷᠢᠨ ᠨᠢᠭᠡ᠂ ᠪᠤᠷᠬᠠᠨ ᠤ ᠣᠷᠣᠨ ᠳᠡᠬᠢ ᠲᠠᠮᠤ Оройгүй сүм – Хорин нэг ᠂ бурхны орон дэх там - Oroigui sum 21

ᠣᠷᠣᠢ ᠦᠭᠡᠢ ᠰᠦᠮ᠎ᠡ – ᠬᠣᠷᠢᠨ ᠨᠢᠭᠡ᠂ ᠪᠤᠷᠬᠠᠨ ᠤ ᠣᠷᠣᠨ ᠳᠡᠬᠢ ᠲᠠᠮᠤ Оройгүй сүм – Хорин нэг ᠂ бурхны орон дэх там - Oroigui sum 21

ᠠᠩᠭᠢᠯᠠᠯ:ᠲᠤᠭᠤᠵᠢ ᠷᠣᠮᠠᠨ
2023-12-01

716

ᠬᠣᠷᠢᠨ ᠨᠢᠭᠡ ᠂ ᠪᠤᠷᠬᠠᠨ ᠤ᠋ ᠣᠷᠣᠨ ᠳ᠋ᠠᠬᠢ ᠲᠠᠮᠤ


                ᠴᠠᠰᠤᠨ ᠳ᠋ᠤ᠌ ᠮᠥᠷ ᠬᠠᠷ᠎ᠠ 
                ᠴᠠᠭᠠᠰᠤᠨ ᠳ᠋ᠤ᠌ ᠪᠢᠴᠢᠭ ᠬᠠᠷ᠎ᠠ  
                ᠵᠠᠷᠭᠤ ᠳ᠋ᠤ᠌ ᠦᠭᠡ ᠬᠠᠷ᠎ᠠ    

       ᠭᠠᠷ ᠲᠠᠭᠠᠨ ᠭᠠᠪᠠ ᠲᠠᠢ᠂ ᠬᠥᠯ ᠳ᠋ᠡᠭᠡᠨ ᠭᠢᠨᠵᠢ ᠲᠡᠢ᠂ ᠬᠦᠵᠦᠭᠦᠨ ᠳ᠋ᠡᠭᠡᠨ ᠳᠥᠩᠭᠡ ᠲᠡᠢ ᠪᠥᠭᠡᠮᠡᠩᠯᠠᠢ ᠠᠷᠠᠢ ᠶᠠᠳᠠᠨ ᠵᠣᠭᠰᠣᠭᠰᠠᠨ ᠢ᠋ᠶ᠋ᠠᠨ ᠰᠠᠩᠵᠢ ᠶ᠋ᠢ ᠬᠠᠷᠠᠮᠠᠭᠴᠠ ᠨᠢᠳᠦ ᠨᠢ ᠰᠡᠷᠭᠦᠬᠦ ᠰᠢᠭ ᠪᠣᠯᠤᠨ ᠭᠢᠯᠠᠯᠵᠠᠵᠤ ᠨᠢᠷᠤᠭᠤ ᠪᠠᠨ ᠲᠨᠨᠡᠢᠯᠭᠡᠨ ᠡᠭᠴᠡ ᠵᠣᠭᠰᠣᠯ᠎ᠠ᠃ ᠨᠤᠲᠤᠭ ᠤ᠋ᠨ ᠢ᠋ᠶ᠋ᠠᠨ ᠬᠥᠮᠦᠨ ᠢ᠋ᠶ᠋ᠡᠨ ᠬᠠᠷᠠᠭᠠᠳ ᠰᠡᠳᠬᠢᠯ ᠰᠡᠷᠭᠦᠭᠭᠰᠡᠨ ᠶᠦᠮ ᠤᠤ᠂ ᠡᠰᠡᠪᠡᠯ ᠨᠡᠷᠡᠯᠬᠡᠭᠰᠡᠨ ᠴᠦ᠍ ᠪᠠᠢᠵᠤ ᠪᠣᠯᠤᠨ᠎ᠠ᠃ ᠶᠠᠮᠠᠷ ᠴᠤ᠌ ᠭᠡᠰᠡᠨ ᠪᠥᠬᠡᠮᠠᠩᠯᠠᠢ ᠳ᠋ᠤ᠌ ᠨᠢᠭᠡᠨ ᠪᠣᠳᠣᠯ ᠲᠥᠷᠥᠵᠡᠢ᠃ 
       — ᠠᠱᠢᠭᠦᠢ ᠴᠢ ᠢᠷᠡᠪᠡ ᠤᠤ? ᠭᠡᠵᠦ ᠲᠡᠷᠡ ᠳᠤᠤᠭᠠᠷᠪᠠ᠃ 
       — ᠳᠤᠭᠤᠢ ᠪᠠᠢ! ᠭᠡᠵᠦ ᠲᠥᠪᠡᠳ ᠴᠠᠭᠳᠠᠭ᠎ᠠ ᠵᠠᠩᠳᠤᠷᠪᠠ᠃ ᠴᠢᠯᠠᠭᠤᠨ ᠱᠠᠯᠠᠨ ᠳᠡᠭᠡᠷ᠎ᠡ ᠪᠥᠭᠡᠮᠡᠭᠯᠡᠢ ᠶ᠋ᠢ ᠰᠥᠭᠥᠳᠬᠡᠨ ᠰᠠᠭᠤᠯᠭᠠᠯ᠎ᠠ᠃  ᠬᠥᠯ ᠭᠠᠷ ᠣᠨ ᠭᠠᠪᠠ ᠭᠢᠨᠵᠢ ᠨᠢ ᠭᠠᠰᠠᠯᠤᠨ ᠶᠣᠣᠯᠠᠬᠤ ᠮᠡᠲᠦ ᠳᠠᠷᠴᠢᠭᠢᠨᠠᠨ ᠬᠢᠬᠤᠷᠤᠯᠳᠤᠪᠠ᠃ ᠬᠡᠷᠡᠭ ᠰᠢᠳᠬᠡᠭᠴᠢ ᠲᠦᠰᠢᠮᠡᠯ ᠰᠠᠭᠤᠳᠠᠯ  ᠳ᠋ᠠᠭᠠᠨ ᠣᠴᠢᠵᠤ ᠲᠤᠬᠠᠯᠠᠮᠠᠭᠴᠠ ᠬᠠᠬᠢᠷ ᠴᠢᠩᠭ᠎ᠠ ᠳᠠᠭᠤ ᠪᠠᠷ᠄
       — ᠶᠠᠯᠠᠲᠠᠨ ᠴᠢ ᠦᠭᠡ ᠥᠴᠢᠭ ᠢ᠋ᠶ᠋ᠡᠨ ᠦᠨᠡᠨ ᠢ᠋ᠶ᠋ᠡᠷ ᠬᠡᠯᠡᠪᠡᠯ ᠵᠣᠬᠢᠯ᠎ᠠ᠂ ᠬᠤᠳᠠᠯ ᠶᠠᠭᠤᠮ᠎ᠠ ᠳᠤᠤᠭᠠᠷᠪᠠᠰᠤ ᠨᠢᠭᠦᠯ ᠴᠢᠨᠢ ᠤᠯᠠᠮ ᠬᠦᠨᠳᠦᠷᠡᠵᠦ ᠮᠠᠭᠤ ᠵᠠᠶᠠᠭ᠎ᠠ ᠤᠯᠠᠮ ᠣᠢᠷᠠᠲᠤᠨ᠎ᠠ ᠭᠡᠵᠦ ᠬᠡᠯᠡᠪᠡ ! 
       — ᠬᠡᠯᠡᠮᠦᠷᠴᠢᠯᠡ ! ᠭᠡᠵᠦ ᠰᠠᠩᠵᠢ ᠳ᠋ᠤ᠌ ᠥᠭᠡᠷ᠎ᠡ ᠨᠢᠭᠡ ᠬᠥᠮᠦᠨ ᠠᠭᠤᠷᠲᠡᠢᠶ᠎ᠡ ᠲᠤᠰᠢᠶᠠᠯ᠎ᠠ᠃ ᠰᠡᠩᠵᠢ ᠲᠡᠷᠡ ᠵᠠᠭᠤᠷ᠎ᠠ ᠲᠦᠭᠳᠡᠷᠡᠭᠰᠡᠨ᠎ᠡ ᠲᠦᠰᠢᠮᠡᠯ ᠦ᠋ᠨ ᠶᠠᠷᠢᠶ᠎ᠠ ᠶ᠋ᠢ ᠳᠠᠮᠵᠢᠭᠤᠯᠪᠠ᠃ ᠪᠥᠭᠡᠮᠡᠩᠯᠡᠢ᠄ 
       — ᠰᠠᠩᠵᠢ ᠮᠢᠨᠢ ᠪᠢ ᠡᠳᠡᠨ ᠳ᠋ᠦ᠍ ᠪᠠᠷᠢᠭᠳᠠᠭᠠᠳ ᠪᠠᠢᠨ᠎ᠠ᠃ ᠱᠣᠷᠣᠩ  ᠳ᠋ᠤᠨᠢ ᠰᠠᠭᠤᠯ᠎ᠠ᠃ ᠠᠮᠢᠳᠤ ᠭᠠᠷᠬᠤ ᠠᠷᠭ᠎ᠠ ᠦᠭᠡᠢ ᠲᠠᠮᠤ ᠶ᠋ᠢᠨ ᠣᠷᠣᠨ ᠪᠠᠢᠨ᠎ᠠ᠃ ᠲᠡᠭᠡᠬᠦ ᠪᠡᠷ ᠮᠠᠨ ᠤ᠋ ᠬᠢᠨ ᠳ᠋ᠦ᠍ ᠬᠡᠯᠡᠵᠦ ᠨᠠᠮᠠᠶ᠋ᠢ ᠰᠤᠯᠠᠯᠠᠭᠤᠯᠬᠤ ᠠᠷᠠᠨ᠎ᠠ ᠬᠠᠢ᠃ ᠪᠢ ᠡᠭᠦᠨ ᠢ᠋ ᠯᠡ ᠬᠡᠯᠡᠬᠦ ᠭᠡᠵᠦ ᠴᠢᠮᠠᠶ᠋ᠢ ᠳᠠᠭᠤᠳᠠᠭᠤᠯᠤᠭᠰᠠᠨ ᠶᠤᠮ᠃ ᠡᠳᠡᠨ ᠤ ᠦᠭᠡᠨ ᠳ᠋ᠦ᠍ ᠬᠠᠷᠢᠭᠤᠯᠬᠤ ᠵᠠᠪᠰᠠᠷ ᠪᠢ ᠴᠢᠮ᠎ᠠ ᠳ᠋ᠤ᠌ ᠶᠠᠷᠢᠭᠰᠠᠨ ᠢ᠋ ᠪᠢᠲᠡᠭᠡᠢ ᠬᠡᠯᠡᠮᠦᠷᠴᠢᠯᠡᠭᠡᠷᠡᠢ ᠭᠡᠪᠡ᠃ ᠰᠠᠩᠵᠢ ᠲᠣᠯᠣᠭᠠᠢ ᠳᠣᠬᠢᠵᠤ: 
       — ᠦᠨᠡᠨ ᠢ᠋ᠶ᠋ᠡᠨ ᠬᠡᠯᠡᠨ᠎ᠡ ᠭᠡᠵᠦ ᠡᠨᠡ ᠬᠥᠮᠦᠨ ᠥᠴᠢᠵᠦ ᠪᠠᠢᠨ᠎ᠠ ᠭᠡᠮᠡᠨ ᠣᠷᠴᠢᠭᠤᠯᠪᠠ᠃ 
       — ᠡᠨᠡ ᠶᠡᠬᠡ ᠣᠯᠠᠨ ᠦᠭᠡ ᠬᠡᠯᠡᠭᠰᠡᠨ᠃ ᠴᠢ ᠶᠠᠭᠠᠬᠢᠭᠰᠠᠨ ᠴᠥᠭᠡᠨ ᠦᠭᠡ ᠪᠡᠷ ᠬᠡᠯᠡᠪᠡ ? ᠭᠡᠵᠦ ᠲᠦᠰᠢᠮᠡᠯ ᠰᠠᠵᠢᠭᠯᠡᠨ ᠮᠠᠭᠤᠬᠠᠢ ᠬᠠᠷᠠᠯ᠎ᠠ᠃ 
       — ᠪᠢ ᠪᠦᠷᠢᠨ ᠬᠡᠯᠡᠯ᠎ᠡ᠃ ᠮᠣᠩᠭᠣᠯ ᠦᠭᠡ ᠶᠡᠬᠡ ᠤᠷᠲᠤ ᠰᠢᠦ ᠳᠡ᠃ ᠬᠥᠱᠣᠣᠲᠡᠨ ! ᠭᠡᠵᠦ ᠰᠠᠩᠵᠢ ᠥᠴᠢᠯ᠎ᠡ ᠃ ᠬᠥᠱᠦᠦ ᠪᠤᠶᠤ ᠳᠡᠭᠡᠳᠦ ᠭᠠᠷᠤᠯᠲᠠᠨ ᠭᠡᠳᠡᠭ ᠦᠭᠡ ᠪᠡᠷ ᠬᠦᠨᠳᠦᠳᠬᠡᠨ ᠬᠡᠯᠡᠬᠦ ᠦᠭᠡᠢ ᠪᠣᠯ ᠲᠥᠪᠡᠳ ᠲᠦᠰᠢᠮᠡᠯ ᠳ᠋ᠦ᠍ ᠲᠤᠩ ᠲᠠᠭᠠᠯᠠᠮᠵᠢ ᠦᠭᠡᠢ ᠪᠣᠯᠬᠤ ᠶ᠋ᠢ ᠰᠡᠩᠵᠢ ᠤᠬᠠᠭᠠᠷᠠᠵᠤ ᠪᠠᠢᠯ᠎ᠠ᠃
       — ᠲᠡᠭᠡᠪᠡᠯ ᠴᠢ ᠡᠨᠡ ᠯᠡᠩᠳᠡᠷᠮ᠎ᠠ ᠶ᠋ᠢ ᠤᠳᠠᠬᠤ ᠦᠭᠡᠢ ᠲᠣᠨᠢᠯᠭᠠᠨ᠎ᠠ ᠭᠡᠳᠡᠭ ᠢ᠋ ᠨᠢ ᠣᠢ ᠳ᠋ᠤᠨᠢ ᠣᠷᠣᠲᠠᠯ᠎ᠠ ᠬᠡᠯᠡᠭᠡᠳ ᠥᠭ ᠭᠡᠵᠦ ᠲᠦᠰᠢᠮᠡᠯ ᠲᠤᠰᠢᠶᠠᠪᠠ᠃ 
       — ᠡᠳᠡ ᠨᠠᠷ ᠨᠠᠮᠠᠶ᠋ᠢ ᠵᠤᠯᠢᠶᠡᠰᠦᠨ ᠳ᠋ᠦ᠍ ᠦᠭᠭᠦᠭᠰᠡᠨ ᠪᠣᠯᠣᠯᠳ᠋ᠯᠢ᠂ ᠦᠨᠡᠬᠡᠷ ᠯᠡ ᠲᠣᠯᠣᠭᠠᠢ ᠠᠪᠬᠤ ᠪᠠᠢᠬ᠎ᠠ᠃ ᠬᠥᠭᠡᠷᠦᠬᠦᠢ ᠲᠠᠷᠮᠠᠵᠠᠭᠲᠡ ᠭᠤᠸᠠᠢ ᠶ᠋ᠢ ᠠᠢᠬᠤᠪᠲᠤᠷ ᠪᠣᠯᠭᠠᠭᠰᠠᠨ᠂ ᠴᠢ ᠮᠡᠳᠡᠭᠰᠡᠨ ᠤᠤ ? ᠭᠡᠵᠦ ᠪᠥᠭᠡᠮᠡᠭᠯᠠᠢ ᠬᠡᠯᠡᠬᠦ ᠳ᠋ᠦ᠍ : 
       — ᠶᠠᠭᠠᠬᠢᠭᠰᠠᠨ ᠪᠣᠢ?  ᠭᠡᠵᠦ ᠳᠠᠭᠤᠨ ᠠᠯᠳᠠᠵᠤ ᠣᠷᠬᠢᠪᠠ ! 
       — ᠶᠠᠯᠠᠲᠠᠨ ᠲᠠᠢ ᠨᠢᠭᠡ ᠴᠦ᠍ ᠦᠭᠡ ᠪᠢᠲᠡᠭᠡᠢ ᠶᠠᠷᠢ᠃ ᠡᠰᠡ ᠲᠡᠭᠡᠪᠡᠯ ᠴᠢᠮᠠᠶ᠋ᠢ ᠮᠥᠨ ᠠᠳᠠᠯᠢ ᠦᠭᠡᠢ ᠬᠢᠨ᠎ᠡ ᠰᠢᠦ ! ᠭᠡᠵᠦ ᠲᠦᠰᠢᠮᠡᠯ ᠵᠠᠩᠳᠤᠷᠪᠠ᠃ 
       — ᠡᠨᠡ ᠶᠠᠭᠤ ᠭᠡᠳ ᠪᠠᠢᠨ᠎ᠠ ? ᠭᠡᠵᠦ ᠳᠠᠷᠠᠭ᠎ᠠ ᠨᠢ ᠠᠰᠠᠭᠤᠪᠠ᠃ 
       — ᠠᠮᠢᠳᠤ ᠶᠠᠪᠤᠮᠠᠷ ᠪᠠᠢᠨ᠎ᠠ᠃ ᠪᠢ ᠶᠠᠮᠠᠷ ᠴᠤ᠌ ᠭᠡᠮ ᠵᠠᠮ ᠦᠭᠡᠢ ᠬᠥᠮᠦᠨ ᠭᠡᠵᠦ ᠶᠠᠷᠢᠯ᠎ᠠ᠃ ᠬᠥᠱᠦᠤᠲᠠᠨ ᠠ᠋ ! ᠭᠡᠮᠡᠨ ᠰᠡᠩᠵᠢ《ᠬᠡᠯᠡᠮᠦᠷᠴᠢᠯᠡᠪᠡ》᠃ 
       — ᠠᠮᠢᠳᠤ ᠶᠠᠪᠤᠬᠤ ᠶ᠋ᠢ ᠬᠦᠰᠡᠳᠡᠭ ᠴᠢᠨᠢ ᠰᠠᠢᠨ ᠪᠠᠢᠨ᠎ᠠ᠃ ᠲᠡᠭᠡᠪᠡᠯ ᠴᠢ ᠱᠠᠮᠪᠠᠯ ᠤ᠋ᠨ ᠴᠡᠷᠢᠭ ᠲᠦ᠍ ᠶᠠᠪᠤᠬᠤ ᠶᠣᠰᠣᠲᠠᠢ᠃ ᠲᠡᠨᠳᠡ ᠯᠠ ᠠᠮᠢᠳᠤ ᠶᠠᠪᠤᠬᠤ ᠶᠣᠰᠣᠲᠠᠢ ᠡᠰᠡᠬᠦ ᠴᠢᠨᠢ ᠮᠡᠳᠡᠭᠳᠡᠨ᠎ᠡ᠃ ᠠᠮᠢᠳᠤ ᠶᠠᠪᠤᠬᠤ ᠶᠣᠰᠣ ᠦᠭᠡᠢ ᠪᠠᠢᠭᠰᠠᠨ ᠪᠣᠯ ᠠᠩᠬᠠᠨ ᠤ᠋ ᠫᠤᠤ ᠶ᠋ᠢᠨ ᠳᠠᠭᠤ ᠪᠠᠷ ᠯᠠ ᠲᠠᠯᠢᠢᠨ᠎ᠠ᠃ ᠠᠮᠢᠳᠤ ᠶᠠᠪᠤᠬᠤ ᠶᠣᠰᠣᠲᠠᠢ ᠪᠠᠢᠭᠰᠠᠨ ᠪᠣᠯ ᠱᠠᠮᠪᠠᠯ ᠤ᠋ᠨ ᠲᠡᠢᠨ ᠢ᠋ ᠡᠰᠡᠨ ᠮᠡᠨᠳᠦ ᠲᠤᠭᠤᠯᠬᠤ ᠪᠢᠵᠡ ᠭᠡᠵᠦ ᠲᠦᠰᠢᠮᠡᠯ ᠨᠤᠬᠤᠴᠠᠲᠠᠢ ᠬᠡᠯᠡᠪᠡ᠃ ᠰᠡᠩᠵᠢ ᠲᠡᠭᠦᠨ ᠢ᠋ ᠮᠣᠩᠭᠣᠯᠴᠢᠯᠠᠬᠤ ᠳ᠋ᠤ᠌ ᠬᠥᠭᠡᠮᠡᠩᠯᠡᠢ ᠬᠥᠬᠡ ᠢᠨᠢᠶᠡᠳᠦ ᠦᠵᠡᠭᠦᠯᠦᠭᠡᠳ : 
       — ᠱᠠᠮᠪᠠᠯ ᠪᠠᠢᠲᠤᠭᠠᠢ ᠱᠤᠯᠤᠮ ᠤ᠋ᠨ ᠴᠡᠷᠢᠭ ᠲᠦ᠍ ᠶᠠᠪᠤᠭᠰᠠᠨ ᠴᠤ᠌ ᠬᠠᠮᠢᠶ᠎ᠠ ᠦᠭᠡᠢ᠂ ᠡᠳᠡᠨ ᠦ᠌ ᠦᠮᠡᠬᠡᠢ ᠱᠣᠷᠣᠩ ᠠ᠋ᠴᠠ ᠯᠠ ᠭᠠᠷᠤᠮᠠᠷ ᠪᠠᠢᠨ᠎ᠠ᠃ ᠬᠥᠭᠡᠷᠦᠬᠦᠢ ᠲᠠᠷᠮᠡᠵᠠᠭᠲᠡ ᠭᠤᠸᠠᠢ ᠰᠢᠵᠠᠷᠠᠭᠤᠨ ᠦᠭᠡ ᠬᠡᠯᠡᠴᠢᠬᠡᠭᠰᠡᠨ ᠡᠴᠡ ᠪᠣᠯᠤᠭᠠᠳ ᠡᠳᠡᠨ ᠦ᠌ ᠭᠠᠷ ᠲᠤ᠌ ᠥᠩᠭᠡᠷᠡᠭᠰᠡᠨ᠃ ᠡᠳᠡᠨ ᠦ᠌ ᠭᠠᠷ ᠲᠤ᠌ ᠴᠤ᠌ ᠭᠡᠵᠢ ᠳᠡ᠂ ᠦᠬᠡᠷ ᠬᠤᠯᠤᠭᠠᠨ᠎ᠠ ᠳ᠋ᠤ᠌ ᠪᠠᠷᠢᠭᠳᠠᠵᠤ ᠦᠬᠦᠭᠰᠡᠨ᠃ ᠪᠢ ᠲᠡᠭᠡᠵᠦ ᠦᠬᠦᠬᠦ ᠳᠤᠷ᠎ᠠ ᠦᠭᠡᠢ ᠪᠠᠢᠨ᠎ᠠ ᠭᠡᠵᠦ ᠬᠡᠯᠡᠪᠡ᠃ 
       ᠰᠡᠩᠵᠢ ᠶ᠋ᠢᠨ ᠰᠡᠳᠬᠢᠯ ᠬᠠᠷᠠᠩᠭᠤᠢᠯᠠᠬᠤ ᠰᠢᠭ᠋ ᠪᠣᠯᠤᠯ᠎ᠠ᠃ ᠬᠡᠷᠡᠭᠲᠡᠨ ᠨᠥᠬᠥᠳ ᠢ᠋ ᠨᠢᠴᠦᠭᠦᠯᠡᠭᠡᠳ ᠬᠠᠷᠠᠩᠭᠤᠢ ᠨᠦᠬᠡ ᠤᠷᠤᠭᠤ ᠬᠠᠶᠠᠴᠢᠭᠳᠠᠭ᠃ ᠲᠡᠨᠳᠡ ᠨᠢ ᠮᠥᠨ ᠬᠣᠷᠢᠭ᠎ᠠ ᠲᠠᠢ ᠪᠠᠢᠭᠰᠠᠨ ᠥᠯᠥᠰᠬᠦᠯᠡᠩ ᠬᠢᠯᠢᠨᠴᠡᠲᠦ ᠬᠣᠷᠣᠬᠠᠢ ᠨᠤᠭᠤᠳ ᠡᠰᠡᠬᠦᠯ᠎ᠡ ᠦᠬᠡᠷ ᠬᠤᠯᠤᠭᠠᠨ᠎ᠠ ᠨᠤᠭᠤᠳ ᠰᠢᠪᠠᠵᠤ ᠠᠪᠤᠭᠠᠳ ᠶᠠᠮᠠᠷ ᠴᠤ᠌ ᠬᠥᠮᠦᠨ ᠢ᠋ ᠨᠢᠭᠡ ᠰᠥᠨᠢ ᠶ᠋ᠢᠨ ᠳᠣᠲᠣᠷ᠎ᠠ ᠪᠠᠷᠢᠵᠤ ᠢᠳᠡᠭᠡᠳ ᠵᠥᠪᠬᠡᠨ ᠠᠷᠤᠭ ᠶᠠᠰᠤ ᠶ᠋ᠢ ᠨᠢ ᠦᠯᠡᠳᠡᠭᠡᠳᠡᠭ ᠠᠶᠤᠮᠰᠢᠭᠲᠠᠢ ᠮᠠᠭᠤᠬᠠᠢ ᠲᠠᠮᠤᠯᠠᠯ ᠤ᠋ᠨ ᠲᠤᠬᠠᠢ ᠰᠡᠩᠵᠢ ᠰᠣᠨᠣᠰᠤᠭᠰᠠᠨ ᠪᠣᠯᠬᠣᠷ ᠲᠠᠷᠮᠠᠵᠠᠭᠲᠠ ᠭᠤᠸᠠᠢ ᠶ᠋ᠢ ᠲᠡᠢᠮᠦ ᠦᠬᠦᠯ ᠢ᠋ᠶ᠋ᠡᠷ ᠥᠩᠭᠡᠷᠡᠵᠡᠢ ᠭᠡᠵᠦ ᠣᠢᠯᠠᠭᠠᠭᠠᠳ ᠰᠡᠳᠬᠢᠯ ᠨᠢ ᠬᠠᠷᠠᠩᠭᠤᠢᠯᠠᠵᠠᠢ᠃ ᠲᠡᠭᠦᠨ ᠢ᠋ ᠨᠢ ᠳᠠᠭᠠᠵᠤ ᠮᠡᠳᠡᠭᠰᠡᠨ ᠶᠦᠮ ᠰᠢᠭ ᠪᠥᠭᠡᠮᠡᠩᠯᠡᠢ : 
       — ᠪᠤᠷᠬᠠᠨ ᠤ᠋ ᠣᠷᠣᠨ ᠭᠡᠭᠳᠡᠭᠰᠡᠨ ᠡᠨᠡ ᠯᠾᠠᠰᠠ ᠵᠣᠣ ᠳ᠋ᠤ᠌ ᠪᠤᠭ ᠤ᠋ᠨ ᠣᠷᠣᠨ᠂ ᠪᠢᠷᠢᠳ ᠦ᠋ᠨ ᠣᠷᠣᠨ ᠪᠠᠢᠳᠠᠭ ᠯᠠ ᠶᠤᠮ ᠪᠠᠢᠨ᠎ᠠ ᠭᠡᠵᠦ ᠨᠡᠮᠡᠵᠦ ᠬᠡᠯᠡᠪᠡ᠃ 
       — ᠶᠠᠭᠤ ᠭᠡᠳ ᠪᠠᠢᠨ᠎ᠠ ? ᠲᠦᠷᠭᠡᠨ ᠬᠡᠯᠡᠮᠦᠷᠴᠢᠯᠡ ! ᠭᠡᠵᠦ ᠲᠦᠰᠢᠮᠡᠳ ᠲᠠᠴᠢᠭᠢᠨᠠᠨ ᠵᠠᠩᠳᠤᠷᠪᠠ ᠃ ᠰᠠᠩᠵᠢ ᠪᠥᠬᠥᠰᠬᠢᠨ ᠠᠯᠠᠭ᠎ᠠ ᠬᠠᠪᠰᠤᠷᠴᠤ: 
       — ᠯᠠᠭᠰᠤᠤ ᠭᠡᠮᠡᠨ ᠲᠡᠷᠡ ᠴᠣᠴᠢᠷᠳᠠᠨ ᠳᠤᠤᠭᠠᠷᠤᠭᠰᠠᠨ ᠢ᠋ᠶ᠋ᠠᠨ ᠡᠨᠡ ᠬᠥᠮᠦᠨ ᠦᠬᠦᠬᠦ ᠳᠤᠷ᠎ᠠ ᠦᠭᠡᠢ ᠭᠡᠨ᠎ᠡ᠃ ᠱᠠᠮᠪᠠᠯ ᠤ᠋ᠨ ᠴᠡᠷᠢᠭ ᠲᠦ᠍ ᠶᠠᠪᠤᠶ᠎ᠠ ᠭᠡᠵᠦ ᠪᠠᠢᠨ᠎ᠠ᠂ ᠬᠥᠱᠦᠦ ! ᠭᠡᠪᠡ᠃ 
       ᠲᠦᠰᠢᠮᠡᠳ ᠦ᠋ᠨ ᠪᠠᠷᠤᠭᠠᠷ ᠴᠢᠷᠠᠢ ᠥᠭᠡᠷᠡᠴᠢᠯᠡᠭᠳᠡᠬᠦ ᠰᠢᠭ ᠪᠣᠯᠤᠭᠰᠠᠨ ᠢ᠋ᠶ᠋ᠠᠨ :
       — ᠲᠡᠭᠡᠪᠡᠯ ᠴᠢᠮᠠᠶ᠋ᠢ ᠱᠣᠷᠣᠩ ᠠ᠋ᠴᠠ ᠭᠠᠷᠭᠠᠵᠤ ᠴᠡᠷᠢᠭ ᠲᠦ᠍ ᠥᠭᠭᠦᠨ᠎ᠡ᠃ ᠳ᠋ᠧᠩᠵᠡᠨ ᠦ᠌ ᠯᠠᠩᠱᠸᠠ ① ᠪᠢᠵᠡ ᠳᠡ ᠴᠢ !  ᠭᠡᠬᠦ ᠳ᠋ᠦ᠍ ᠰᠡᠠᠩᠵᠢ ᠣᠷᠴᠢᠭᠤᠯᠪᠠ᠃ 
       —  ᠳ᠋ᠧᠩᠵᠡᠨ ᠦ᠌ ᠪᠣᠭᠣᠯ ᠭᠡᠵᠦ ᠶᠠᠭᠤ ᠬᠡᠯᠡᠭᠡᠳ ᠪᠠᠢᠭ᠎ᠠ ᠶᠤᠮ ᠪᠣᠢ ?  ᠭᠡᠵᠦ ᠪᠥᠭᠡᠮᠡᠩᠯᠡᠢ ᠠᠰᠠᠭᠤᠯ᠎ᠠ᠃ ᠲᠡᠷᠡ ᠣᠢᠯᠠᠭᠠᠬᠤ ᠦᠭᠡᠢ ᠭᠠᠢᠬᠠᠨ ᠡᠷᠡᠭᠡᠯᠵᠡᠵᠡᠢ᠃ 
       —  ᠠ ᠴᠢ ᠪᠠᠰᠠ ᠮᠡᠳᠡᠬᠦ ᠦᠭᠡᠢ ᠴᠢᠷᠠᠢ ᠭᠠᠷᠭᠠᠬᠤ ᠤᠤ ? ᠳ᠋ᠧᠩᠵᠡᠨ ᠴᠢᠮᠠᠶ᠋ᠢ ᠴᠡᠷᠢᠭ ᠲᠦ᠍ ᠥᠭᠭᠦᠭᠰᠡᠨ᠃ ᠴᠢ ᠲᠡᠭᠦᠨ ᠦ᠌ ᠯᠠᠩᠱᠸᠨ ᠮᠥᠨ᠃ ᠣᠳᠣ  ᠪᠣᠯᠵᠠᠭᠠᠷᠠᠭᠤᠯᠬᠤ ᠭᠡᠪᠡᠯ ᠲᠣᠯᠣᠭᠠᠢ ᠦᠭᠡᠢ ᠯᠠ ᠪᠣᠯᠬᠤ ᠪᠠᠨ ᠪᠣᠳᠣᠪᠠᠯ ᠲᠠᠭᠠᠷᠠᠨ᠎ᠠ᠃ ᠱᠣᠷᠣᠩ ᠳᠤ ᠰᠠᠭᠤᠵᠤ ᠲᠡᠵᠢᠭᠡᠯᠭᠡᠭᠰᠡᠨ ᠦ ᠴᠢᠨᠢ ᠵᠠᠷᠤᠳᠠᠯ ᠣᠳᠣ ᠴᠢᠨᠦ ᠲᠣᠯᠣᠭᠠᠢ ᠠ᠋ᠴᠠ ᠦᠨ᠎ᠡ ᠲᠡᠢ ᠪᠣᠯᠴᠢᠬᠠᠭᠠᠳ ᠪᠠᠢᠨ᠎ᠠ ᠭᠡᠵᠦ ᠲᠦᠰᠢᠮᠡᠯ ᠭᠢᠯᠢᠩᠨᠡᠪᠡ᠃ 
       ᠪᠥᠭᠡᠮᠡᠩᠯᠡᠢ ᠲᠡᠷᠡ ᠦᠭᠡ ᠶ᠋ᠢ ᠰᠣᠨᠣᠰᠤᠭᠠᠳ ᠬᠡᠷᠡᠭ ᠪᠢᠰᠢᠳᠡᠪᠡᠯ ᠠᠶᠠᠭᠦᠢ ᠶᠠᠭᠤᠮ᠎ᠠ ᠪᠣᠯᠵᠤ ᠮᠠᠭᠠᠳ ᠦᠭᠡᠢ ᠭᠡᠳᠡᠭ ᠢ᠋ ᠤᠬᠠᠭᠠᠷᠠᠵᠠᠢ᠃ 
       — ᠳ᠋ᠧᠩᠵᠡᠨ ᠴᠦ᠍ ᠪᠠᠢᠨ᠎ᠠ ᠤᠤ ᠂ ᠮᠧᠩᠵᠡᠨ ᠴᠦ᠍ ᠪᠠᠢᠨ᠎ᠠ ᠤᠤ ᠂ ᠢᠯᠭᠠᠭ᠎ᠠ ᠠᠯᠠᠭ᠎ᠠ ᠴᠡᠷᠢᠭ ᠲᠡᠭᠡᠨ ᠯᠡ ᠠᠪᠤᠨ᠎ᠠ ᠪᠢᠵᠡ᠂ ᠴᠡᠷᠢᠭ ᠪᠣᠯᠵᠤ ᠪᠠᠢᠭᠠᠳ ᠤᠴᠢᠷ ᠢᠶᠡᠨ ᠤᠯᠤᠶ᠎ᠠ ᠭᠡᠵᠦ ᠲᠡᠷᠡ ᠬᠡᠯᠡᠪᠡ᠃
       — ᠲᠡᠷᠡ ᠨᠢ ᠳᠡᠭᠡᠷ᠎ᠡ ᠳᠡ᠃ ᠣᠳᠣ ᠴᠢ ᠲᠡᠭᠡᠪᠡᠯ ᠡᠨᠡ ᠪᠢᠴᠢᠭ ᠲᠦ᠍ ᠭᠠᠷ ᠤ᠋ᠨ ᠢ᠋ᠶ᠋ᠠᠨ ᠮᠥᠷ ᠦᠯᠡᠳᠡᠭᠡ ! ᠭᠡᠵᠦ ᠲᠦᠰᠢᠮᠡᠯ ᠵᠠᠩᠳᠤᠷᠬᠤ ᠮᠠᠶᠢᠭ ᠢ᠋ᠶ᠋ᠠᠷ ᠬᠡᠯᠡᠭᠡᠳ ᠳᠠᠢᠯᠢᠶᠠᠨ ᠴᠠᠭᠠᠰᠤᠨ ᠳᠡᠭᠡᠷ᠎ᠡ ᠪᠢᠴᠢᠭᠰᠡᠨ ᠬᠡᠳᠦᠨ ᠦᠰᠦᠭ ᠤᠷᠤᠭᠤ ᠵᠢᠭᠠᠯ᠎ᠠ᠃  ᠲᠡᠷᠡ ᠳᠠᠷᠤᠢ ᠥᠭᠡᠷ᠎ᠡ ᠨᠢᠭᠡᠨ ᠬᠥᠮᠤᠨ ᠪᠡᠭᠡ ᠲᠡᠢ ᠶᠠᠨᠳᠡᠢ ᠳ᠋ᠦ᠍ ᠪᠥᠭᠡᠮᠡᠩᠯᠡᠢ ᠶ᠋ᠢᠨ ᠡᠷᠡᠬᠡᠢ ᠬᠤᠷᠤᠭᠤ ᠶ᠋ᠢ ᠨᠠᠭᠠᠯᠳᠤᠭᠤᠯᠪᠠ᠂ ᠴᠠᠭᠠᠰᠤᠨ ᠳᠡᠭᠡᠷ᠎ᠡ ᠡᠷᠡᠬᠡᠢ ᠬᠤᠷᠤᠭᠤᠨ ᠤ᠋ ᠮᠥᠷ ᠢ᠋ ᠫᠠᠯᠠᠢᠲᠠᠯ᠎ᠠ ᠭᠠᠷᠭᠠᠮᠠᠭᠴᠠ ᠪᠥᠭᠡᠮᠡᠩᠯᠠᠢ ᠶ᠋ᠢᠨ ᠬᠥᠯ ᠦ᠋ᠨ ᠭᠢᠨᠵᠢ᠂ ᠬᠦᠵᠦᠭᠦᠨ ᠦ᠌ ᠳᠥᠩᠭᠡ ᠶ᠋ᠢ ᠠᠪᠴᠤ ᠬᠠᠶᠠᠭᠠᠳ ᠵᠥᠪᠬᠡᠨ ᠭᠠᠷ ᠤ᠋ᠨ ᠭᠠᠪᠠ ᠶ᠋ᠢ ᠦᠯᠡᠳᠡᠭᠡᠯ᠎ᠡ᠃ 
       — ᠴᠡᠷᠢᠭ ᠤᠨ ᠨᠣᠶᠠᠨ ᠬᠠᠮᠢᠭ ᠠ ᠪᠠᠢᠨ ᠠ ᠭᠡᠪᠡ᠃ ᠲᠦᠰᠢᠮᠡᠯ ᠢᠷᠪᠡᠯᠵᠠᠨ ᠪᠣᠰᠣᠭᠠᠳ ᠲᠡᠯᠦ ᠮᠥ᠋ᠷᠦ ᠪᠡᠨ ᠬᠠᠪᠴᠢᠰᠬᠢᠨ ᠰᠤᠨᠢᠶᠠᠭᠰᠠᠨ ᠢ᠋ᠶ᠋ᠠᠨ: 
       — ᠵᠠ ᠲᠡᠭᠡᠪᠡᠯ᠂ ᠠᠳᠠ ᠲᠦᠷ ᠬᠦᠯᠢᠶᠡᠵᠦ ᠪᠠᠢ !᠂ ᠡᠭᠦᠨ ᠳ᠋ᠦ᠍ ᠵᠠᠮᠪᠠᠭ᠎ᠠ ᠥᠭᠭᠦᠬᠦᠯ ! ᠭᠡᠵᠦ ᠬᠡᠯᠡᠭᠡᠳ ᠭᠠᠷᠴᠤ ᠶᠠᠪᠤᠬᠤ ᠪᠠᠷ ᠵᠠᠪᠳᠤᠨ ᠡᠭᠦᠳᠡ ᠤᠷᠤᠭᠤ ᠶᠠᠭᠠᠷᠠᠨ ᠠᠯᠬᠤᠪᠠ᠃ 
       ᠬᠣᠶᠠᠷ ᠬᠤᠶᠠᠭ《ᠯᠠᠭᠰᠤᠤ》ᠭᠡᠵᠦ ᠪᠥᠬᠥᠯᠵᠡᠪᠡ᠃ ᠲᠡᠭᠡᠭᠡᠳ ᠠᠯᠠᠭ᠎ᠠ ᠪᠠᠨ ᠬᠠᠪᠰᠤᠷᠤᠨ ᠲᠠᠰᠢᠬᠤ ᠳ᠋ᠤ᠌ ᠭᠠᠳᠠᠨ᠎ᠠ ᠠ᠋ᠴᠠ ᠵᠠᠷᠤᠴᠠ ᠣᠷᠣᠵᠤ ᠢᠷᠡᠭᠡᠳ ᠪᠥᠭᠥᠰᠬᠢᠯ᠎ᠡ᠃
       — ᠡᠭᠦᠨ ᠳ᠋ᠦ᠍ ᠤᠰᠤ ᠪᠠᠷ ᠵᠢᠭᠤᠷᠠᠭᠰᠠᠨ ᠵᠠᠮᠪᠠᠭ᠎ᠠ ᠠᠪᠴᠢᠷᠠᠵᠤ ᠥᠭ ! ᠭᠡᠪᠡ᠃ ᠲᠡᠷᠡᠬᠡᠨ ᠮᠥᠴᠡ ᠶ᠋ᠢ ᠠᠰᠢᠭᠯᠠᠭᠠᠳ ᠪᠥᠭᠡᠮᠡᠩᠯᠠᠢ ᠰᠠᠩᠵᠢ ᠲᠠᠢ ᠦᠭᠡ ᠰᠣᠯᠢᠬᠤ ᠶ᠋ᠢ ᠵᠠᠪᠳᠤᠵᠠᠢ᠃
       —  ᠣᠳᠬᠤᠨ ᠤ ᠰᠤᠷᠠᠭ ᠪᠠᠢᠨ᠎ᠠ ᠤᠤ ? ᠭᠡᠵᠦ ᠲᠡᠷᠡ ᠶᠠᠭᠠᠷᠠᠨ ᠠᠰᠠᠭᠤᠯ᠎ᠠ᠃ 
       —  ᠣᠳᠬᠤᠨ ᠡᠭᠡᠴᠢ ᠮᠡᠨᠳᠦ ᠪᠠᠢᠨ᠎ᠠ᠃ ᠲᠠᠨ ᠢ᠋ ᠣᠯᠵᠠᠯᠠᠭᠳᠠᠭᠰᠠᠨ ᠤ᠋  ᠳᠠᠷᠠᠭ᠎ᠠ ᠰᠠᠩᠳᠠ ᠮᠡᠩᠳᠡ ᠶᠠᠪᠤᠵᠤ  ᠯᠾᠠᠰᠠ ᠳᠤ ᠢᠷᠡᠭᠰᠡᠨ᠃ ᠲᠡᠭᠡᠭᠡᠳ ᠪᠡᠷᠢᠮᠦᠭ ᠡᠮᠡᠭᠡᠨ ᠦ᠌ ᠳ᠋ᠦ᠍ ᠪᠠᠢᠵᠤ ᠲᠠᠨ ᠤ᠋ ᠰᠤᠷᠠᠭ ᠢ  ᠭᠠᠷᠭᠠᠵᠤ ᠶᠠᠳᠠᠭᠠᠳ ᠣᠯᠠᠨ ᠬᠠᠭᠠᠯᠭᠠᠲᠤ ᠰᠦᠮ᠎ᠡ ᠤᠷᠤᠭᠤ ᠶᠠᠪᠤᠭᠰᠠᠨ᠃ ᠪᠢ ᠭᠠᠵᠠᠷᠴᠢᠯᠠᠵᠤ ᠦᠭᠭᠦᠭᠰᠡᠨ᠃ ᠲᠡᠨᠳᠡ ᠣᠴᠢᠵᠤ ᠮᠥᠷᠭᠥᠯ ᠬᠢᠭᠡᠳ ᠢᠷᠡᠭᠰᠡᠨ᠃ ᠣᠳᠣ ᠪᠡᠷᠢᠮᠦᠭ ᠡᠮᠡᠭᠡᠨ ᠦ᠌ ᠳ᠋ᠦ᠍ ᠪᠠᠢᠭ᠎ᠠ᠃ ᠤᠳᠠᠬᠤ ᠦᠭᠡᠢ ᠨᠤᠲᠤᠭ ᠪᠤᠴᠠᠬᠤ  ᠰᠠᠨᠠᠭ᠎ᠠ ᠲᠠᠢ ᠶᠤᠮ ᠭᠡᠨ᠎ᠡ ᠭᠡᠵᠦ ᠰᠠᠩᠵᠢ ᠶᠠᠷᠢᠬᠤ ᠳᠦ:
       —  ᠠᠱᠢᠭᠦᠢ ᠶᠠᠭᠤᠨ ᠰᠠᠢᠨ ᠶᠤᠮ ᠪᠣᠢ ? ᠣᠯᠠᠨ ᠬᠠᠭᠠᠯᠭᠠᠲᠤ ᠰᠦᠮ᠎ᠡ ᠣᠷᠣᠭᠰᠠᠨ ᠤᠤ ? ᠪᠠᠰᠠ ᠃ ᠵᠠ ᠪᠣᠯᠵᠢ ᠳᠠ ᠃ ᠪᠢ  ᠡᠳᠡᠨ ᠦ  ᠭᠠᠷ ᠲᠤ᠌ ᠣᠷᠣᠭᠠᠳ ᠯᠾᠠᠰᠠ ᠶ᠋ᠢᠨ ᠱᠣᠷᠣᠩ ᠳ᠋ᠤ᠌ ᠲᠠᠮᠤ ᠪᠠᠨ ᠦᠵᠡᠯ᠎ᠡ! ᠣᠳᠣ ᠡᠳᠡᠨ ᠤ ᠴᠡᠷᠢᠭ ᠲᠦ᠍ ᠳᠠᠢᠴᠢᠯᠠᠭᠳᠠᠯ᠎ᠠ᠃ ᠵᠠ ᠭᠠᠢᠭᠤᠢ ᠴᠡᠷᠢᠭ ᠦ᠋ᠨ ᠬᠤᠸᠠᠷᠠᠨ ᠠ᠋ᠴᠠ ᠤᠷᠭᠤᠨ᠎ᠠ᠃ ᠬᠣᠢᠨ᠎ᠠ ᠠ᠋ᠴᠠ ᠴᠢᠨᠢ ᠭᠦᠢᠴᠡᠭᠡᠳ ᠣᠴᠢᠨ᠎ᠠ᠃ ᠨᠤᠲᠤᠭ ᠤᠷᠤᠭᠤ ᠪᠠᠨ ᠵᠦᠭᠯᠡᠭᠡᠳ ᠠᠶᠠᠨᠴᠢᠨ ᠳᠠᠭᠠᠭᠠᠳ ᠪᠤᠴᠠᠵᠤ ᠪᠠᠢ ᠭᠡᠵᠦ ‍ ᠣᠤᠬᠠᠳ ᠳᠤ ᠬᠡᠯᠡᠭᠡᠷᠡᠢ ᠭᠡᠮᠡᠨ ᠪᠥᠭᠡᠮᠡᠩᠯᠠᠢ ᠶᠠᠭᠠᠷᠠᠨ ᠶᠠᠷᠢᠵᠤ ᠪᠠᠢᠲᠠᠯ᠎ᠠ ᠭᠠᠳᠠᠨ᠎ᠠ ᠠ᠋ᠴᠠ ᠵᠠᠷᠤᠴᠠ ᠣᠷᠣᠵᠤ ᠢᠷᠡᠭᠡᠳ ᠤᠰᠤᠨ ᠳ᠋ᠤ᠌ ᠵᠢᠭᠤᠷᠠᠭᠰᠠᠨ ᠵᠠᠮᠪᠠᠭ᠎ᠠ ᠶ᠋ᠢᠨ ᠵᠣᠩᠬᠤᠤ ᠥᠭᠪᠡ᠃ 
       — ᠨᠠᠭᠠᠳᠤᠬᠢ ᠪᠠᠨ ᠢᠳᠡᠵᠦ ᠪᠠᠢ ! ᠭᠡᠵᠦ ᠬᠤᠶᠠᠭ ᠲᠤᠰᠢᠶᠠᠪᠠ᠃ 
       — ᠵᠣᠩᠬᠤᠤ ᠴᠤ᠌ ᠶᠠᠭᠠᠬᠢᠬᠤ ᠪᠣᠢ᠃ ᠴᠢᠮ᠎ᠠ ᠲᠠᠢ ᠠᠭᠤᠯᠴᠠᠭᠰᠠᠨ ᠮᠢᠨᠢ ᠠᠵᠠ ᠪᠣᠯᠣᠯ᠎ᠠ᠃ ᠶᠡᠷᠦ ᠨᠢ ᠯᠾᠠᠰᠠ ᠬᠡᠳᠡᠭ ᠴᠢᠨᠢ ᠪᠤᠭ ᠴᠢᠳᠬᠥᠷ ᠦ᠋ᠨ ᠣᠷᠣᠨ ᠶᠤᠮ ᠳᠠ᠃ ᠱᠣᠷᠣᠩ ᠳ᠋ᠤᠨᠢ ᠲᠦᠮᠡᠨ ᠮᠠᠭᠤᠬᠠᠢ ᠶᠠᠭᠤᠮ᠎ᠠ ᠦᠵᠠᠯ᠎ᠠ᠃ ᠲᠠᠷᠮᠠᠵᠠᠭᠲᠠ ᠭᠤᠸᠠᠢ ᠬᠡᠳᠦ ᠭᠤᠷᠪᠠᠨ ᠬᠠᠷᠢᠶᠠᠯ ᠤ᠋ᠨ ᠦᠭᠡ ᠶ᠋ᠢ ᠲᠥᠪᠡᠳ ᠢ᠋ᠶ᠋ᠡᠷ ᠰᠤᠷᠤᠭᠰᠠᠨ ᠶᠤᠮ ᠪᠠᠢᠵᠠᠢ᠃ ᠲᠡᠭᠦᠨ ᠢ᠋ ᠪᠡᠨ ᠡᠳᠡᠨ ᠳ᠋ᠦ᠍ ᠬᠡᠯᠡᠴᠢᠬᠡᠭᠰᠡᠨ ᠡᠴᠡ ᠪᠣᠯᠵᠤ ᠠᠮᠢ ᠨᠠᠰᠤ ᠪᠠᠨ ᠠᠯᠳᠠᠯ᠎ᠠ᠃ ᠥᠯᠥᠰᠬᠦᠯᠡᠩ ᠬᠢᠯᠢᠨᠴᠡᠲᠦ ᠬᠣᠷᠣᠬᠠᠢ᠂ ᠦᠬᠡᠷ ᠬᠤᠯᠤᠭᠠᠨ᠎ᠠ  ᠳᠦ ᠠᠮᠢᠳᠤ ᠪᠠᠷ ᠨᠢ ᠬᠠᠶᠠᠵᠤ ᠥᠭᠭᠦᠭᠰᠡᠨ᠃ ᠲᠡᠭᠡᠬᠦ ᠶᠢᠨ ᠢᠶᠡᠨ ᠡᠮᠦᠨ᠎ᠡ ᠵᠥᠩᠳᠡᠭᠡᠨ ᠳᠠᠷᠴᠢᠯᠠᠭᠠᠭᠰᠠᠨ᠃ ᠳᠠᠪᠤᠰᠤᠲᠠᠢ ᠤᠰᠤᠨ ᠳ᠋ᠤ᠌ ᠲᠥᠷᠥᠭᠰᠡᠨ ᠰᠠᠪᠠᠭ᠎ᠠ ᠪᠠᠷ ᠬᠡᠴᠢᠨᠡᠨ ᠴᠦ᠍ ᠣᠯᠠᠨ ᠤᠳᠠᠭ᠎ᠠ ᠰᠠᠪᠠᠪᠠ᠃ ᠮᠢᠨᠦ ᠠᠷᠠᠰᠤ ᠴᠤ᠌ ᠨᠠᠯᠢᠶᠠᠨ ᠲᠡᠰᠦᠭᠰᠡᠨ᠃  ᠬᠢᠮᠤᠰᠤᠨ ᠤ᠋ ᠵᠠᠪᠰᠠᠷ ᠢ᠋ᠶ᠋ᠠᠷ ᠬᠤᠯᠤᠰᠤ ᠰᠢᠭᠠᠵᠤ ᠲᠡᠮᠤᠯᠠᠭᠰᠠᠨ᠃ ᠲᠡᠷᠮ᠎ᠡ ᠭᠤᠸᠠᠢ ᠬᠠᠷᠢᠶᠠᠯ ᠬᠡᠯᠡᠬᠦ ᠪᠦᠷᠢ ᠳ᠋ᠡᠭᠡᠨ ᠣᠯᠠᠮ ᠠᠢᠬᠤᠪᠲᠤᠷ ᠵᠣᠪᠡᠯᠠᠭ᠌ ᠲᠤ᠌ ᠤᠴᠠᠷᠠᠵᠤ ᠠᠪᠬᠤ ᠶᠠᠭᠤᠮ᠎ᠠ ᠦᠭᠡᠢ ᠪᠣᠯᠲᠠᠯ᠎ᠠ ᠪᠠᠨ ᠵᠡᠷᠡᠮᠳᠡᠭᠯᠡᠭᠦᠯᠦᠭᠰᠡᠨ᠂ ᠮᠠᠬᠢᠷ ᠬᠢᠲᠤᠭ᠎ᠠ ᠪᠠᠷ ᠬᠠᠮᠠᠷ ᠤ᠋ᠨ ᠨᠢ ᠦᠵᠦᠭᠦᠷ ᠢ᠋ ᠠᠪᠴᠤ ᠬᠠᠶᠠᠭᠰᠠᠨ᠂ ᠳᠠᠷᠠᠭ᠎ᠠ ᠨᠢ ᠬᠣᠶᠠᠷ ᠬᠥᠮᠦᠨ ᠳᠠᠮᠵᠢᠯᠠᠨ ᠳᠠᠭᠠᠭᠠᠲᠠᠭ ᠲᠡᠢᠮᠦ ᠲᠣᠮᠣ ᠴᠢᠯᠠᠭᠤᠨ ᠮᠠᠯᠠᠭᠠᠢ ᠰᠢᠭ᠋ ᠶᠠᠭᠤᠮ᠎ᠠ ᠡᠮᠦᠰᠦᠭᠦᠯᠵᠦ ᠪᠠᠢᠭᠠᠳ ᠠᠯᠤᠬ᠎ᠠ ᠪᠠᠷ ᠣᠷᠣᠢ ᠤᠷᠤᠭᠤ ᠨᠢ ᠴᠣᠬᠢᠬᠤ ᠳ᠋ᠤ᠌ ᠬᠣᠶᠠᠷ ᠨᠢᠳᠦ ᠨᠢ ᠪᠦᠯᠲᠡᠷᠡᠭᠰᠡᠨ᠃ ᠲᠡᠭᠦᠨ ᠢ᠋ ᠬᠠᠯᠪᠠᠭ᠎ᠠ ᠰᠢᠭ᠋ ᠬᠢᠲᠤᠭ᠎ᠠ ᠪᠠᠷ ᠣᠭᠲᠣᠯᠤᠨ ᠠᠪᠴᠤ ᠡᠯᠢᠶᠡᠨ ᠦ᠌ ᠬᠣᠭᠣᠯᠠ ᠪᠣᠯᠭᠠᠨ ᠰᠢᠳᠡᠭᠰᠡᠨ᠃ ᠡᠨᠡ ᠪᠥᠬᠥᠨ ᠢ ᠪᠢ ᠬᠠᠷᠠᠭᠰᠠᠨ᠃  ᠬᠡᠪᠠᠴᠦ ᠭᠠᠪᠠ ᠳᠥᠩᠭᠡ ᠲᠡᠢ ᠳ᠋ᠡᠭᠡᠨ ᠶᠠᠭᠠᠬᠢᠵᠤ ᠴᠤ᠌ ᠴᠢᠳᠠᠭᠰᠠᠨ ᠦᠭᠡᠢ᠃ ᠬᠣᠶᠠᠷ ᠨᠢᠳᠦ ᠪᠡᠨ ᠠᠪᠬᠠᠭᠯᠤᠭᠰᠠᠨ ᠠ᠋ᠴᠠ ᠬᠣᠢᠰᠢ ᠲᠡᠷᠮ᠎ᠡ ᠭᠤᠸᠠᠢ ᠲᠤᠩ ᠶᠡᠬᠡ ᠬᠢᠯᠢᠩᠨᠡᠵᠦ ᠡᠳᠡᠨ ᠢ᠋ ᠡᠯᠳᠡᠪ ᠢ᠋ᠶ᠋ᠡᠷ ᠬᠠᠷᠢᠶᠠᠨ ᠵᠥᠭᠡᠭᠰᠡᠨ᠂ ᠪᠢ ᠴᠦ᠍ ᠪᠠᠰᠠ ᠲᠡᠷᠡ ᠮᠡᠲᠦ ᠬᠠᠷᠢᠶᠠᠵᠤ ᠪᠠᠢᠯ᠎ᠠ᠃ ᠳᠠᠩᠴᠢ ᠬᠡᠯᠡ ᠮᠡᠳᠡᠬᠦ ᠦᠭᠡᠢ ᠪᠣᠯᠬᠣᠷ ᠥᠢᠯᠠᠭᠠᠭ᠎ᠠ ᠦᠭᠡᠢ ᠪᠢᠵᠡ᠂ ᠬᠠᠷᠢᠨ ᠲᠡᠷᠮ᠎ᠡ ᠭᠤᠸᠠᠢ ᠣᠢᠷ᠎ᠠ ᠵᠠᠭᠤᠷ᠎ᠠ ᠶ᠋ᠢᠨ ᠶᠠᠭᠤᠮ᠎ᠠ ᠲᠥᠪᠡᠳ ᠢᠶᠡᠷ ᠶᠠᠷᠢᠳᠠᠭ ᠤᠨ ᠢᠶᠠᠨ ᠭᠠᠢ ᠪᠠᠷ ᠯᠠ ᠡᠳᠡᠨ ᠢ ᠭᠠᠯᠵᠠᠭᠤᠷᠠᠭᠤᠯᠤᠨ ᠪᠠᠢᠵᠤ ᠬᠠᠢᠷ᠎ᠠ ᠶ᠋ᠢᠨ ᠠᠮᠢ ᠪᠠᠨ ᠠᠯᠳᠠᠯ᠎ᠠ᠃ ᠡᠳᠡᠨ ᠦ᠌ ᠭᠠᠷ ᠠ᠋ᠴᠠ ᠶᠠᠭᠠᠬᠢᠵᠤ ᠡᠢᠭᠡᠳ ᠭᠠᠷᠪᠠᠯ ᠲᠡᠷᠮ᠎ᠡ ᠭᠤᠸᠠᠢ ᠶ᠋ᠢᠨ ᠥᠰᠢᠶ᠎ᠡ ᠶ᠋ᠢ ᠵᠠᠪᠠᠯ ᠠᠪᠤᠨ᠎ᠠ᠃ ᠲᠥᠪᠡᠳ ᠦ᠋ᠨ ᠠᠭᠤᠯᠠᠨ ᠳ᠋ᠤ᠌ ᠭᠠᠷᠴᠤ ᠳᠡᠭᠡᠷᠡᠮᠴᠢᠨ ᠪᠣᠯᠤᠨ᠎ᠠ ᠭᠡᠵᠦ ᠪᠥᠭᠡᠮᠡᠩᠯᠡᠢ ᠠᠭᠤᠷ ᠬᠢᠯᠢᠩ ᠢ᠋ᠶ᠋ᠡᠨ ᠨᠢᠭᠤᠵᠤ ᠶᠠᠳᠠᠨ ᠰᠡᠩᠵᠢ ᠳ᠋ᠦ᠍ ᠬᠡᠯᠡᠯ᠎ᠡ᠃ ᠳᠡᠷᠡᠨ ᠦ᠌ ᠨᠢᠳᠦ ᠡᠷᠡᠰ ᠰᠢᠳᠮᠡᠭᠡᠢ ᠶ᠋ᠢ ᠢᠯᠡᠳᠬᠡᠨ᠎ᠡ᠃ 
       ᠲᠡᠷᠡ ᠮᠥᠴᠡ ᠳ᠋ᠦ᠍ ᠬᠠᠭᠠᠯᠠᠨ᠎ᠠ ᠨᠡᠬᠡᠭᠳᠡᠨ ᠴᠡᠷᠢᠭ ᠦ᠋ᠨ ᠨᠣᠶᠠᠨ ᠣᠷᠣᠵᠤ ᠢᠷᠡᠯ᠎ᠡ᠃ ᠬᠤᠶᠠᠭ ᠨᠤᠭᠤᠳ ᠪᠥᠬᠥᠯᠵᠡᠵᠦ ᠪᠥᠭᠡᠮᠡᠩᠯᠡᠢ ᠶ᠋ᠢᠨ ᠵᠦᠭ ᠵᠡᠷᠭᠡ ᠵᠡᠷᠭᠡ ᠵᠢᠭᠠᠵᠤ: 
       — ᠠᠪᠬᠤ ᠬᠥᠮᠦᠨ ᠴᠢᠨᠢ ᠲᠡᠷᠡ ᠪᠠᠢᠨ᠎ᠠ᠂ ᠬᠥᠱᠦᠦ ! ᠭᠡᠵᠦ ᠪᠥᠭᠡᠮᠡᠩᠯᠡᠢ ᠶ᠋ᠢ ᠵᠢᠭᠠᠯ᠎ᠠ᠃ 
       — ᠠᠪᠤᠭᠠᠳ ᠶᠠᠪᠤ ! ᠭᠡᠵᠦ ᠴᠡᠷᠢᠭ ᠦ᠋ᠨ ᠨᠣᠶᠠᠨ ᠥᠪᠡᠷ ᠢ᠋ ᠪᠡᠨ ᠳᠠᠭᠠᠵᠤ ᠢᠷᠡᠭᠰᠡᠨ ᠬᠣᠶᠠᠷ ᠬᠥᠮᠦᠨ ᠳ᠋ᠦ᠍ ᠲᠤᠰᠢᠶᠠᠯ᠎ᠠ᠃ ᠲᠡᠷᠡ ᠬᠣᠶᠠᠷ ᠰᠠᠯᠪᠠᠭᠠᠨᠠᠨ ᠶᠠᠭᠠᠷᠠᠭᠤᠯᠤᠯ᠎ᠠ᠃ 
       — ᠲᠡᠭᠦᠦ ᠮᠢᠨᠢ᠂  ᠠᠬ᠎ᠠ ᠪᠠᠨ ᠢᠩᠭᠢᠭᠡᠳ ᠶᠠᠪᠤᠯ᠎ᠠ ᠭᠡᠵᠦ ᠣᠳᠬᠤᠨ ᠳᠤ ᠬᠡᠯᠡᠭᠡᠷᠡᠢ ᠭᠡᠳ ᠪᠥᠭᠡᠮᠡᠩᠯᠡᠢ ᠨᠥᠭᠥᠭᠡᠬᠢ ᠬᠥᠮᠦᠰ ᠦ᠋ᠨ ᠬᠦᠴᠦᠨ ᠳ᠋ᠦ᠍ ᠠᠪᠲᠠᠭᠳᠠᠨ ᠭᠠᠳᠠᠭᠰᠢ ᠭᠠᠷᠤᠯ᠎ᠠ᠃ ᠰᠠᠩᠵᠢ ᠳᠠᠭᠠᠯᠳᠤᠨ ᠭᠠᠷᠪᠠ᠃  ᠪᠥᠭᠡᠮ ᠭᠠᠰᠢᠭᠤᠳᠠᠯ ᠳ᠋ᠤ᠌ ᠡᠵᠡᠯᠡᠭᠳᠠᠵᠠᠢ᠃ 
      ᠤᠷᠠᠩᠬᠠᠢ ᠂ ᠰᠠᠯᠪᠠᠷᠬᠠᠢ ᠬᠤᠪᠴᠠᠰᠤ ᠲᠠᠢ ᠭᠬᠢᠷ ᠲᠠᠭ ᠪᠣᠯᠤᠭᠰᠠᠨ᠂ ᠬᠠᠲᠠᠩᠭᠢᠷ ᠲᠤᠷᠠᠩᠬᠠᠢ ᠬᠡᠳᠦᠨ ᠬᠥᠮᠦᠨ ᠢ᠋ ᠬᠤᠶᠠᠭ ᠤ᠋ᠳ ᠬᠦᠷᠢᠶᠡᠯᠡᠨ ᠵᠣᠭᠰᠤᠵᠤ ᠪᠠᠢᠭᠰᠠᠨ ᠲᠠᠢ ᠪᠥᠭᠡᠮᠡᠩᠯᠡᠢ ᠶ᠋ᠢ ᠨᠡᠢᠯᠡᠭᠦᠯᠦᠭᠡᠳ ᠲᠠᠭᠤᠵᠤ ᠣᠳᠤᠯ᠎ᠠ᠃ ᠪᠥᠭᠡᠮᠡᠩᠯᠠᠢ ᠰᠡᠩᠵᠢ ᠳ᠋ᠦ᠍ ᠬᠠᠨᠳᠤᠵᠤ : 
       — ᠵᠠ ᠳᠡᠭᠦᠦ ᠮᠢᠨᠢ᠂ ᠡᠨᠡ ᠪᠤᠷᠬᠠᠨ ᠤ ᠣᠷᠣᠨ  ᠭᠡᠭᠳᠡᠭᠰᠡᠨ ᠯᠾᠠᠰᠠ ᠳ᠋ᠤ᠌ ᠴᠢᠨᠢ ᠪᠢᠷᠢᠳ᠂ ᠲᠠᠮᠤ ᠶ᠋ᠢᠨ ᠣᠷᠣᠨ ᠪᠠᠢᠳᠠᠭ ᠶᠤᠮ ᠪᠠᠢᠨ᠎ᠠ ᠰᠢᠦ᠃ ᠰᠠᠢᠨ ᠰᠠᠨᠠᠵᠤ ᠶᠠᠪᠤᠭᠠᠷᠠᠢ ! ᠭᠡᠵᠦ ᠬᠠᠰᠬᠢᠷᠤᠨ᠎ᠠ᠃ 
       ᠭᠠᠷ ᠲᠠᠭᠠᠨ ᠭᠠᠪᠠ ᠲᠠᠢ᠂ ᠵᠠᠷᠢᠮ ᠨᠢ ᠬᠦᠵᠦᠭᠦᠨ ᠳ᠋ᠡᠭᠡᠨ ᠳᠥᠩᠭᠡ ᠲᠡᠢ᠂ ᠰᠠᠭᠰᠠᠢᠭᠰᠠᠨ ᠦᠰᠦ ᠰᠠᠬᠠᠯ ᠲᠠᠢ ᠲᠡᠷᠡ ᠬᠡᠳᠦᠨ ᠬᠥᠮᠦᠨ ᠯᠾᠠᠰᠠ ᠶ᠋ᠢᠨ ᠴᠢᠯᠠᠭᠤᠨ ᠳᠡᠪᠢᠰᠬᠡᠷᠲᠦ ᠭᠤᠳᠤᠮᠵᠢ ᠪᠠᠷ ᠲᠡᠮᠦᠷ ᠭᠠᠪᠠ ᠪᠠᠨ ᠬᠠᠩᠭᠢᠨᠠᠭᠤᠯᠤᠭᠰᠠᠭᠠᠷ ᠶᠠᠪᠤᠵᠤ ᠪᠠᠢᠬᠤ ᠳ᠋ᠤ᠌ ᠬᠥᠮᠦᠰ ᠲᠡᠳᠡᠨ ᠢ᠋ ᠥᠴᠥᠭᠡᠨ ᠴᠤ᠌ ᠲᠣᠭᠣᠵᠤ ᠠᠩᠬᠠᠷᠤᠭᠰᠠᠨ ᠦᠭᠡᠢ᠃ ᠤᠴᠢᠷ ᠨᠢ ᠲᠡᠢᠮᠦ ᠶᠠᠪᠤᠳᠠᠯ ᠪᠠᠷᠤᠭ ᠯᠠ ᠡᠳᠦᠷ ᠪᠦᠷᠢ ᠲ᠋ᠣᠬᠢᠶᠠᠵᠤ ᠪᠠᠢᠳᠠᠭ ᠲᠤᠯᠠ ᠲᠦᠵᠢᠷᠡᠨ ᠲᠠᠰᠤᠵᠠᠢ᠃ 
       ᠰᠠᠩᠵᠢ ᠲᠡᠳᠡᠨ ᠦ᠌ ᠬᠣᠢᠨ᠎ᠠ ᠠ᠋ᠴᠠ ᠭᠤᠨᠢᠭᠲᠠᠶ᠎ᠠ ᠬᠡᠯᠲᠦᠷᠢᠵᠦ ᠶᠠᠪᠤᠯ᠎ᠠ᠃ ᠡᠯᠳᠡᠪ ᠦ᠋ᠨ ᠶᠠᠭᠤᠮ᠎ᠠ ᠰᠡᠳᠬᠢᠯ ᠳ᠋ᠦ᠍ᠨᠢ ᠣᠷᠣᠵᠤ ᠬᠢᠮᠤᠷᠠᠯᠳᠤᠵᠠᠢ᠂ 《ᠶᠠᠭᠠᠬᠢᠯ᠎ᠠ ᠭᠡᠵᠦ ᠲᠡᠷᠮ᠎ᠡ ᠭᠤᠸᠠᠢ ᠡᠨᠡ ᠬᠣᠶᠠᠷ ᠢ ᠪᠠᠷᠢᠵᠤ ᠲᠠᠮᠤᠯᠠᠭᠠᠳ ᠪᠦᠷ ᠠᠮᠢ ᠨᠠᠰᠤᠨ ᠳ᠋ᠤᠨᠢ ᠬᠦᠷᠦᠭᠰᠡᠨ ᠬᠡᠷᠡᠭ ᠪᠣᠢ᠂ ᠬᠠᠷᠢ ᠶ᠋ᠢᠨ ᠡᠨᠡ ᠨᠤᠲᠤᠭ ᠲᠤ ᠲᠡᠳᠡᠨ ᠢ᠋ ᠬᠡᠨ ᠦᠷᠦ ᠡᠪᠡᠳᠴᠦ᠂ ᠥᠮᠥᠭᠡᠷᠡᠬᠦ ᠴᠦ᠍ ᠶᠦᠮ ᠪᠢᠯᠡ ᠳᠠ ? ᠣᠳᠣ ᠲᠡᠭᠡᠭᠡᠳ ᠪᠥᠬᠡᠮᠠᠩᠯᠠᠢ ᠭᠤᠸᠠᠢ ᠶᠢ ᠶᠠᠭᠤᠨ ᠴᠡᠷᠢᠭ ᠲᠦ᠍ ᠠᠪᠴᠤ ᠶᠠᠪᠤᠭ᠎ᠠ ᠶᠤᠮ ᠪᠣᠯ ? ᠱᠠᠮᠪᠠᠯ ᠤ᠋ᠨ ᠴᠡᠷᠢᠭ ᠲᠦ᠍ ᠶᠠᠪᠤᠨ᠎ᠠ ᠭᠡᠰᠡᠨ ᠪᠠᠢᠬ᠎ᠠ ᠠ᠋》 ᠭᠡᠵᠦ ᠰᠠᠩᠵᠢ ᠡᠷᠭᠢᠴᠡᠭᠦᠯᠦᠨ ᠪᠣᠳᠣᠯ᠎ᠠ᠃