ᠬᠥᠬᠡ ᠵᠤᠯᠠ – ᠪᠣᠷᠵᠢᠭᠢᠨ ᠸᠠᠩᠵᠠᠯ - < ᠭᠤᠷᠪᠠ ᠂ ᠲᠣᠭ᠎ᠠ ᠲᠣᠭᠠᠯᠠᠯᠭ᠎ᠠ ᠶᠢᠨ ᠪᠦᠯᠦᠭ > Хөх зул – Боржигон Ванжал –"Гурав ᠂ Тоо тооллогын бүлэг "
ᠭᠤᠷᠪᠠ ᠂ ᠲᠣᠭ᠎ᠠ ᠲᠣᠭᠠᠯᠠᠯᠭ᠎ᠠ ᠶᠢᠨ ᠪᠦᠯᠦᠭ Гурав ᠂ Тоо тооллогын бүлэг
ᠨᠢᠭᠡ
ᠬᠠᠮᠤᠭ ᠠᠩᠬᠠᠨ ᠤ᠋ ᠲᠣᠭ᠎ᠠ ᠪᠥᠭᠡᠳ ᠪᠠᠰᠠ ᠴᠤ᠌ ᠬᠠᠮᠤᠭ ᠠᠩᠬ᠎ᠠ ᠣᠷᠣᠨ ᠤ᠋ ᠲᠣᠭ᠎ᠠ ᠃ ᠨᠢᠭᠡᠬᠡᠨ ( ᠨᠢᠭᠡ ᠯᠡ ᠲᠡᠳᠦᠢ᠂ ᠨᠢᠭᠡ ᠲᠣᠭ᠎ᠠ ᠶ᠋ᠢᠨ ᠴᠢᠮᠠᠯᠠᠯ ) ᠂ ᠨᠢᠵᠡᠭᠡᠳ ( ᠲᠤᠰ ᠪᠦᠷᠢ᠂ ᠨᠢᠭᠡ ᠪᠦᠷᠢ᠂ ᠲᠤᠰ ᠲᠤᠰ ᠨᠢᠭᠡ ) ᠂ ᠨᠢᠵᠡᠭᠡᠳᠲᠡ ( ᠬᠥᠮᠦᠰ ᠨᠢᠭᠡ ᠪᠦᠷᠢ ᠨᠢᠭᠡᠨ ᠤᠳᠠᠭ᠎ᠠ ) ᠂ ᠨᠢᠭᠡᠨᠲᠡ ( ᠨᠢᠭᠡ ᠤᠳᠠᠭ᠎ᠠ ) ᠂ ᠨᠢᠭᠡᠮᠦᠰᠦᠨ ( ᠨᠢᠭᠡ ᠪᠡᠷ ᠲᠠᠰᠤᠯᠬᠤ ) ᠨᠢᠭᠡᠳᠦᠭᠡᠷ ( ᠳᠡᠰ ᠳᠠᠷᠠᠭᠠᠯᠠᠭᠰᠠᠨ ᠲᠣᠭ᠎ᠠ ) ᠂ ᠨᠢᠭᠡᠳᠡᠬᠢ ( ᠳᠡᠰ ᠲᠣᠭᠠᠨ ᠤ᠋ ᠨᠢᠭᠡᠳᠦᠭᠡᠷ ᠲᠦ᠍ ᠲᠣᠬᠢᠶᠠᠯᠳᠤᠭᠰᠠᠨ ᠨᠢ ) ᠂ ᠨᠢᠭᠡᠳᠬᠦ ( ᠨᠡᠢᠯᠡᠬᠦ᠂ ᠨᠢᠭᠡ ᠪᠣᠯᠬᠤ ) ᠃
ᠬᠣᠶᠠᠷ
ᠨᠢᠭᠡ ᠳᠡᠭᠡᠷ᠎ᠡ ᠨᠢᠭᠡ ᠶ᠋ᠢ ᠨᠡᠮᠡᠭᠰᠡᠨ ᠲᠣᠭ᠎ᠠ ᠃ ᠬᠣᠶᠠᠷᠬᠠᠨ ( ᠬᠣᠶᠠᠷ ᠯᠠ ᠲᠡᠳᠦᠢ᠂ ᠬᠣᠶᠠᠷ ᠲᠣᠭ᠎ᠠ ᠶ᠋ᠢᠨ ᠴᠢᠮᠠᠯᠠᠯ ) ᠂ ᠬᠣᠰᠢᠶᠠᠳ ( ᠬᠣᠰᠢᠭᠠᠳ᠂ ᠬᠣᠶᠠᠷ ᠣᠷᠴᠢᠮ᠂ ᠲᠤᠰ ᠪᠦᠷᠢ ᠬᠣᠶᠠᠷ ᠨᠣᠭᠳᠠᠬᠤ ) ᠂ ᠬᠣᠶᠠᠷᠲᠠ ( ᠬᠣᠶᠠᠷ ᠤᠳᠠᠭ᠎ᠠ ) ᠂ ᠬᠣᠶᠠᠳᠤᠭᠠᠷ ( ᠳᠡᠰ ᠳᠠᠷᠠᠭᠠᠯᠠᠭᠰᠠᠨ ᠲᠣᠭ᠎ᠠ ) ᠬᠣᠶᠠᠳᠠᠬᠢ ( ᠳᠡᠰ ᠲᠣᠭᠠᠨ ᠤ᠋ ᠬᠣᠶᠠᠳᠤᠭᠠᠷ ᠲᠤ᠌ ᠲᠣᠬᠢᠶᠠᠯᠳᠤᠭᠰᠠᠨ ᠨᠢ ) ᠬᠣᠶᠠᠭᠤᠯᠠ ( ᠬᠠᠮ ᠲᠣᠭ᠎ᠠ ) ᠂ ᠬᠣᠶᠠᠷᠯᠠᠬᠤ ( ᠬᠣᠶᠠᠷ ᠪᠣᠯᠭᠠᠬᠤ ) ᠂ ᠬᠣᠶᠠᠷᠳᠠᠬᠤ ( ᠰᠡᠳᠬᠢᠯ ᠰᠠᠨᠠᠭ᠎ᠠ ᠨᠢᠭᠡᠨ ᠴᠢᠭ ᠲᠦ᠍ ᠲᠣᠭᠲᠠᠭᠤᠷᠢ ᠦᠭᠡᠢ ) ᠃
ᠭᠤᠷᠪᠠ
ᠬᠣᠶᠠᠷ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ ᠃ ᠭᠤᠷᠪᠠᠬᠠᠨ ( ᠭᠤᠷᠪᠠ ᠯᠠ ᠲᠡᠳᠦᠢ᠂ ᠭᠤᠷᠪᠠᠨ ᠲᠣᠭ᠎ᠠ ᠶ᠋ᠢᠨ ᠴᠢᠮᠠᠯᠠᠯ ) ᠂ ᠭᠤᠷᠪᠠᠭᠠᠳ ( ᠭᠤᠷᠪᠠ ᠣᠷᠴᠢᠮ᠂ ᠲᠤᠰ ᠪᠦᠷᠢ ᠭᠤᠷᠪᠠ ) ᠂ ᠭᠤᠷᠪᠠᠨᠲᠠ ( ᠭᠤᠷᠪᠠᠨ ᠤᠳᠠᠭ᠎ᠠ ) ᠂ ᠭᠤᠷᠪᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠭᠤᠷᠪᠠᠳᠠᠬᠢ ( ᠳᠡᠰ ᠲᠣᠭᠠᠨ ᠤ᠋ ᠭᠤᠷᠪᠠᠳᠤᠭᠠᠷ ᠲᠤ᠌ ᠲᠣᠬᠢᠶᠠᠯᠳᠤᠭᠰᠠᠨ ᠨᠢ ) ᠭᠤᠷᠮᠤᠰᠤᠨ ( ᠭᠤᠷᠪᠠᠨ ᠰᠢᠷᠬᠡᠭ ᠢ᠋ᠶ᠋ᠡᠷ ᠡᠷᠴᠢᠮᠯᠡᠭᠰᠡᠨ᠂ ᠨᠢᠳᠬᠡᠭᠰᠡᠨ ) ᠂ ᠭᠤᠷᠪᠠᠯᠵᠢᠨ ( ᠬᠠᠷᠢᠯᠴᠠᠨ ᠣᠭᠲᠣᠯᠤᠯᠴᠠᠭᠰᠠᠨ ᠭᠤᠷᠪᠠᠨ ᠰᠢᠯᠤᠭᠤᠨ ᠢ᠋ᠶ᠋ᠠᠷ ᠬᠢᠵᠠᠭᠠᠷᠯᠠᠭᠳᠠᠭᠰᠠᠨ ᠳᠣᠲᠣᠭᠠᠳᠤ ᠭᠤᠷᠪᠠᠨ ᠥᠨᠴᠥᠭ ᠪᠦᠬᠦᠢ ᠬᠣᠰᠢᠭᠤᠯᠵᠢᠨ ) ᠂ ᠭᠤᠷᠪᠠᠭᠤᠯᠠ ( ᠬᠠᠮ ᠲᠣᠭ᠎ᠠ ) ᠃
ᠳᠥᠷᠪᠡ
ᠬᠣᠶᠠᠷ ᠳᠡᠭᠡᠷ᠎ᠡ ᠬᠣᠶᠠᠷ ᠢ᠋ ᠨᠡᠮᠡᠭᠰᠡᠨ ᠦ᠌ ᠨᠡᠢᠯᠡᠪᠦᠷᠢ᠃ ᠳᠦᠷᠪᠡᠭᠡᠨ ( ᠳᠦᠷᠪᠡᠭᠡᠨ ᠯᠡ ᠲᠡᠳᠦᠢ ) ᠂ ᠳᠥᠷᠪᠡᠭᠡᠳ ( ᠳᠥᠷᠪᠡ ᠣᠷᠴᠢᠮ᠂ ᠲᠤᠰ ᠪᠦᠷᠢ ᠳᠥᠷᠪᠡ ) ᠂ ᠳᠥᠷᠪᠡᠨᠲᠡ ( ᠳᠥᠷᠪᠡᠨ ᠤᠳᠠᠭ᠎ᠠ ) ᠂ ᠳᠥᠷᠪᠡᠳᠦᠭᠡᠷ ( ᠳᠡᠰ ᠳᠠᠷᠠᠭᠠᠯᠠᠭᠰᠠᠨ ᠲᠣᠭ᠎ᠠ ) ᠂ ᠳᠥᠷᠪᠡᠭᠦᠯᠡ ( ᠬᠠᠮ ᠲᠣᠭ᠎ᠠ ) ᠂ ᠳᠥᠷᠪᠡᠯᠵᠢᠨ (ᠳᠥᠷᠪᠡᠨ ᠲᠠᠯ᠎ᠠ᠂ ᠲᠠᠯ᠎ᠠ ᠪᠦᠷᠢ ᠨᠢ ᠠᠳᠠᠯᠢ ᠲᠡᠭᠰᠢ ᠥᠨᠴᠥᠭ ᠲᠡᠢ ) ᠃
ᠲᠠᠪᠤ
ᠳᠥᠷᠪᠡ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ᠃ ᠲᠠᠪᠤᠬᠠᠨ ( ᠲᠠᠪᠤ ᠯᠠ ᠲᠡᠳᠦᠢ ᠂ ᠲᠠᠪᠤ ᠶ᠋ᠢᠨ ᠴᠢᠮᠠᠯᠠᠯ ) ᠂ ᠲᠠᠪᠤᠭᠠᠳ ( ᠲᠠᠪᠤ ᠣᠷᠴᠢᠮ ᠂ ᠲᠤᠰ ᠪᠦᠷᠢ ᠲᠠᠪᠤ ) ᠂ ᠲᠠᠪᠤᠨᠲᠠ ( ᠲᠠᠪᠤᠨ ᠤᠳᠠᠭ᠎ᠠ ) ᠂ ᠲᠠᠪᠤᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠲᠠᠪᠤᠭᠤᠯᠠ ( ᠬᠠᠮ ᠲᠣᠭ᠎ᠠ ) ᠂ ᠲᠠᠪᠤᠯᠵᠢᠨ ( ᠲᠠᠪᠤᠨ ᠬᠣᠰᠢᠭᠤᠯᠵᠢᠨ ᠥᠨᠴᠥᠭ ᠪᠦᠬᠦᠢ ) ᠃
ᠵᠢᠷᠭᠤᠭ᠎ᠠ
ᠲᠠᠪᠤ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ᠃ ᠵᠢᠷᠭᠤᠭᠠᠬᠠᠨ ( ᠵᠢᠷᠭᠤᠭ᠎ᠠ ᠯᠠ ᠲᠡᠳᠦᠢ ᠂ ᠵᠢᠷᠭᠤᠭ᠎ᠠ ᠶ᠋ᠢᠨ ᠴᠢᠮᠠᠯᠠᠯ ) ᠂ ᠵᠢᠷᠭᠤᠭᠠᠳ ( ᠵᠢᠷᠭᠤᠭ᠎ᠠ ᠣᠷᠴᠢᠮ ᠂ ᠲᠤᠰ ᠪᠦᠷᠢ ᠵᠢᠷᠭᠤᠭ᠎ᠠ ) ᠂ ᠵᠢᠷᠭᠤᠭᠠᠨᠲᠠ ( ᠵᠢᠷᠭᠤᠭᠠᠨ ᠤᠳᠠᠭ᠎ᠠ ) ᠂ ᠵᠢᠷᠭᠤᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠵᠢᠷᠭᠤᠭᠤᠯᠠ ( ᠬᠠᠮ ᠲᠣᠭ᠎ᠠ ) ᠃
ᠳᠣᠯᠣᠭ᠎ᠠ
ᠵᠢᠷᠭᠤᠭ᠎ᠠ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ ᠃ ᠳᠣᠯᠣᠭᠠᠬᠠᠨ ( ᠳᠣᠯᠣᠭ᠎ᠠ ᠯᠠ ᠲᠡᠳᠦᠢ ᠂ ᠲᠣᠭ᠎ᠠ ᠶ᠋ᠢᠨ ᠴᠢᠮᠠᠯᠠᠯ ) ᠂ ᠲᠤᠯᠤᠭᠠᠳ ( ᠳᠣᠯᠣᠭ᠎ᠠ ᠣᠷᠴᠢᠮ ᠂ ᠲᠤᠰ ᠪᠦᠷᠢ ᠳᠣᠯᠣᠭ᠎ᠠ ) ᠂ ᠳᠣᠯᠣᠭᠠᠨᠲᠠ ( ᠳᠣᠯᠣᠭ᠎ᠠ ᠤᠳᠠᠭ᠎ᠠ ) ᠂ ᠳᠣᠯᠣᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠳᠣᠯᠣᠭᠤᠯᠠ ( ᠬᠠᠮ ᠲᠣᠭ᠎ᠠ ) ᠃
ᠨᠠᠢ᠍ᠮᠠ
ᠳᠣᠯᠣᠭ᠎ᠠ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ ᠃ ᠨᠠᠢ᠍ᠮᠠᠬᠠᠨ ( ᠨᠠᠢ᠍ᠮᠠ ᠯᠠ ᠲᠡᠳᠦᠢ ᠂ ᠨᠠᠢ᠍ᠮᠠ ᠶ᠋ᠢᠨ ᠴᠢᠮᠠᠯᠠᠯ ) ᠂ ᠨᠠᠢ᠍ᠮᠠᠭᠠᠳ ( ᠨᠠᠢ᠍ᠮᠠ ᠣᠷᠴᠢᠮ ᠂ ᠲᠤᠰ ᠪᠦᠷᠢ ᠨᠠᠢ᠍ᠮᠠ ) ᠂ ᠨᠠᠢ᠍ᠮᠠᠨᠲᠠ ( ᠨᠠᠢ᠍ᠮᠠ ᠤᠳᠠᠭ᠎ᠠ ) ᠂ ᠨᠠᠢ᠍ᠮᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠨᠠᠢ᠍ᠮᠠᠭᠤᠯᠠ ( ᠬᠠᠮ ᠲᠣᠭ᠎ᠠ ) ᠂ ᠨᠠᠢ᠍ᠮᠠᠯᠵᠢᠨ ( ᠨᠠᠢ᠍ᠮᠠᠨ ᠲᠠᠯ᠎ᠠ ᠪᠦᠬᠦᠢ ) ᠃
ᠶᠢᠰᠦ
ᠨᠠᠢ᠍ᠮᠠ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ ᠃ ᠶᠢᠰᠦᠬᠡᠨ ( ᠶᠢᠰᠦ ᠯᠡ ᠲᠡᠳᠦᠢ ) ᠂ ᠶᠢᠰᠦᠭᠡᠳ ( ᠶᠢᠰᠦ ᠣᠷᠴᠢᠮ ᠂ ᠲᠤᠰ ᠪᠦᠷᠢ ᠶᠢᠰᠦ ) ᠂ ᠶᠢᠰᠦᠨᠲᠡ ( ᠶᠢᠰᠦ ᠤᠳᠠᠭ᠎ᠠ ) ᠂ ᠶᠢᠰᠦᠳᠦᠭᠡᠷ ( ᠳᠡᠰ ᠳᠠᠷᠠᠭᠠᠯᠠᠭᠰᠠᠨ ᠲᠣᠭ᠎ᠠ ) ᠂ ᠶᠢᠰᠦᠭᠦᠯᠡ ( ᠬᠠᠮ ᠲᠣᠭ᠎ᠠ ) ᠃
ᠠᠷᠪᠠ
ᠶᠢᠰᠦ ᠳᠡᠭᠡᠷ᠎ᠡ ᠨᠢᠭᠡ ᠶ᠋ᠢ ᠨᠡᠮᠡᠭᠰᠡᠨ ᠦ᠌ ᠨᠡᠢᠯᠡᠪᠦᠷᠢ ᠃ ᠠᠷᠪᠠᠬᠠᠨ ( ᠠᠷᠪᠠ ᠲᠡᠳᠦᠢ ᠯᠡ ) ᠠᠷᠪᠠᠭᠠᠳ ( ᠠᠷᠪᠠ ᠣᠷᠴᠢᠮ ᠂ ᠲᠤᠰ ᠪᠦᠷᠢ ᠠᠷᠪᠠ ) ᠂ ᠠᠷᠪᠠᠨᠲᠠ ( ᠠᠷᠪᠠ ᠤᠳᠠᠭ᠎ᠠ ) ᠂ ᠠᠷᠪᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠠᠷᠪᠠᠭᠤᠯᠠ ( ᠬᠠᠮ ᠲᠣᠭ᠎ᠠ ) ᠃
ᠬᠣᠷᠢ
ᠬᠣᠶᠠᠷ ᠠᠷᠪᠠ ᠶ᠋ᠢᠨ ᠨᠡᠢᠯᠡᠪᠦᠷᠢ᠃ ᠬᠣᠷᠢᠬᠠᠨ ( ᠬᠣᠷᠢ ᠯᠠ ᠲᠡᠳᠦᠢ ᠂ ᠬᠣᠷᠢ ᠶ᠋ᠢᠨ ᠴᠢᠮᠠᠯᠠᠯ ) ᠂ ᠬᠣᠷᠢᠭᠠᠳ ( ᠬᠣᠷᠢ ᠣᠷᠴᠢᠮ ) ᠂ ᠬᠣᠷᠢᠨᠲᠠ ( ᠬᠣᠷᠢ ᠤᠳᠠᠭ᠎ᠠ ) ᠂ ᠬᠣᠷᠢᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠬᠣᠷᠢᠭᠤᠯᠠ ( ᠬᠠᠮ ᠲᠣᠭ᠎ᠠ ) ᠃
ᠭᠤᠴᠢ
ᠭᠤᠷᠪᠠᠨ ᠠᠷᠪᠠ ᠶ᠋ᠢᠨ ᠨᠡᠢᠯᠡᠪᠦᠷᠢ᠃ ᠭᠤᠴᠢᠬᠠᠨ ( ᠭᠤᠴᠢ ᠯᠠ ᠲᠡᠳᠦᠢ ) ᠂ ᠭᠤᠴᠢᠭᠠᠳ ( ᠭᠤᠴᠢ ᠣᠷᠴᠢᠮ ᠪᠤᠶᠤ ᠲᠤᠰ ᠪᠦᠷᠢ ᠭᠤᠴᠢ ) ᠂ᠭᠤᠴᠢᠨᠲᠠ ( ᠭᠤᠴᠢ ᠤᠳᠠᠭ᠎ᠠ ) ᠂ ᠭᠤᠴᠢᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠭᠤᠴᠢᠭᠤᠯᠠ ( ᠬᠠᠮ ᠲᠣᠭ᠎ᠠ ) ᠃
ᠳᠥᠴᠢ
ᠳᠥᠷᠪᠡᠨ ᠠᠷᠪᠠ ᠶ᠋ᠢᠨ ᠨᠡᠢᠯᠡᠪᠦᠷᠢ᠃ ᠳᠥᠴᠢᠬᠡᠨ ( ᠳᠥᠴᠢ ᠯᠡ ᠲᠡᠳᠦᠢ ᠭᠡᠰᠡᠨ ᠪᠤᠶᠤ ᠳᠥᠴᠢ ᠶ᠋ᠢᠨ ᠴᠢᠮᠠᠯᠠᠯ ) ᠂ ᠳᠥᠴᠢᠭᠡᠳ ( ᠳᠥᠴᠢ ᠣᠷᠴᠢᠮ ᠪᠤᠶᠤ ᠲᠤᠰ ᠪᠦᠷᠢ ᠳᠥᠴᠢ ) ᠂ ᠳᠥᠴᠢᠨᠲᠡ ( ᠳᠥᠴᠢᠨ ᠤᠳᠠᠭ᠎ᠠ ) ᠂ ᠳᠥᠴᠢᠳᠦᠭᠡᠷ ( ᠳᠡᠰ ᠳᠠᠷᠠᠭᠠᠯᠠᠭᠰᠠᠨ ᠳᠠᠷᠠᠭᠠᠯᠠᠭᠰᠠᠨ ᠲᠣᠭ᠎ᠠ ) ᠂ ᠳᠥᠴᠢᠭᠦᠯᠡ ( ᠬᠠᠮ ᠲᠣᠭ᠎ᠠ ) ᠃
ᠲᠠᠪᠢ
ᠲᠠᠪᠤᠨ ᠠᠷᠪᠠ ᠶ᠋ᠢᠨ ᠨᠡᠢᠯᠡᠪᠦᠷᠢ᠃ ᠲᠠᠪᠢᠬᠠᠨ ( ᠲᠠᠪᠢ ᠲᠡᠳᠦᠢ ᠯᠡ ) ᠂ ᠲᠠᠪᠢᠭᠠᠳ ( ᠲᠠᠪᠢ ᠣᠷᠴᠢᠮ ᠪᠤᠶᠤ ᠲᠤᠰ ᠪᠦᠷᠢ ᠲᠠᠪᠢ ) ᠂ ᠲᠠᠪᠢᠨᠲᠠ ( ᠲᠠᠪᠢᠨ ᠤᠳᠠᠭ᠎ᠠ ) ᠂ ᠲᠠᠪᠢᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠲᠠᠪᠢᠭᠤᠯᠠ ( ᠬᠠᠮ ᠲᠣᠭ᠎ᠠ ) ᠃
ᠵᠢᠷᠠ
ᠵᠢᠷᠭᠤᠭᠠᠨ ᠠᠷᠪᠠ ᠶ᠋ᠢᠨ ᠨᠡᠢᠯᠡᠪᠦᠷᠢ ᠃ ᠵᠢᠷᠠᠬᠠᠨ ( ᠵᠢᠷᠠ ᠯᠠ ᠲᠡᠳᠦᠢ ) ᠂ ᠵᠢᠷᠠᠭᠠᠳ ( ᠵᠢᠷᠠ ᠣᠷᠴᠢᠮ ᠪᠤᠶᠤ ᠲᠤᠰ ᠪᠦᠷ ᠵᠢᠷᠠ ) ᠵᠢᠷᠠᠨᠲᠠ ( ᠵᠢᠷᠠᠨ ᠤᠳᠠᠭ᠎ᠠ ) ᠂ ᠵᠢᠷᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠵᠢᠷᠠᠭᠤᠯᠠ ( ᠬᠠᠮ ᠲᠣᠭ᠎ᠠ ) ᠃
ᠳᠠᠯ᠎ᠠ
ᠳᠣᠯᠣᠭᠠᠨ ᠠᠷᠪᠠ ᠶ᠋ᠢᠨ ᠨᠡᠢᠯᠡᠪᠦᠷᠢ ᠃ ᠳᠠᠯᠠᠬᠠᠨ ( ᠳᠠᠯ᠎ᠠ ᠯᠠ ᠲᠡᠳᠦᠢ ) ᠂ ᠳᠠᠯᠠᠭᠠᠳ ( ᠳᠠᠯ᠎ᠠ ᠣᠷᠴᠢᠮ ᠂ ᠲᠤᠰ ᠪᠦᠷᠢ ᠳᠠᠯ᠎ᠠ ) ᠂ ᠳᠠᠯᠠᠨᠲᠠ ( ᠳᠠᠯ᠎ᠠ ᠤᠳᠠᠭ᠎ᠠ ) ᠂ ᠳᠠᠯᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠳᠠᠯᠠᠭᠤᠯᠠ ( ᠬᠠᠮ ᠲᠣᠭ᠎ᠠ ) ᠃
ᠨᠠᠶᠠ
ᠨᠠᠢ᠍ᠮᠠᠨ ᠠᠷᠪᠠ ᠶ᠋ᠢᠨ ᠨᠡᠢᠯᠡᠪᠦᠷᠢ ᠃ ᠨᠠᠶᠠᠬᠠᠨ ( ᠨᠠᠶᠠ ᠯᠠ ᠲᠡᠳᠦᠢ ᠂ ᠨᠠᠶᠠ ᠶ᠋ᠢᠨ ᠴᠢᠮᠠᠯᠠᠯ ) ᠂ ᠨᠠᠶᠠᠭᠠᠳ ( ᠨᠠᠶᠠ ᠣᠷᠴᠢᠮ ᠂ ᠲᠤᠰ ᠪᠦᠷᠢ ᠨᠠᠶᠠ ) ᠂ ᠨᠠᠶᠠᠨᠲᠠ ( ᠨᠠᠶᠠ ᠤᠳᠠᠭ᠎ᠠ ) ᠂ ᠨᠠᠶᠠᠳᠤᠭᠠᠷ ( ᠳᠡᠰ ᠳᠠᠷᠠᠭᠠᠯᠠᠭᠰᠠᠨ ᠲᠣᠭ᠎ᠠ ) ᠂ ᠨᠠᠶᠠᠭᠤᠯᠠ ( ᠬᠠᠮ ᠲᠣᠭ᠎ᠠ ) ᠃
ᠶᠡᠷᠡ
ᠶᠢᠰᠦᠨ ᠠᠷᠪᠠ ᠶ᠋ᠢᠨ ᠨᠡᠢᠯᠡᠪᠦᠷᠢ ᠃ ᠶᠡᠷᠡᠬᠡᠨ ( ᠶᠡᠷᠡ ᠯᠡ ᠲᠡᠳᠦᠢ ᠂ ᠶᠡᠷᠡ ᠶ᠋ᠢᠨ ᠴᠢᠮᠠᠯᠠᠯ ) ᠂ ᠶᠡᠷᠡᠭᠡᠳ ( ᠶᠡᠷᠡ ᠣᠷᠴᠢᠮ ᠂ ᠲᠤᠰ ᠪᠦᠷᠢ ᠶᠡᠷᠡ ) ᠶᠡᠷᠡᠨᠲᠡ ( ᠶᠡᠷᠡ ᠤᠳᠠᠭ᠎ᠠ ) ᠂ ᠶᠡᠷᠡᠳᠦᠭᠡᠷ ( ᠳᠡᠰ ᠳᠠᠷᠠᠭᠠᠯᠠᠭᠰᠠᠨ ᠲᠣᠭ᠎ᠠ ) ᠂ ᠶᠡᠷᠡᠭᠦᠯᠡ ( ᠬᠠᠮ ᠲᠣᠭ᠎ᠠ ) ᠃
ᠵᠠᠭᠤ ᠠᠷᠪᠠᠨ ᠠᠷᠪᠠ ᠶ᠋ᠢᠨ ᠨᠡᠢᠯᠡᠪᠦᠷᠢ ᠃
ᠮᠢᠩᠭ᠎ᠠ ᠠᠷᠪᠠᠨ ᠵᠠᠭᠤ ᠶ᠋ᠢᠨ ᠨᠡᠢᠯᠡᠪᠦᠷᠢ ᠃
ᠲᠦᠮᠡ ᠠᠷᠪᠠᠨ ᠮᠢᠩᠭ᠎ᠠ ᠶ᠋ᠢᠨ ᠨᠡᠢᠯᠡᠪᠦᠷᠢ ᠃
ᠪᠤᠮ ᠠᠷᠪᠠᠨ ᠲᠦᠮᠡ ᠶ᠋ᠢᠨ ᠨᠡᠢᠯᠡᠪᠦᠷᠢ ᠃ ᠪᠠᠰᠠ ᠯᠠᠭᠱᠠᠨ ᠪᠤᠶᠤ ᠯᠠᠺᠱᠠ ᠭᠡᠳᠡᠭ ᠃
ᠰᠠᠶ᠎ᠠ ᠵᠠᠭᠤᠨ ᠲᠦᠮᠡ ᠶ᠋ᠢᠨ ᠨᠡᠢᠯᠡᠪᠦᠷᠢ ᠃ ᠠᠷᠪᠠᠨ ᠪᠤᠮ ᠃
ᠵᠢᠸ᠎ᠠ ᠮᠢᠩᠭᠠᠨ ᠲᠦᠮᠡ ᠶ᠋ᠢᠨ ᠨᠡᠢᠯᠡᠪᠦᠷᠢ ᠃ ᠠᠷᠪᠠᠨ ᠰᠠᠶ᠎ᠠ ᠃ ᠪᠠᠰᠠ ᠭᠣᠯᠳᠢ ᠪᠤᠶᠤ ᠺᠥᠯᠳᠢ ᠴᠦ᠍ ᠭᠡᠳᠡᠭ ᠃
ᠳ᠋ᠦᠩᠰᠢᠭᠤᠷ ᠲᠦᠮᠡᠨ ᠲᠦᠮᠡ ᠶ᠋ᠢᠨ ᠨᠡᠢᠯᠡᠪᠦᠷᠢ ᠃ ᠠᠷᠪᠠᠨ ᠵᠢᠸ᠎ᠠ ᠃
ᠲᠡᠷᠪᠤᠮ ᠠᠷᠪᠠᠨ ᠳ᠋ᠦᠩᠰᠢᠭᠤᠷ ᠃ ᠠᠷᠪᠠᠨ ᠣᠷᠣᠨᠲᠠᠢ ᠲᠣᠭ᠎ᠠ ᠶ᠋ᠢᠨ ᠨᠡᠷ᠎ᠡ ᠃
ᠶᠡᠬᠡ ᠲᠡᠷᠪᠤᠮ ᠵᠠᠭᠤᠨ ᠳ᠋ᠦᠩᠰᠢᠭᠤᠷ ᠂ ᠠᠷᠪᠠᠨ ᠲᠡᠷᠪᠤᠮ ᠃
ᠨᠠᠶᠤᠳ ᠮᠢᠩᠭᠠᠨ ᠳ᠋ᠦᠩᠰᠢᠭᠤᠷ ᠂ ᠵᠠᠭᠤᠨ ᠲᠡᠷᠪᠤᠮ ᠃
ᠶᠡᠬᠡ ᠨᠠᠶᠤᠳ ᠲᠦᠮᠡᠨ ᠳ᠋ᠦᠩᠰᠢᠭᠤᠷ ᠂ ᠮᠢᠩᠭᠠᠨ ᠲᠡᠷᠪᠤᠮ ᠃
ᠮᠠᠰᠢ ᠳᠡᠯᠭᠡᠮᠡᠯ ᠲᠦᠮᠡᠨ ᠲᠦᠮᠡᠨ ᠳ᠋ᠦᠩᠰᠢᠭᠤᠷ ᠃ ᠲᠦᠮᠡᠨ ᠲᠡᠷᠪᠤᠮ ᠃
ᠶᠡᠬᠡ ᠮᠠᠰᠢ ᠳᠡᠯᠭᠡᠮᠡᠯ ᠲᠦᠮᠡᠨ ᠲᠦᠮᠡᠨ ᠲᠡᠷᠪᠤᠮ ᠃ ᠠᠷᠪᠠᠨ ᠲᠠᠪᠤᠳᠤᠭᠠᠷ ᠣᠷᠣᠨᠲᠤ ᠃
ᠲᠤᠨᠤᠮᠠᠯ ᠠᠷᠪᠠᠨ ᠶᠡᠬᠡ ᠮᠠᠰᠢ ᠳᠡᠯᠭᠡᠮᠡᠯ ᠃ ᠠᠷᠪᠠᠨ ᠵᠢᠷᠭᠤᠳᠤᠭᠠᠷ ᠣᠷᠣᠨᠲᠤ ᠃
ᠶᠡᠬᠡ ᠲᠤᠨᠤᠮᠠᠯ ᠠᠷᠪᠠᠨ ᠲᠤᠨᠤᠮᠠᠯ ᠂ ᠠᠷᠪᠠᠨ ᠳᠣᠯᠣᠳᠤᠭᠠᠷ ᠣᠷᠣᠨᠲᠤ ᠃
ᠢᠩᠭᠦᠮᠡᠯ ᠠᠷᠪᠠᠨ ᠶᠡᠬᠡ ᠲᠤᠨᠤᠮᠠᠯ ᠂ ᠠᠷᠪᠠᠨ ᠨᠠᠢ᠍ᠮᠠᠳᠤᠭᠠᠷ ᠣᠷᠣᠨᠲᠤ ᠃
ᠶᠡᠬᠡ ᠢᠩᠭᠦᠮᠡᠯ ᠠᠷᠪᠠᠨ ᠢᠩᠭᠦᠮᠡᠯ ᠂ ᠠᠷᠪᠠᠨ ᠶᠢᠰᠦᠳᠦᠭᠡᠷ ᠣᠷᠣᠨᠲᠤ ᠃
ᠬᠢᠮᠤᠷᠠᠯ ᠦᠭᠡᠢ ᠠᠷᠪᠠᠨ ᠶᠡᠬᠡ ᠢᠩᠭᠦᠮᠡᠯ ᠂ ᠬᠣᠷᠢᠳᠤᠭᠠᠷ ᠣᠷᠣᠨᠲᠤ ᠃
ᠶᠡᠬᠡ ᠬᠢᠮᠤᠷᠠᠯ ᠦᠭᠡᠢ ᠠᠷᠪᠠᠨ ᠬᠢᠮᠤᠷᠠᠯ ᠦᠭᠡᠢ ᠂ ᠬᠣᠷᠢᠨ ᠨᠢᠭᠡᠳᠦᠭᠡᠷ ᠣᠷᠣᠨᠲᠤ᠃
ᠢᠯᠭᠠᠷᠠᠭᠤᠯᠤᠭᠴᠢ ᠠᠷᠪᠠᠨ ᠶᠡᠬᠡ ᠬᠢᠮᠤᠷᠠᠯ ᠦᠭᠡᠢ ᠂ ᠬᠣᠷᠢᠨ ᠬᠣᠶᠠᠳᠤᠭᠠᠷ ᠣᠷᠣᠨᠲᠤ᠃
ᠶᠡᠬᠡ ᠢᠯᠭᠠᠷᠠᠭᠤᠯᠤᠭᠴᠢ ᠠᠷᠪᠠᠨ ᠢᠯᠭᠠᠷᠠᠭᠤᠯᠤᠭᠴᠢ ᠬᠣᠷᠢᠨ ᠭᠤᠷᠪᠠᠳᠤᠭᠠᠷ ᠣᠷᠣᠨᠲᠤ᠃
ᠡᠪᠦᠷ ᠳᠡᠭᠡᠷ᠎ᠡ ᠠᠷᠪᠠᠨ ᠶᠡᠬᠡ ᠢᠯᠭᠠᠷᠠᠭᠤᠯᠤᠭᠴᠢ ᠂ ᠬᠣᠷᠢᠨ ᠳᠥᠷᠪᠡᠳᠦᠭᠡᠷ ᠣᠷᠣᠨᠲᠤ᠃
ᠶᠡᠬᠡ ᠡᠪᠦᠷ ᠳᠡᠭᠡᠷ᠎ᠡ ᠠᠷᠪᠠᠨ ᠡᠪᠦᠷ ᠳᠡᠭᠡᠷ᠎ᠡ ᠂ ᠬᠣᠷᠢᠨ ᠲᠠᠪᠤᠳᠤᠭᠠᠷ ᠤᠷᠨᠲᠤ᠃
ᠬᠥᠬᠢᠨ ᠤᠳᠤᠷᠢᠭᠴᠢ ᠠᠷᠪᠠᠨ ᠶᠡᠬᠡ ᠡᠪᠦᠷ ᠳᠡᠭᠡᠷ᠎ᠡ ᠂ ᠬᠣᠷᠢᠨ ᠵᠢᠷᠭᠤᠳᠤᠭᠠᠷ ᠣᠷᠣᠨᠲᠤ᠃
ᠶᠡᠬᠡ ᠬᠥᠬᠢᠨ ᠤᠳᠤᠷᠢᠭᠴᠢ ᠠᠷᠪᠠᠨ ᠬᠥᠬᠢᠨ ᠤᠳᠤᠷᠢᠭᠴᠢ ᠬᠣᠷᠢᠨ ᠳᠣᠯᠣᠳᠤᠭᠠᠷ ᠣᠷᠣᠨᠲᠤ ᠃
ᠬᠢᠵᠠᠭᠠᠷ ᠦᠵᠡᠭᠳᠡᠯ ᠠᠷᠪᠠᠨ ᠶᠡᠬᠡ ᠬᠥᠬᠢᠨ ᠤᠳᠤᠷᠢᠭᠴᠢ ᠂ ᠬᠣᠷᠢᠨ ᠨᠠᠢ᠍ᠮᠠᠳᠤᠭᠠᠷ ᠣᠷᠣᠨᠲᠤ ᠃
ᠶᠡᠬᠡ ᠬᠢᠵᠠᠭᠠᠷ ᠦᠵᠡᠭᠳᠡᠯ ᠠᠷᠪᠠᠨ ᠬᠢᠵᠠᠭᠠᠷ ᠦᠵᠡᠭᠳᠡᠯ ᠂ ᠬᠣᠷᠢᠨ ᠶᠢᠰᠦᠳᠦᠭᠡᠷ ᠣᠷᠣᠨᠲᠤ ᠃
ᠰᠢᠯᠲᠠᠭᠠᠨ ᠤ᠋ ᠵᠦᠢᠯ ᠠᠷᠪᠠᠨ ᠶᠡᠬᠡ ᠬᠢᠵᠠᠭᠠᠷ ᠦᠵᠡᠭᠳᠡᠯ ᠂ ᠭᠤᠴᠢᠳᠤᠭᠠᠷ ᠣᠷᠣᠨᠲᠤ ᠃
ᠶᠡᠬᠡ ᠰᠢᠯᠲᠠᠭᠠᠨ ᠤ᠋ ᠵᠦᠢᠯ ᠠᠷᠪᠠᠨ ᠰᠢᠯᠲᠠᠭᠠᠨ ᠤ᠋ ᠵᠦᠢᠯ ᠂ ᠭᠤᠴᠢᠨ ᠨᠢᠭᠡᠳᠦᠭᠡᠷ ᠣᠷᠣᠨᠲᠤ ᠃
ᠦᠵᠡᠰᠬᠦᠯᠡᠩ ᠭᠡᠷᠡᠯᠲᠦ ᠠᠷᠪᠠᠨ ᠶᠡᠬᠡ ᠰᠢᠯᠲᠠᠭᠠᠨ ᠤ᠋ ᠵᠦᠢᠯ ᠂ ᠭᠤᠴᠢᠨ ᠬᠣᠶᠠᠳᠤᠭᠠᠷ ᠤᠷᠣᠲᠤ ᠃
ᠶᠡᠬᠡ ᠦᠵᠡᠰᠬᠦᠯᠡᠩ ᠭᠡᠷᠡᠯᠲᠦ ᠠᠷᠪᠠᠨ ᠦᠵᠡᠰᠬᠦᠯᠡᠩ ᠭᠡᠷᠡᠯᠲᠦ ᠂ ᠭᠤᠴᠢᠨ ᠭᠤᠷᠪᠠᠳᠤᠭᠠᠷ ᠣᠷᠣᠨᠲᠤ ᠃
ᠡᠷᠬᠡᠲᠦ ᠠᠷᠪᠠᠨ ᠶᠡᠬᠡ ᠦᠵᠡᠰᠬᠦᠯᠡᠩ ᠭᠡᠷᠡᠯᠲᠦ ᠂ ᠭᠤᠴᠢᠨ ᠳᠥᠷᠪᠡᠳᠦᠭᠡᠷ ᠣᠷᠣᠨᠲᠤ ᠃
ᠶᠡᠬᠡ ᠡᠷᠬᠡᠲᠦ ᠠᠷᠪᠠᠨ ᠡᠷᠬᠡᠲᠦ ᠂ ᠭᠤᠴᠢᠨ ᠲᠠᠪᠤᠳᠤᠭᠠᠷ ᠣᠷᠣᠨᠲᠤ ᠃
ᠰᠠᠢᠲᠤᠷ ᠬᠦᠷᠦᠭᠰᠡᠨ ᠠᠷᠪᠠᠨ ᠶᠡᠬᠡ ᠡᠷᠬᠡᠲᠦ ᠂ ᠭᠤᠴᠢᠨ ᠵᠢᠷᠭᠤᠳᠤᠭᠠᠷ ᠣᠷᠣᠨᠲᠤ ᠃
ᠶᠡᠬᠡ ᠰᠠᠢᠲᠤᠷ ᠭᠦᠷᠦᠭᠰᠡᠨ ᠠᠷᠪᠠᠨ ᠰᠠᠢᠲᠤᠷ ᠬᠦᠷᠦᠭᠰᠡᠨ ᠂ ᠭᠤᠴᠢᠨ ᠳᠣᠯᠣᠳᠤᠭᠠᠷ ᠣᠷᠣᠨᠲᠤ ᠃
ᠤᠨᠤᠨ ᠣᠳᠬᠤ ᠠᠷᠪᠠᠨ ᠶᠡᠬᠡ ᠰᠠᠢᠲᠤᠷ ᠬᠦᠷᠦᠭᠰᠡᠨ ᠂ ᠭᠤᠴᠢᠨ ᠨᠠᠢ᠍ᠮᠠᠳᠤᠭᠠᠷ ᠣᠷᠣᠨᠲᠤ ᠃
ᠶᠡᠬᠡ ᠤᠨᠤᠨ ᠣᠳᠬᠤ ᠠᠷᠪᠠᠨ ᠨᠣᠶᠠᠨ ᠣᠳᠬᠤ ᠂ ᠭᠤᠴᠢᠨ ᠶᠢᠰᠦᠳᠦᠭᠡᠷ ᠣᠷᠣᠨᠲᠤ ᠃
ᠴᠢᠪᠬᠦ ᠲᠣᠭᠣᠰᠣᠨ ᠠᠷᠪᠠᠨ ᠶᠡᠬᠡ ᠤᠨᠤᠨ ᠣᠳᠬᠤ ᠂ ᠳᠥᠴᠢᠳᠦᠭᠡᠷ ᠣᠷᠣᠨᠲᠤ ᠃
ᠶᠡᠬᠡ ᠴᠢᠪᠬᠦ ᠲᠣᠭᠣᠰᠣᠨ ᠠᠷᠪᠠᠨ ᠴᠢᠪᠬᠦ ᠲᠣᠭᠣᠰᠣᠨ ᠂ ᠳᠥᠴᠢᠨ ᠨᠢᠭᠡᠳᠦᠭᠡᠷ ᠣᠷᠣᠨᠲᠤ ᠃
ᠪᠡᠯᠭᠡ ᠲᠡᠮᠳᠡᠭ ᠠᠷᠪᠠᠨ ᠶᠡᠬᠡ ᠴᠢᠪᠬᠦ ᠲᠣᠭᠣᠰᠣᠨ ᠂ ᠳᠥᠴᠢᠨ ᠬᠣᠶᠠᠳᠤᠭᠠᠷ ᠣᠷᠣᠨᠲᠤ᠃
ᠶᠡᠬᠡ ᠪᠡᠯᠭᠡ ᠲᠡᠮᠳᠡᠭ ᠠᠷᠪᠠᠨ ᠪᠡᠯᠭᠡ ᠲᠡᠮᠳᠡᠭ ᠂ ᠳᠥᠴᠢᠨ ᠭᠤᠷᠪᠠᠳᠤᠭᠠᠷ ᠣᠷᠣᠨᠲᠤ ᠃
ᠬᠦᠴᠦᠨ ᠨᠥᠬᠥᠷ ᠠᠷᠪᠠᠨ ᠶᠡᠬᠡ ᠪᠡᠯᠭᠡ ᠲᠡᠮᠳᠡᠭ ᠂ ᠳᠥᠴᠢᠨ ᠳᠥᠷᠪᠡᠳᠦᠭᠡᠷ ᠣᠷᠣᠨᠲᠤ ᠃
ᠶᠡᠬᠡ ᠬᠦᠴᠦᠨ ᠨᠥᠬᠥᠷ ᠠᠷᠪᠠᠨ ᠬᠦᠴᠦᠨ ᠨᠥᠬᠥᠷ ᠂ ᠳᠥᠴᠢᠨ ᠲᠠᠪᠤᠳᠤᠭᠠᠷ ᠣᠷᠣᠨᠲᠤ ᠃
ᠳᠣᠬᠢᠶ᠎ᠠ ᠮᠡᠳᠡᠬᠦ ᠠᠷᠪᠠᠨ ᠶᠡᠬᠡ ᠬᠦᠴᠦᠨ ᠨᠥᠬᠥᠷ ᠳᠥᠴᠢᠨ ᠵᠢᠷᠭᠤᠳᠤᠭᠠᠷ ᠣᠷᠣᠨᠲᠤ ᠃
ᠶᠡᠬᠡ ᠳᠣᠬᠢᠶ᠎ᠠ ᠮᠡᠳᠡᠬᠦ ᠠᠷᠪᠠᠨ ᠳᠣᠬᠢᠶ᠎ᠠ ᠮᠡᠳᠡᠬᠦ ᠂ ᠳᠥᠴᠢᠨ ᠳᠣᠯᠣᠳᠤᠭᠠᠷ ᠣᠷᠣᠨᠲᠤ ᠃
ᠲᠡᠢᠨ ᠪᠣᠯᠤᠭᠰᠠᠨ ᠠᠷᠪᠠᠨ ᠶᠡᠬᠡ ᠳᠣᠬᠢᠶ᠎ᠠ ᠮᠡᠳᠡᠬᠦ ᠂ ᠳᠥᠴᠢᠨ ᠨᠠᠢ᠍ᠮᠠᠳᠤᠭᠠᠷ ᠣᠷᠣᠨᠲᠤ ᠃
ᠶᠡᠬᠡ ᠲᠡᠢᠨ ᠪᠣᠯᠤᠭᠰᠠᠨ ᠠᠷᠪᠠᠨ ᠲᠡᠢᠨ ᠪᠣᠯᠤᠭᠰᠠᠨ ᠂ ᠳᠥᠴᠢᠨ ᠶᠢᠰᠦᠳᠦᠭᠡᠷ ᠣᠷᠣᠨᠲᠤ ᠃
ᠬᠦᠴᠦᠨ ᠨᠢᠳᠦᠨ ᠠᠷᠪᠠᠨ ᠶᠡᠬᠡ ᠲᠡᠢᠨ ᠪᠣᠯᠤᠭᠰᠠᠨ ᠂ ᠲᠠᠪᠢᠳᠤᠭᠠᠷ ᠣᠷᠣᠨᠲᠤ ᠃
ᠶᠡᠬᠡ ᠬᠦᠴᠦᠨ ᠨᠢᠳᠦᠨ ᠠᠷᠪᠠᠨ ᠬᠦᠴᠦᠨ ᠨᠢᠳᠦᠨ ᠂ ᠲᠠᠪᠢᠨ ᠨᠢᠭᠡᠳᠦᠭᠡᠷ ᠣᠷᠣᠨᠲᠤ ᠃
ᠠᠰᠠᠷᠠᠬᠤᠢ ᠠᠷᠪᠠᠨ ᠶᠡᠬᠡ ᠬᠦᠴᠦᠨ ᠨᠢᠳᠦᠨ ᠂ ᠲᠠᠪᠢᠨ ᠬᠣᠶᠠᠳᠤᠭᠠᠷ ᠣᠷᠣᠨᠲᠤ ᠃
ᠶᠡᠬᠡ ᠠᠰᠠᠷᠠᠬᠤᠢ ᠠᠷᠪᠠᠨ ᠠᠰᠠᠷᠠᠬᠤᠢ ᠂ ᠲᠠᠪᠢᠨ ᠭᠤᠷᠪᠠᠳᠤᠭᠠᠷ ᠣᠷᠣᠨᠲᠤ ᠃
ᠨᠢᠭᠦᠯᠡᠰᠬᠦᠢ ᠠᠷᠪᠠᠨ ᠶᠡᠬᠡ ᠠᠰᠠᠷᠠᠬᠤᠢ ᠂ ᠲᠠᠪᠢᠨ ᠳᠥᠷᠪᠡᠳᠦᠭᠡᠷ ᠣᠷᠣᠨᠲᠤ ᠃
ᠶᠡᠬᠡ ᠨᠢᠭᠦᠯᠡᠰᠬᠦᠢ ᠠᠷᠪᠠᠨ ᠨᠢᠭᠦᠯᠡᠰᠬᠦᠢ ᠂ ᠲᠠᠪᠢᠨ ᠲᠠᠪᠤᠳᠤᠭᠠᠷ ᠣᠷᠣᠨᠲᠤ ᠃
ᠪᠠᠶᠠᠰᠬᠤᠢ ᠠᠷᠪᠠᠨ ᠶᠡᠬᠡ ᠨᠢᠭᠦᠯᠡᠰᠬᠦᠢ ᠂ ᠲᠠᠪᠢᠨ ᠵᠢᠷᠭᠤᠳᠤᠭᠠᠷ ᠣᠷᠣᠨᠲᠤ ᠃
ᠶᠡᠬᠡ ᠪᠠᠶᠠᠰᠬᠤᠢ ᠠᠷᠪᠠᠨ ᠪᠠᠶᠠᠰᠬᠤᠢ ᠂ ᠲᠠᠪᠢᠨ ᠳᠣᠯᠣᠳᠤᠭᠠᠷ ᠣᠷᠣᠨᠲᠤ ᠃
ᠲᠡᠭᠰᠢ ᠠᠷᠪᠠᠨ ᠶᠡᠬᠡ ᠪᠠᠶᠠᠰᠬᠤᠢ ᠂ ᠲᠠᠪᠢᠨ ᠨᠠᠢ᠍ᠮᠠᠳᠤᠭᠠᠷ ᠣᠷᠣᠨᠲᠤ ᠃
ᠶᠡᠬᠡ ᠲᠡᠭᠰᠢ ᠠᠷᠪᠠᠨ ᠲᠡᠭᠰᠢ ᠂ ᠲᠠᠪᠢᠨ ᠶᠢᠰᠦᠳᠦᠭᠡᠷ ᠣᠷᠣᠨᠲᠤ ᠃
ᠲᠣᠭᠠᠯᠠᠰᠢ ᠦᠭᠡᠢ ᠠᠷᠪᠠᠨ ᠶᠡᠬᠡ ᠲᠡᠭᠰᠢ ᠂ ᠵᠢᠷᠠᠳᠤᠭᠠᠷ ᠣᠷᠣᠨᠲᠤ ᠃
ᠬᠡᠮᠵᠢᠶᠡᠯᠡᠰᠢ ᠦᠭᠡᠢ ᠠᠷᠪᠠᠨ ᠲᠣᠭᠠᠯᠠᠰᠢ ᠦᠭᠡᠢ ᠂ᠵᠢᠷᠠᠨ ᠨᠢᠭᠡᠳᠦᠭᠡᠷ ᠣᠷᠣᠨᠲᠤ ᠃
ᠴᠠᠭᠯᠠᠰᠢ ᠦᠭᠡᠢ ᠠᠷᠪᠠᠨ ᠬᠡᠮᠵᠢᠶᠡᠯᠡᠰᠢ ᠦᠭᠡᠢ ᠂ ᠵᠢᠷᠠᠨ ᠬᠣᠶᠠᠳᠤᠭᠠᠷ ᠣᠷᠣᠨᠲᠤ ᠃
ᠥᠭᠦᠯᠡᠰᠢ ᠦᠭᠡᠢ ᠠᠷᠪᠠᠨ ᠴᠠᠭᠯᠠᠰᠢ ᠦᠭᠡᠢ ᠂ ᠵᠢᠷᠠᠨ ᠭᠤᠷᠪᠠᠳᠤᠭᠠᠷ ᠣᠷᠣᠨᠲᠤ ᠃
ᠬᠢᠷᠢᠯᠡᠰᠢ ᠦᠭᠡᠢ ᠠᠷᠪᠠᠨ ᠥᠭᠦᠯᠡᠰᠢ ᠦᠭᠡᠢ ᠂ ᠵᠢᠷᠠᠨ ᠳᠥᠷᠪᠡᠳᠦᠭᠡᠷ ᠣᠷᠣᠨᠲᠤ ᠃
ᠥᠯᠢᠰᠢ ᠦᠭᠡᠢ ᠠᠷᠪᠠᠨ ᠬᠢᠷᠢᠯᠡᠰᠢ ᠦᠭᠡᠢ ᠂ ᠵᠢᠷᠠᠨ ᠲᠠᠪᠤᠳᠤᠭᠠᠷ ᠣᠷᠣᠨᠲᠤ ᠃
ᠦᠯᠢᠵᠦ ᠳᠠᠭᠤᠰᠤᠰᠢ ᠦᠭᠡᠢ ᠠᠷᠪᠠᠨ ᠦᠯᠢᠰᠢ ᠦᠭᠡᠢ ᠂ ᠵᠢᠷᠠᠨ ᠵᠢᠷᠭᠤᠳᠤᠭᠠᠷ ᠣᠷᠣᠨᠲᠤ ᠃
ᠰᠡᠳᠬᠢᠰᠢ ᠦᠭᠡᠢ ᠠᠷᠪᠠᠨ ᠦᠯᠢᠵᠦ ᠳᠠᠭᠤᠰᠤᠰᠢ ᠦᠭᠡᠢ ᠂ ᠵᠢᠷᠠᠨ ᠳᠣᠯᠣᠳᠤᠭᠠᠷ ᠣᠷᠣᠨᠲᠤ ᠲᠣᠭ᠎ᠠ᠃
