ᠳᠠᠷᠠᠭ᠎ᠠ ᠥᠷᠲᠡᠭᠡ-ᠪ ∙ ᠰᠦᠮᠡᠨᠬᠤᠸᠠᠷДараа Өртөө-Б.Сүмэнхуар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠷᠠᠭ᠎ᠠ ᠥᠷᠲᠡᠭᠡ-ᠪ ∙ ᠰᠦᠮᠡᠨᠬᠤᠸᠠᠷДараа Өртөө-Б.Сүмэнхуар

ᠳᠠᠷᠠᠭ᠎ᠠ ᠥᠷᠲᠡᠭᠡ-ᠪ ∙ ᠰᠦᠮᠡᠨᠬᠤᠸᠠᠷДараа Өртөө-Б.Сүмэнхуар

ᠠᠩᠭᠢᠯᠠᠯ:ᠳᠠᠭᠤᠤ ᠬᠥᠭᠵᠢᠮ
2023-12-01

447

ᠳᠠᠷᠠᠭ᠎ᠠ ᠥᠷᠲᠡᠭᠡ

   ᠦᠭᠡ ᠠᠶ᠎ᠠ᠄ ᠰᠦᠮᠡᠨᠬᠤᠸᠠᠷ ᠥᠯᠵᠡᠢ 
   ᠳᠠᠭᠤᠴᠢᠨ᠄ ᠰᠦᠮᠡᠨᠬᠣᠸᠠᠷ 

ᠵᠡᠭᠦᠷᠮᠡᠭᠯᠡᠬᠦ ᠨᠣᠢᠷ ᠤ᠋ᠨ ᠳᠠᠷᠠᠭ᠎ᠠ 
ᠦᠵᠡᠰᠬᠦᠯᠡᠩᠲᠦ ᠥᠬᠢᠳ ᠦ᠋ᠨ ᠴᠢᠷᠠᠢ 
ᠵᠦᠢᠷᠯᠡᠰᠢ ᠦᠭᠡᠢ ᠬᠡᠮᠨᠡᠯ ᠥᠭᠡᠷ᠎ᠡ ᠪᠡᠷ 
ᠵᠦᠭᠡᠷ ᠳᠠᠭᠠᠭᠠᠳ ᠪᠥᠵᠢᠭᠡᠷᠡᠢ 

ᠮᠠᠷᠲᠠᠭᠳᠠᠭᠰᠠᠨ ᠳᠤᠷᠠᠰᠤᠮᠵᠢ ᠱᠠᠯ ᠥᠭᠡᠷ᠎ᠡ 
ᠮᠠᠷᠭᠠᠰᠢ ᠶ᠋ᠢᠨ ᠰᠢᠨ᠎ᠡ ᠨᠢᠭᠡ ᠶᠢᠷᠲᠢᠨᠴᠦ 
ᠮᠠᠭᠠᠳ ᠪᠦᠷ ᠥᠭᠡᠷ᠎ᠡ 
ᠥᠭᠡᠷ᠎ᠡ ᠨᠢᠭᠡ ᠮᠡᠳᠡᠷᠡᠮᠵᠢ 

ᠡᠷᠬᠢᠮᠰᠦᠭ ᠭᠤᠸ᠎ᠠ ᠳᠦᠷᠢ ᠪᠡᠨ ᠴᠢ ᠭᠦᠢᠴᠡᠳ ᠬᠠᠷᠠᠭᠤᠯ 
ᠡᠯᠳᠡᠪ ᠦ᠋ᠨ ᠪᠤᠵᠠᠷ ᠪᠣᠬᠢᠷ ᠠ᠋ᠴᠠ ᠥᠪᠡᠷ ᠢ᠋ ᠪᠡᠨ ᠴᠢ ᠬᠣᠯᠠᠳᠠᠭᠤᠯ 
ᠡᠩ ᠦ᠋ᠨ ᠪᠢᠰᠢ ᠪᠢᠳᠡᠨ ᠦ᠌ ᠤᠷᠢᠶ᠎ᠠ ᠬᠠᠮᠤᠭ ᠤ᠋ᠨ ᠬᠠᠩᠭᠢᠨᠠᠮ᠎ᠠ 
ᠡᠴᠦᠰ ᠦ᠋ᠨ ᠰᠢᠪᠲᠤᠯᠤᠯᠲᠠ ᠬᠦᠷᠦᠭᠡᠳ ᠢᠷᠡᠬᠦ ᠳ᠋ᠦ᠍ ᠳᠠᠭᠤ ᠮᠢᠨᠢ ᠴᠠᠩᠭᠢᠨᠠᠮ᠎ᠠ 

ᠣᠷᠬᠢᠭᠠᠴᠢ᠂ ᠥᠴᠥᠭᠡᠳᠦᠷ ᠦ᠋ᠨ ᠭᠤᠨᠢᠭ ᠢ᠋ᠶ᠋ᠠᠨ
ᠮᠠᠷᠲᠠᠭᠠᠴᠢ᠂ ᠴᠢᠮᠠᠢ ᠵᠣᠪᠠᠭᠠᠭᠰᠠᠨ ᠪᠦᠬᠦᠨ ᠢ᠋ᠶ᠋ᠡᠨ
ᠬᠠᠢᠯᠤᠭᠠᠴᠢ᠂ ᠮᠢᠨᠦ ᠬᠦᠰᠡᠯ ᠦ᠋ᠨ ᠬᠦᠦ ᠮᠢᠨᠢ
ᠤᠮᠪᠠᠭᠠᠴᠢ᠂ ᠮᠢᠨᠦ ᠬᠠᠢᠷ᠎ᠠ ᠶ᠋ᠢᠨ ᠨᠠᠭᠤᠷ ᠲᠤ
ᠵᠢᠷᠦᠬᠡ ᠰᠡᠳᠬᠢᠯ ᠳ᠋ᠦ᠍ ᠥᠪᠡᠷ ᠦ᠋ᠨ ᠬᠥᠮᠦᠨ ᠢ᠋ᠶ᠋ᠡᠨ ᠣᠯᠤᠭᠰᠠᠨ ᠳᠠᠷᠠᠭ᠎ᠠ
ᠭᠡᠷᠡᠯ ᠢᠯᠴᠢ ᠪᠡᠨ ᠴᠢᠮ᠎ᠠ ᠳ᠋ᠠᠭᠠᠨ ᠥᠭᠭᠦᠶ᠎ᠡ ᠬᠠᠢᠷ᠎ᠠ ᠶ᠋ᠢᠨ ᠨᠠᠷᠠᠨ
ᠬᠠᠷᠠᠨ ᠬᠠᠷᠠᠨ ᠶᠠᠭᠠᠷᠠᠨ ᠶᠠᠭᠠᠷᠠᠨ
ᠲᠠᠭᠠᠷᠠᠨ ᠲᠠᠭᠠᠷᠠᠨ ᠳᠠᠭᠠᠷᠢᠨ ᠳᠠᠭᠠᠷᠢᠨ
ᠳᠠᠷᠠᠭ᠎ᠠ ᠥᠷᠲᠡᠭᠡ ᠳ᠋ᠦ᠍ ᠠᠭᠤᠯᠵᠠᠶ᠎ᠠ
ᠬᠡᠢ ᠬᠣᠭᠣᠰᠣᠨ ᠳ᠋ᠤ᠌ ᠪᠠᠷᠢᠭᠳᠠᠭᠰᠠᠨ ᠬᠡᠢᠰᠪᠦᠷᠢ ᠬᠡᠳᠦᠨ ᠵᠢᠯ
ᠬᠡᠮᠨᠡᠯ ᠠᠶ᠎ᠠ ᠳ᠋ᠤ᠌ ᠬᠥᠲᠥᠯᠦᠭᠳᠡᠨ ᠬᠢᠭᠡᠳ ᠢᠷᠡᠭᠰᠡᠨ ᠦᠢᠯᠡ
ᠠᠩᠬ᠎ᠠ ᠲᠠᠢᠰᠠ ᠶ᠋ᠢ ᠴᠢᠭᠯᠡᠵᠦ ᠭᠠᠷᠬᠤ ᠳ᠋ᠤ᠌ ᠢᠴᠢᠵᠦ ᠪᠠᠢᠭᠰᠠᠨ ᠨᠢ ᠢᠯᠡ
ᠠᠯᠬᠤᠮ ᠪᠦᠷᠢ ᠳ᠋ᠦ᠍ ᠪᠡᠨ ᠲᠡᠭᠦᠨ ᠢ᠋ ᠪᠡᠨ ᠴᠢ ᠲᠤᠷᠰᠢᠯᠭ᠎ᠠ ᠪᠣᠯᠭᠠᠨ ᠬᠡᠯᠡ

ᠵᠢᠷᠦᠬᠡ ᠰᠡᠳᠬᠢᠯ ᠪᠣᠳᠣᠯ ᠭᠤᠷᠪᠠ ᠪᠠᠢᠷᠢ ᠪᠠᠨ ᠣᠯᠳᠠᠭ ᠦᠭᠡᠢ
ᠵᠡᠭᠦᠳᠦᠨ ᠳ᠋ᠦ᠍ ᠬᠠᠷᠠᠭᠰᠠᠨ ᠦᠵᠡᠮᠵᠢ ᠶ᠋ᠢ ᠴᠢ ᠬᠠᠢᠭᠠᠳ ᠣᠯᠳᠠᠭ ᠦᠭᠡᠢ
ᠵᠢᠳᠬᠦᠬᠦ ᠵᠣᠷᠢᠭ ᠬᠦᠰᠡᠯ ᠪᠣᠳᠣᠯ ᠵᠦᠭ ᠢ᠋ᠶ᠋ᠡᠨ ᠠᠯᠳᠠᠳᠠᠭ ᠦᠭᠡᠢ
ᠵᠥᠪᠬᠡᠨ ᠥᠪᠡᠷ ᠲᠦ ᠪᠡᠨ ᠦᠨᠡᠨᠴᠢ ᠪᠠᠢᠬᠤ ᠶ᠋ᠢ ᠶᠡᠷᠦᠳᠡᠭᠡᠨ ᠬᠡᠨ ᠴᠦ᠍ ᠪᠠᠲᠤᠯᠠᠭ᠎ᠠ ᠦᠭᠡᠢ

ᠡᠩᠭᠡᠷ ᠳᠦᠭᠦᠷᠡᠩ ᠮᠧᠲ᠋ᠠᠯ ᠵᠡᠭᠦᠬᠦ ᠶ᠋ᠢ ᠬᠦᠰᠡᠨ ᠮᠥᠷᠥᠭᠡᠳᠦᠭ
ᠬᠡᠩᠭᠡᠷᠭᠡ ᠳᠡᠯᠡᠳᠦᠨ ᠢᠯᠠᠯᠲᠠ ᠢᠷᠡᠬᠦ ᠳ᠋ᠦ᠍ ᠲᠦᠮᠡᠨ ᠳ᠋ᠦ᠍ ᠴᠤᠤᠷᠢᠶᠠᠲᠤᠭ
ᠬᠢᠭᠰᠡᠨ ᠪᠦᠬᠦᠨ ᠳ᠋ᠦ᠍ ᠪᠡᠨ ᠡᠵᠡᠨ ᠰᠠᠭᠤᠬᠤ ᠶ᠋ᠢ ᠬᠢᠴᠢᠶᠡᠳᠡᠭ
ᠬᠡᠯᠡᠪᠡᠯ ᠦᠭᠡ ᠭᠢᠰᠬᠢᠪᠡᠯ ᠭᠠᠵᠠᠷ᠂ ᠣᠳᠣ ᠵᠣᠷᠢᠭᠰᠠᠨ ᠳ᠋ᠠᠭᠠᠨ ᠴᠢ ᠬᠥᠷ

ᠮᠠᠷᠲᠠᠭᠳᠠᠭᠰᠠᠨ ᠳᠤᠷᠠᠰᠤᠮᠵᠢ ᠱᠠᠯ ᠥᠭᠡᠷ᠎ᠡ
ᠮᠠᠷᠭᠠᠰᠢ ᠶ᠋ᠢᠨ ᠰᠢᠨ᠎ᠡ ᠨᠢᠭᠡ ᠶᠢᠷᠲᠢᠨᠴᠦ
ᠮᠠᠭᠠᠳ ᠦᠭᠡᠢ ᠪᠦᠷ ᠥᠭᠡᠷ᠎ᠡ
ᠥᠭᠡᠷ᠎ᠡ ᠨᠢᠭᠡ ᠮᠡᠳᠡᠷᠡᠮᠵᠢ

ᠣᠷᠬᠢᠭᠠᠴᠢ᠂ ᠥᠴᠥᠭᠡᠳᠦᠷ ᠦ᠋ᠨ ᠭᠤᠨᠢᠭ ᠢ᠋ᠶ᠋ᠠᠨ
ᠮᠠᠷᠲᠠᠭᠠᠴᠢ᠂ ᠴᠢᠮᠠᠢ ᠵᠣᠪᠠᠭᠠᠭᠰᠠᠨ ᠪᠦᠬᠦᠨ ᠢ᠋ᠶ᠋ᠡᠨ
ᠬᠠᠢᠯᠤᠭᠠᠴᠢ᠂ ᠮᠢᠨᠦ ᠬᠦᠰᠡᠯ ᠦ᠋ᠨ ᠬᠦᠦ ᠮᠢᠨᠢ
ᠤᠮᠪᠠᠭᠠᠴᠢ᠂ ᠮᠢᠨᠦ ᠬᠠᠢᠷ᠎ᠠ ᠶ᠋ᠢᠨ ᠨᠠᠭᠤᠷ ᠲᠤ
ᠵᠢᠷᠦᠬᠡ ᠰᠡᠳᠬᠢᠯ ᠳ᠋ᠦ᠍ ᠥᠪᠡᠷ ᠦ᠋ᠨ ᠬᠥᠮᠦᠨ ᠢ᠋ᠶ᠋ᠡᠨ ᠣᠯᠤᠭᠰᠠᠨ ᠳᠠᠷᠠᠭ᠎ᠠ
ᠭᠡᠷᠡᠯ ᠢᠯᠴᠢ ᠪᠡᠨ ᠴᠢᠮ᠎ᠠ ᠳ᠋ᠠᠭᠠᠨ ᠥᠭᠭᠦᠶ᠎ᠡ ᠬᠠᠢᠷ᠎ᠠ ᠶ᠋ᠢᠨ ᠨᠠᠷᠠᠨ
ᠬᠠᠷᠠᠨ ᠬᠠᠷᠠᠨ ᠶᠠᠭᠠᠷᠠᠨ ᠶᠠᠭᠠᠷᠠᠨ
ᠲᠠᠭᠠᠷᠠᠨ ᠲᠠᠭᠠᠷᠠᠨ ᠳᠠᠭᠠᠷᠢᠨ ᠳᠠᠭᠠᠷᠢᠨ
ᠳᠠᠷᠠᠭ᠎ᠠ ᠥᠷᠲᠡᠭᠡ ᠳ᠋ᠦ᠍ ᠠᠭᠤᠯᠵᠠᠶ᠎ᠠ

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
   ᠬᠢᠨᠠᠭᠴᠢ᠄ ᠪᠠᠳᠠᠷᠠᠯᠲᠤ