ᠳᠣᠮᠣᠭᠲᠤ ᠠᠯᠲᠠᠨ᠌ᠡᠮᠡᠭᠡᠯ- ᠷᠠ᠊· ᠴᠢᠯᠠᠭᠤДомогт алтан-эмээл-Ра Чулуу
ᠳᠣᠮᠣᠭᠲᠤ ᠠᠯᠲᠠᠨ᠌ᠡᠮᠡᠭᠡᠯ
ᠷᠠ᠊· ᠴᠢᠯᠠᠭᠤ
ᠳᠡᠯᠡᠬᠡᠢ ᠳ᠋ᠦ᠍ ᠬᠣᠪᠣᠷᠬᠠᠨ ᠣᠷᠣᠰᠢᠳᠠᠭ ᠳᠣᠮᠣᠭᠲᠤ ᠠᠯᠲᠠᠨ ᠡᠮᠡᠭᠡᠯ
ᠳᠡᠯᠭᠡᠷ ᠠᠭᠤᠳᠠᠮ ᠦᠵᠦᠮᠦᠴᠢᠨ ᠦ᠌ ᠰᠢᠲᠦᠭᠡᠨ ᠲᠠᠬᠢᠯᠭᠠᠲᠤ ᠬᠠᠢᠷᠬᠠᠨ
ᠳᠠᠯᠠᠩ ᠰᠢᠮᠡᠲᠦ ᠰᠦᠷᠦᠭ ᠦ᠋ᠨ ᠥᠨᠢᠷ ᠥᠰᠦᠯᠲᠡ ᠶ᠋ᠢ ᠬᠤᠷᠤᠢᠯᠠᠭᠰᠠᠨ
ᠳᠡᠭᠵᠢᠷᠡᠬᠦ ᠮᠠᠨᠳᠤᠬᠤ ᠡᠷᠢᠨ ᠦ᠌ ᠪᠡᠯᠭᠡᠳᠡᠯ ᠪᠣᠯᠤᠭᠰᠠᠨ ᠡᠮᠡᠭᠡᠯ ᠠ᠋
ᠠᠯᠲᠠᠨ ᠡᠮᠡᠭᠡᠯ ᠪᠠᠢᠳᠠᠭ ᠢ᠋ ᠰᠣᠨᠣᠰᠴᠤ ᠥᠩᠭᠡᠷᠡᠭᠰᠡᠨ ᠡᠴᠡ ᠦᠵᠡᠭᠡ ᠦᠭᠡᠢ
ᠠᠷᠪᠠᠨ ᠭᠤᠷᠪᠠᠳᠤᠭᠠᠷ ᠵᠠᠭᠤᠨ ᠤ᠋ ᠨᠢᠭᠤᠴᠠ ᠲᠣᠪᠴᠢᠶᠠᠨ ᠳ᠋ᠤ᠌ ᠲᠡᠮᠳᠡᠭᠯᠡᠭᠳᠡᠭᠰᠡᠨ
ᠠᠭᠤᠤ ᠪᠠᠭᠠᠲᠤᠷ ᠴᠢᠩᠭᠢᠰ ᠵᠠᠮᠤᠬ᠎ᠠ ᠲᠠᠢ ᠪᠠᠢᠯᠳᠤᠵᠤ ᠶᠠᠪᠤᠬᠤ ᠳ᠋ᠠᠭᠠᠨ
ᠠᠷᠭᠤᠮᠠᠭ ᠬᠦᠯᠦᠭ ᠢ᠋ᠶ᠋ᠡᠨ ᠬᠥᠷᠪᠥᠭᠦᠯᠵᠦ ᠡᠮᠡᠭᠡᠯ ᠢ᠋ ᠨᠢ ᠡᠨᠳᠡ ᠲᠠᠯᠪᠢᠭᠰᠠᠨ ᠭᠡᠨ᠎ᠡ
ᠦᠵᠦᠮᠦᠴᠢᠨ ᠪᠡᠢᠯᠡ ᠶ᠋ᠢᠨ ᠨᠤᠲᠤᠭ ᠲᠤ ᠬᠠᠢᠷᠬᠠᠨ ᠪᠣᠯᠤᠨ ᠴᠢᠯᠠᠭᠤᠰᠢᠵᠤ
ᠦᠵᠡᠭᠰᠡᠨ ᠣᠴᠢᠭᠰᠠᠨ ᠲᠦᠮᠡᠨ ᠦ᠌ ᠬᠠᠷᠠᠭ᠎ᠠ ᠮᠢᠯᠢᠶᠠᠭᠰᠠᠨ ᠡᠮᠡᠭᠡᠯ ᠮᠢᠨᠢ
ᠥᠷᠭᠡᠨ ᠮᠣᠩᠭᠣᠯ ᠤᠭᠰᠠᠭᠠᠲᠠᠨ ᠤ᠋ ᠰᠦᠰᠦᠭ ᠪᠢᠰᠢᠷᠡᠯ ᠢ᠋ ᠲᠠᠲᠠᠭᠰᠠᠨ
ᠥᠷᠥᠨ᠎ᠡ ᠳᠣᠷᠣᠨ᠎ᠠ ᠳ᠋ᠤ᠌ ᠠᠯᠳᠠᠷᠰᠢᠬᠤ ᠠᠯᠲᠠᠨ ᠡᠮᠡᠭᠡᠯ ᠬᠠᠢᠷᠬᠠᠨ ᠢ᠋ᠶ᠋ᠠᠨ
ᠵᠥᠩᠨᠡᠯ ᠢᠷᠦᠭᠡᠯ ᠢᠪᠡᠭᠡᠳᠡᠭ ᠨᠠᠪᠳᠠᠭ ᠰᠠᠪᠳᠠᠭ ᠢ᠋ᠶ᠋ᠠᠷ ᠳᠡᠭᠡᠳᠦᠯᠡᠵᠦ
ᠵᠢᠭᠦᠷᠲᠡᠨ ᠰᠢᠪᠠᠭᠤᠳ ᠥᠩᠭᠡᠷᠡᠬᠦ ᠳ᠋ᠦ᠍ ᠴᠦ᠍ ᠰᠡᠭᠦᠳᠡᠷ ᠨᠢ ᠲᠤᠰᠬᠤ ᠠ᠋ᠴᠠ ᠬᠠᠷᠠᠮᠨᠠᠨ
ᠵᠢᠷᠦᠬᠡ ᠰᠡᠳᠬᠢᠯ ᠳ᠋ᠡᠭᠡᠨ ᠳᠠᠭᠠᠳᠬᠠᠨ ᠵᠠᠯᠪᠠᠷᠢᠵᠤ ᠰᠢᠲᠦᠳᠡᠭ ᠦ᠋ᠨ ᠤᠴᠢᠷ
ᠵᠥᠷᠢᠭᠡᠳ ᠭᠠᠷᠬᠤ ᠠᠶᠠᠨᠴᠢᠨ ᠴᠤ᠌ ᠲᠡᠷᠭᠡᠨ ᠡᠴᠡ ᠪᠡᠨ ᠪᠠᠭᠤᠵᠤ ᠮᠥᠷᠭᠥᠳᠡᠭ ᠭᠡᠨ᠎ᠡ
ᠮᠥᠩᠬᠡ ᠲᠩᠷᠢ ᠡᠴᠡ ᠰᠣᠶᠣᠷᠬᠠᠭᠰᠠᠨ ᠰᠢᠳᠢᠲᠦ ᠠᠯᠲᠠᠨ ᠡᠮᠡᠭᠡᠯ ᠦ᠋ᠨ ᠮᠢᠨᠢ
ᠮᠥᠩᠭᠥᠨ ᠳᠠᠷᠤᠯᠭ᠎ᠠ ᠰᠢᠭ᠋ ᠮᠡᠯᠳᠡᠷᠡᠭᠰᠡᠨ ᠬᠦᠷᠢᠶᠡᠲᠦ ᠭᠤᠷᠪᠠᠨ ᠨᠠᠭᠤᠷ ᠮᠢᠨᠢ
ᠮᠤᠯᠲᠤᠷᠠᠰᠢ ᠦᠭᠡᠢ ᠪᠡᠬᠢᠯᠢᠭ ᠣᠯᠣᠩ ᠵᠢᠷᠢᠮ ᠰᠢᠭ ᠰᠤᠩᠭᠤᠢᠵᠤ
ᠮᠡᠯᠮᠡᠯᠵᠡᠨ ᠲᠤᠨᠤᠯᠵᠠᠨ ᠤᠷᠤᠰᠬᠤ ᠬᠠᠷᠠᠭᠠᠨᠠᠲᠤ ᠢᠲᠠᠭᠤᠳᠤ ᠶ᠋ᠢᠨ ᠭᠣᠣᠯ ᠮᠢᠨᠢ
ᠨᠠᠷᠠ ᠲᠤᠨᠤᠷᠠᠵᠤ ᠬᠥᠯᠥᠷᠡᠭᠰᠡᠨ ᠬᠠᠢᠯᠠᠰᠤᠲᠤ ᠭᠦᠢᠯᠡᠰᠦᠲᠦ ᠪᠦᠭᠦᠷᠭᠡ ᠲᠡᠢ
ᠰᠠᠷ᠎ᠠ ᠮᠡᠯᠡᠷᠡᠵᠦ ᠬᠣᠨᠣᠭᠰᠠᠨ ᠴᠠᠪᠴᠢᠶᠠᠲᠤ ᠨᠠᠢ᠍ᠮᠠᠨ ᠬᠥᠪᠡᠭᠡ ᠲᠡᠢ
ᠰᠦ ᠲᠣᠭᠲᠠᠵᠤ ᠵᠥᠬᠡᠬᠡᠢᠷᠡᠭ᠌ᠰᠡᠨ ᠬᠣᠣᠰ ᠯᠤᠤ ᠶ᠋ᠢᠨ ᠳᠥᠷᠥᠭᠡ ᠲᠡᠢ
ᠰᠡᠭᠦᠳᠡᠷ ᠰᠢᠪᠡᠷᠡᠵᠦ ᠨᠠᠮᠢᠷᠠᠭᠰᠠᠨ ᠬᠣᠷᠢᠨ ᠳᠥᠷᠪᠡᠨ ᠭᠠᠨᠵᠤᠭ᠎ᠠ ᠲᠠᠢ
ᠪᠠᠢᠭᠠᠯᠢ ᠶ᠋ᠢᠨ ᠲᠠᠩᠰᠤᠭ ᠦᠵᠡᠮᠵᠢ ᠶ᠋ᠢ ᠪᠠᠭᠲᠠᠭᠠᠵᠤ ᠬᠠᠩᠬᠠᠢᠭᠰᠠᠨ ᠡᠮᠡᠭᠡᠯ
ᠪᠠᠯᠠᠷ ᠡᠷᠲᠡᠨ ᠦ᠌ ᠳᠣᠮᠣᠭ ᠢ᠋ ᠠᠮᠢᠯᠠᠭᠤᠯᠵᠤ ᠰᠡᠬᠦᠢᠭᠰᠡᠨ ᠡᠮᠡᠭᠡᠯ
ᠪᠠᠳᠮ᠎ᠠ ᠶ᠋ᠢᠨ ᠲᠣᠷᠭᠠᠨ ᠬᠡᠮᠡᠷᠯᠢᠭ ᠳᠡᠭᠡᠷ᠎ᠡ ᠨᠠᠯᠠᠢᠵᠤ ᠰᠠᠭᠠᠲᠠᠭᠰᠠᠨ ᠡᠮᠡᠭᠡᠯ
ᠪᠠᠭᠠᠲᠤᠷ ᠴᠢᠩᠭᠢᠰ ᠦ᠋ᠨ ᠲᠡᠦᠬᠡ ᠲᠡᠢ ᠥᠪ ᠰᠣᠶᠣᠯ ᠤ᠋ᠨ ᠡᠮᠡᠭᠡᠯ ᠢ᠋ᠶ᠋ᠡᠨ
ᠲᠠᠪᠤᠨ ᠰᠠᠷ᠎ᠠ ᠶ᠋ᠢᠨ ᠠᠷᠪᠠᠳ ᠢ᠋ᠶ᠋ᠠᠷ ᠲᠠᠬᠢᠯᠭ᠎ᠠ ᠨᠠᠢᠷ ᠢ᠋ᠶ᠋ᠠᠷ ᠪᠠᠶᠠᠰᠬᠠᠵᠤ
ᠲᠠᠷᠠᠭ ᠴᠡᠭᠡ ᠡᠷᠭᠦᠵᠦ ᠠᠯᠲᠠᠨ ᠡᠮᠡᠭᠡᠯ ᠢ᠋ᠶ᠋ᠡᠨ ᠮᠢᠯᠢᠶᠠᠨᠠᠮ
ᠲᠠᠩᠰᠤᠭ ᠪᠠᠶᠠᠨ ᠠᠮᠢᠳᠤᠷᠠᠯ ᠤ᠋ᠨ ᠬᠡᠰᠢᠭ ᠪᠤᠶᠠᠨ ᠢ᠋ ᠭᠤᠶᠤᠨᠠᠮ
ᠲᠠᠪᠢᠯᠠᠩ ᠵᠠᠶᠠᠭ᠎ᠠ ᠬᠡᠢᠮᠣᠷᠢ ᠮᠢᠨᠢ ᠮᠠᠨᠳᠤᠨ ᠮᠠᠨᠳᠤᠬᠤ ᠪᠣᠯᠲᠤᠭᠠᠢ
ᠠᠯᠲᠠᠨ ᠡᠮᠡᠭᠡᠯ ᠮᠢᠨᠢ ᠥᠷᠥᠰᠢᠶᠡ ᠬᠤᠷᠤᠢ ᠬᠤᠷᠤᠢ ᠬᠤᠷᠤᠢ!
ᠠᠮᠢᠲᠠᠨ ᠵᠢᠷᠭᠤᠭᠠᠨ ᠵᠦᠢᠯ ᠠᠮᠤᠷ ᠠᠮᠤᠭᠤᠯᠠᠩ ᠪᠠᠢᠲᠤᠭᠠᠢ ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ ᠡᠮᠡᠭᠡᠯ ᠬᠠᠢᠷᠬᠠᠨ ᠮᠢᠨᠢ ᠥᠷᠥᠰᠢᠶᠡ!
2023.11.28᠂ ᠤᠯᠢᠶᠠᠰᠤᠲᠠᠢ ᠪᠠᠯᠭᠠᠰᠤᠨ ᠳ᠋ᠤ᠌
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠰᠡᠬᠡᠭᠡᠷᠡᠯ᠂ ᠭᠠᠷᠮ᠎ᠠ᠂ ᠵ᠂ ᠪᠤᠶᠠᠨᠲᠣᠭᠲᠠᠬᠤ
