ᠰᠠᠷᠠᠨ ᠤ᠋ ᠭᠡᠭᠡᠨ ᠠᠶᠠᠯᠭᠤ- ᠣᠶᠤᠨᠬᠡᠰᠢᠭСарны гэгээн аялгуу-оюунхишиг
ᠰᠠᠷᠠᠨ ᠤ᠋ ᠭᠡᠭᠡᠨ ᠠᠶᠠᠯᠭᠤ
ᠦᠭᠡ ᠄ ᠫ ᠣᠶᠤᠨᠬᠡᠷᠡᠯ
ᠠᠶ᠎ᠠ᠄ ᠪᠦᠷᠢᠨᠪᠠᠶᠠᠷ
ᠳᠠᠭᠤᠯᠠᠭᠰᠠᠨ ᠨᠢ᠄ ᠣᠶᠤᠨᠬᠡᠰᠢᠭ
ᠭᠠᠯᠪᠢᠷ ᠽᠠᠨᠳᠠᠨ ᠨᠠᠰᠤᠨ ᠤ᠋ ᠮᠢᠨᠢ
ᠠᠩᠬᠠᠨ ᠤ᠋ ᠭᠡᠭᠡᠨ ᠳᠤᠷᠠᠯᠠᠯ ᠮᠢᠨᠢ
ᠵᠢᠷᠦᠬᠡ ᠵᠢᠷᠦᠬᠡ ᠪᠡᠨ ᠬᠣᠯᠪᠣᠭᠰᠠᠨ
ᠵᠡᠭᠦᠳᠦᠨ ᠦ᠌ ᠠᠮᠠᠷᠠᠭ ᠬᠠᠨᠢ ᠮᠢᠨᠢ ᠳᠡ
ᠳᠠᠬᠢᠯᠲᠠ
ᠠᠢ ᠰᠠᠨᠠᠭᠰᠠᠨ ᠳᠠ ᠴᠢᠮᠠᠶ᠋ᠢ ᠪᠠᠨ
ᠰᠠᠷᠠᠨ ᠤ᠋ ᠭᠡᠭᠡᠨ ᠠᠶᠠᠯᠭᠤ ᠮᠢᠨᠢ
ᠬᠣᠩᠭᠣᠷᠬᠠᠨ ᠵᠠᠯᠠᠭᠤ ᠨᠠᠰᠤᠨ ᠳ᠋ᠠᠭᠠᠨ
ᠬᠣᠷᠸ᠎ᠠ ᠶ᠋ᠢ ᠣᠷᠬᠢᠬᠤ ᠶ᠋ᠢ ᠭᠦᠦᠷᠡᠭᠡ ᠦᠭᠡᠢ
ᠬᠣᠯᠠ ᠶ᠋ᠢᠨ ᠤᠷᠲᠤ ᠠᠶᠠᠨ ᠢ᠋ ᠪᠡᠨ
ᠭᠠᠭᠴᠠᠭᠠᠷ ᠲᠤᠭᠤᠯᠬᠤ ᠶ᠋ᠢ ᠮᠡᠳᠡᠭᠰᠡᠨ ᠦᠭᠡᠢ
ᠳᠠᠬᠢᠯᠲᠠ
ᠠᠢ ᠰᠠᠨᠠᠭᠰᠠᠨ ᠳᠠ ᠴᠢᠮᠠᠶ᠋ᠢ ᠪᠠᠨ
ᠰᠠᠭᠠᠭ ᠤ᠋ᠨ ᠳᠡᠷᠡ ᠪᠡᠨ ᠳᠡᠪᠲᠦᠲᠡᠯ᠎ᠡ ᠰᠠᠨᠠᠯ᠎ᠠ
ᠬᠠᠪᠤᠷ ᠤ᠋ᠨ ᠤᠷᠢᠨ ᠳ᠋ᠤ᠌ ᠬᠠᠢᠯᠠᠩᠬᠠᠨ
ᠨᠠᠮᠤᠷ ᠤ᠋ᠨ ᠥᠩᠭᠡᠨ ᠳ᠋ᠦ᠍ ᠭᠡᠭᠡᠯᠵᠡᠩᠬᠡᠨ
ᠴᠠᠰᠤ ᠪᠣᠷᠣᠭᠠᠨ ᠢ᠋ᠶ᠋ᠠᠷ ᠤᠶᠠᠷᠠᠩᠬᠠᠨ
ᠰᠠᠨᠴᠢᠭ ᠢ᠋ᠶ᠋ᠠᠨ ᠴᠠᠢᠲᠠᠯ᠎ᠠ ᠦᠭᠡᠢᠯᠡᠭᠰᠡᠨ ᠳᠡ
ᠳᠠᠬᠢᠯᠲᠠ
ᠠᠢ ᠰᠠᠨᠠᠭᠰᠠᠨ ᠳᠠ ᠴᠢᠮᠠᠶ᠋ᠢ ᠪᠠᠨ
ᠰᠠᠷᠠᠨ ᠤ᠋ ᠭᠡᠭᠡ ᠶ᠋ᠢ ᠴᠠᠪᠠ ᠰᠠᠭᠤᠲᠠᠯ᠎ᠠ ᠰᠠᠨᠠᠯ᠎ᠠ
ᠰᠠᠢᠬᠠᠨ ᠬᠠᠨᠢ ᠶ᠋ᠢᠨ ᠮᠢᠨᠢ ᠬᠠᠢᠷ᠎ᠠ ᠨᠢ
ᠰᠠᠷᠠᠨ ᠤ᠋ ᠭᠡᠭᠡᠨ ᠠᠶᠠᠯᠭᠤ ᠪᠢᠯᠡ
ᠬᠣᠪᠣᠷᠬᠠᠨ ᠵᠠᠶᠠᠭ᠎ᠠ ᠶ᠋ᠢ ᠮᠢᠨᠢ ᠬᠣᠯᠪᠣᠭᠰᠠᠨ
ᠬᠣᠢᠲᠤ ᠲᠥᠷᠥᠯ ᠦ᠋ᠨ ᠲᠠᠩᠭᠠᠷᠢᠭ ᠮᠢᠨᠢ ᠳᠡ
ᠳᠠᠬᠢᠯᠲᠠ
ᠠᠢ ᠰᠠᠨᠠᠭᠰᠠᠨ ᠳᠠ ᠴᠢᠮᠠᠶ᠋ᠢ ᠪᠠᠨ
ᠨᠢᠯᠪᠤᠰᠤ ᠪᠠᠨ ᠴᠠᠷᠴᠠᠲᠠᠯ᠎ᠠ ᠰᠠᠨᠠᠯ᠎ᠠ ᠳᠠ
( ᠬᠣᠶᠠᠷ ᠤᠳᠠᠭ᠎ᠠ ᠳᠠᠭᠤᠯᠠᠨ᠎ᠠ)
ᠦᠰᠦᠭ ᠠᠮᠢᠯᠠᠭᠤᠯᠤᠭᠴᠢ᠄ ᠣᠳᠬᠠᠨᠰᠣ᠎ᠠ
ᠦᠰᠦᠭ ᠬᠠᠳᠠᠭᠴᠢ᠄ ᠲᠣᠳᠣᠭᠡᠷᠡᠯ
ᠬᠢᠨᠠᠭᠴᠢ᠄ ᠫ· ᠣᠶᠤᠨᠭᠡᠷᠡᠯ
