ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 12 > Хөх зул – Боржигон Ванжал –" Хоёр ᠂ Төрөл садны дуудлагын бүлэг " 12 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 12 > Хөх зул – Боржигон Ванжал –" Хоёр ᠂ Төрөл садны дуудлагын бүлэг " 12

ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 12 > Хөх зул – Боржигон Ванжал –" Хоёр ᠂ Төрөл садны дуудлагын бүлэг " 12

ᠠᠩᠭᠢᠯᠠᠯ:ᠵᠠᠩ ᠦᠢᠯᠡ
2023-11-30

507

ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 12

ᠦᠶ᠎ᠡ ᠢᠯᠭᠠᠬᠤ ᠪᠠ ᠨᠠᠰᠤ ᠢᠯᠭᠠᠬᠤ ᠶᠣᠰᠣᠨ Үе ялгах ба нас ялгах ёсон


ᠨᠠᠰᠤ ᠪᠠᠷ ᠢᠯᠭᠠᠵᠤ ᠳᠠᠭᠤᠳᠠᠬᠤ ᠶᠣᠰᠣᠨ 
       ᠶᠠᠰᠤᠨ ᠲᠥᠷᠥᠯ᠂ ᠴᠢᠰᠤᠨ ᠲᠥᠷᠥᠯ ( ᠨᠠᠭᠠᠴᠤ ) ᠂ ᠪᠦᠯᠦ ᠰᠠᠳᠤᠨ᠂ ᠨᠠᠭ᠎ᠠ ( ᠲᠠᠭᠠᠷ ) ᠰᠠᠳᠤᠨ ( ᠬᠥᠨᠳᠡᠯᠡᠨ ᠬᠡᠯᠬᠢᠶ᠎ᠡ ᠶ᠋ᠢ ᠪᠠᠭᠲᠠᠭᠠᠭᠰᠠ ) ᠶ᠋ᠢᠨ ᠠᠬ᠎ᠠ ᠳᠡᠭᠦᠦ᠂ ᠡᠡᠴᠢ ᠥᠬᠢᠨ ᠳᠡᠭᠦᠦ ᠶ᠋ᠢᠨ ᠶᠡᠬᠡ ᠪᠠᠭ᠎ᠠ ᠶ᠋ᠢ ᠪᠦᠷ ᠨᠠᠰᠤ ᠪᠠᠷ ᠢᠯᠭᠠᠨ᠎ᠠ᠃ ᠨᠠᠰᠤ ᠶᠡᠬᠡ ᠨᠢ ᠠᠬ᠎ᠠ ᠡᠭᠡᠴᠢ ᠪᠣᠯᠵᠤ᠂ ᠨᠠᠰᠤ ᠪᠠᠭ᠎ᠠ ᠨᠢ ᠳᠡᠭᠦᠦ ᠥᠬᠢᠨ ᠳᠡᠭᠦᠦ ᠪᠣᠯᠤᠨ᠎ᠠ᠃ ᠵᠢᠱ᠌ᠢᠶᠡᠯᠡᠪᠡᠯ ᠲᠥᠷᠥᠭᠰᠡᠨ ( ᠪᠤᠶᠤ ᠦᠶᠡᠯᠢᠳ ) ᠠᠬ᠎ᠠ᠂ ᠲᠥᠷᠥᠭᠰᠡᠨ ( ᠪᠤᠶᠤ ᠦᠶᠡᠯᠢᠳ ) ᠡᠭᠡᠴᠢ᠂ ᠨᠠᠭ᠎ᠠ ᠡᠭᠡᠴᠢ᠂ ᠪᠦᠯᠦ ᠠᠬ᠎ᠠ᠂ ᠪᠦᠯᠦ ᠡᠭᠡᠴᠢ ᠭᠡᠬᠦ ᠪᠤᠶᠤ ᠲᠥᠷᠥᠭᠰᠡᠨ ( ᠪᠤᠶᠤ ᠦᠶᠡᠯᠢᠳ ) ᠳᠡᠭᠦᠦ᠂ ᠲᠥᠷᠥᠭᠰᠡᠨ ( ᠪᠤᠶᠤ ᠦᠶᠡᠯᠢᠳ ) ᠥᠬᠢᠨ ᠳᠡᠭᠦᠦ᠂ ᠨᠠᠭ᠎ᠠ ᠳᠡᠭᠦᠦ᠂ ᠥᠬᠢᠨ ᠳᠡᠭᠦᠦ᠂ ᠪᠦᠯᠦ ᠳᠡᠭᠦᠦ᠂ ᠥᠬᠢᠨ ᠳᠡᠭᠦᠦ ᠭᠡᠬᠦ ᠮᠡᠲᠦ᠃ 
ᠠᠬ᠎ᠠ ᠳᠡᠭᠦᠦ ᠪᠤᠶᠤ ᠡᠭᠡᠴᠢ ᠥᠬᠢᠨ ᠳᠡᠭᠦᠦ ᠶ᠋ᠢ ᠳᠠᠭᠠᠭᠤᠯᠵᠤ ᠳᠠᠭᠤᠳᠠᠬᠤ ᠶᠣᠰᠣᠨ  
       ᠠᠬ᠎ᠠ ᠳᠡᠭᠦᠦ᠂ ᠡᠭᠡᠴᠢ ᠥᠬᠢᠨ ᠳᠡᠭᠦᠦ ( ᠨᠠᠭ᠎ᠠ ᠪᠠ ᠪᠦᠯᠦ ᠠᠬ᠎ᠠ ᠳᠡᠭᠦᠦ ᠡᠭᠡᠴᠢ ᠥᠬᠢᠨ ᠳᠡᠭᠦᠦ ᠮᠥᠨ ᠠᠳᠠᠯᠢ ) ᠶ᠋ᠢᠨ ᠡᠮ᠎ᠡ ᠪᠤᠶᠤ ᠡᠷ᠎ᠡ ᠨᠥᠬᠥᠷ ᠢ᠋ ᠨᠠᠰᠤ ᠢᠯᠭᠠᠬᠤ ᠦᠭᠡᠢ ᠠᠬ᠎ᠠ ᠳᠡᠭᠦᠦ ᠡᠭᠡᠴᠢ ᠥᠬᠢᠨ ᠳᠡᠭᠦᠦ ᠪᠡᠨ ᠳᠠᠭᠠᠭᠤᠯᠤᠨ ᠳᠠᠭᠤᠳᠠᠨ᠎ᠠ᠃ ᠵᠢᠱ᠌ᠢᠶᠡᠯᠡᠪᠡᠯ᠂ ᠠᠬ᠎ᠠ ᠶ᠋ᠢᠨ ᠡᠮ᠎ᠡ : ᠪᠡᠷᠭᠡᠨ ᠦ᠌ ᠨᠠᠰᠤ ᠨᠢ ᠪᠡᠶ᠎ᠡ ᠡᠴᠡ ᠳᠡᠭᠦᠦ ᠪᠠᠢᠭᠰᠠᠨ ᠴᠤ᠌ ᠡᠭᠡᠴᠢ ᠪᠡᠷ ᠦᠵᠡᠨ ᠳᠠᠭᠤᠳᠠᠨ᠎ᠠ᠃ ᠳᠡᠭᠦᠦ ᠶ᠋ᠢᠨ ᠡᠮ᠎ᠡ ᠄ ᠳᠡᠭᠦᠦ ᠪᠡᠷᠢ ᠶ᠋ᠢᠨ ᠨᠠᠰᠤ ᠨᠢ ᠪᠡᠶ᠎ᠡ ᠡᠴᠡ ᠡᠭᠡᠴᠢ ᠪᠠᠢᠭᠰᠠᠨ ᠴᠤ᠌ ᠳᠡᠭᠦᠦ ᠪᠡᠷ ᠦᠵᠡᠨ᠎ᠡ᠃ ᠡᠭᠡᠴᠢ ᠶ᠋ᠢᠨ ᠡᠷ᠎ᠡ : ᠬᠦᠷᠭᠡᠨ ᠠᠬ᠎ᠠ ᠶ᠋ᠢᠨ ᠨᠠᠰᠤ ᠨᠢ ᠪᠡᠶ᠎ᠡ ᠡᠴᠡ ᠳᠡᠭᠦᠦ ᠪᠠᠢᠭᠰᠠᠨ ᠴᠤ᠌ ᠠᠬ᠎ᠠ ᠪᠠᠷ ᠦᠵᠡᠨ᠎ᠡ᠃ ᠥᠬᠢᠨ ᠳᠡᠭᠦᠦ ᠶ᠋ᠢᠨ ᠡᠷ᠎ᠡ ᠄ ᠳᠡᠭᠦᠦ ᠬᠦᠷᠭᠡᠨ ᠦ᠌ ᠨᠠᠰᠤ ᠨᠢ ᠪᠡᠶ᠎ᠡ ᠡᠴᠡ ᠠᠬ᠎ᠠ ᠪᠠᠢᠭᠰᠠᠨ ᠴᠤ᠌ ᠳᠡᠭᠦᠦ ᠪᠡᠷ ᠦᠵᠡᠨ᠎ᠡ᠃ 
       ᠡᠢᠨ ᠬᠦ᠌ ᠴᠢᠨᠠᠭᠰᠢᠯᠠᠪᠠᠯ ᠄ ①  ᠪᠡᠷᠭᠡᠨ ᠪᠠ ᠬᠦᠷᠭᠡᠨ ᠠᠬ᠎ᠠ ᠶ᠋ᠢᠨ ᠠᠬ᠎ᠠ ᠪᠠ ᠡᠭᠡᠴᠢ ᠶ᠋ᠢᠨ ᠨᠠᠰᠤ ᠨᠢ ᠪᠡᠶ᠎ᠡ ᠡᠴᠡ ᠳᠡᠭᠦᠦ ᠪᠠᠢᠭᠰᠠᠨ ᠴᠤ᠌ ᠬᠣᠲᠠ ᠠᠬ᠎ᠠ᠂ ᠬᠤᠳᠠᠭᠠᠢ ᠡᠭᠡᠴᠢ ᠭᠡᠵᠦ ᠳᠠᠭᠤᠳᠠᠨ᠎ᠠ᠃ ᠤᠴᠢᠷ ᠨᠢ ᠠᠬ᠎ᠠ ( ᠡᠭᠡᠴᠢ ) ᠲᠡᠳᠡ ᠨᠠᠷ ᠢ᠋ ᠬᠠᠳᠠᠮ ᠠᠬ᠎ᠠ᠂ ᠬᠠᠳᠠᠮ ᠡᠭᠡᠴᠢ ᠭᠡᠵᠦ ᠳᠠᠭᠤᠳᠠᠬᠤ ᠶᠤᠮ᠃ 
       ② ᠪᠡᠷᠭᠡᠨ ᠪᠠ ᠬᠦᠷᠭᠡᠨ ᠠᠬ᠎ᠠ ᠶ᠋ᠢᠨ ᠳᠡᠭᠦᠦ ᠪᠠ ᠥᠬᠢᠨ ᠳᠡᠭᠦᠦ ᠶ᠋ᠢ ᠨᠠᠰᠤ ᠢᠯᠭᠠᠵᠤ᠂ ᠪᠡᠶ᠎ᠡ ᠡᠴᠡ ᠨᠠᠰᠤ ᠠᠬ᠎ᠠ ᠶ᠋ᠢ ᠨᠢ ᠬᠣᠲᠠ ᠠᠬ᠎ᠠ ᠬᠤᠳᠠᠭᠠᠢ ᠡᠭᠡᠴᠢ ᠭᠡᠵᠦ᠂ ᠨᠠᠰᠤ ᠳᠡᠭᠦᠦ ᠶ᠋ᠢ ᠨᠢ ᠬᠣᠲᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠨ᠎ᠠ᠃ 
       ③ ᠳᠡᠭᠦᠦ ᠪᠡᠷᠢ ᠪᠠ ᠳᠡᠭᠦᠦ ᠬᠦᠷᠭᠡᠨ ᠦ᠌ ᠠᠬ᠎ᠠ ᠪᠠ ᠡᠭᠡᠴᠢ ᠶ᠋ᠢ ᠮᠥᠨ ᠨᠠᠰᠤ ᠢᠯᠭᠠᠵᠤ ᠪᠡᠶ᠎ᠡ ᠡᠴᠡ ᠠᠬ᠎ᠠ (ᠡᠭᠡᠴᠢ ) ᠶ᠋ᠢ ᠨᠢ ᠬᠣᠲᠠ ᠠᠬ᠎ᠠ ᠬᠤᠳᠠᠭᠠᠢ ᠡᠭᠡᠴᠢ ᠭᠡᠵᠦ᠂ ᠨᠠᠰᠤ ᠪᠠᠷ ᠳᠡᠭᠦᠦ (ᠥᠬᠢᠨ ᠳᠡᠭᠦᠦ ) ᠶ᠋ᠢ ᠨᠢ ᠬᠣᠲᠠ ᠳᠡᠭᠦᠦ ᠬᠤᠳᠠᠭᠠᠢ ᠥᠬᠢᠨ ᠳᠡᠭᠦᠦ ᠭᠡᠵᠦ ᠳᠠᠭᠤᠳᠠᠨ᠎ᠠ᠃
       ④ ᠳᠡᠭᠦᠦ ᠪᠡᠷᠢ ᠪᠠ ᠳᠡᠭᠦᠦ ᠬᠦᠷᠭᠡᠨ ᠦ᠌ ᠳᠡᠭᠦᠦ ᠪᠠ ᠥᠬᠢᠨ ᠳᠡᠭᠦᠦ ᠶ᠋ᠢᠨ ᠨᠠᠰᠤ ᠨᠢ ᠪᠡᠶ᠎ᠡ ᠡᠴᠡ ᠠᠬ᠎ᠠ ( ᠡᠭᠡᠴᠢ ) ᠪᠠᠢᠭᠰᠠᠨ ᠴᠤ᠌ ᠬᠣᠲᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠨ᠎ᠠ᠃ ᠤᠴᠢᠷ ᠨᠢ : ᠳᠡᠭᠦᠦ ᠥᠬᠢᠨ ᠳᠡᠭᠦᠦ ᠲᠡᠳᠡ ᠨᠠᠷ ᠢ᠋ ᠬᠦᠷᠢ ᠳᠡᠭᠦᠦ ( ᠬᠠᠳᠠᠮ ᠳᠡᠭᠦᠦ ) ᠂ ᠬᠦᠷᠢ ᠥᠬᠢᠨ ᠳᠡᠭᠦᠦ ( ᠬᠠᠳᠠᠮ ᠥᠬᠢᠨ ᠳᠡᠭᠦᠦ )  ᠭᠡᠵᠦ ᠳᠠᠭᠤᠳᠠᠵᠤ ᠪᠣᠢ ᠶ᠋ᠢᠨ ᠬᠠᠷᠠᠭ᠎ᠠ᠃ 
ᠡᠷ᠎ᠡ ᠡᠮ᠎ᠡ ᠬᠠᠷᠢᠯᠴᠠᠨ ᠨᠢᠭᠡ ᠨᠢᠭᠡᠨ ᠢ᠋ᠶ᠋ᠡᠨ ᠳᠠᠭᠠᠵᠤ ᠳᠠᠭᠤᠳᠠᠬᠤ ᠶᠣᠰᠣᠨ   
       ᠡᠷ᠎ᠡ ᠡᠮ᠎ᠡ ᠬᠠᠷᠢᠯᠴᠠᠨ᠂ ᠡᠮ᠎ᠡ ᠨᠢ ᠡᠷ᠎ᠡ ᠪᠡᠨ ᠳᠠᠭᠠᠵᠤ᠂ ᠡᠷ᠎ᠡ ᠨᠢ ᠡᠮ᠎ᠡ ᠪᠡᠨ ᠳᠠᠭᠠᠵᠤ ᠳᠠᠭᠤᠳᠠᠨ᠎ᠠ᠃ ᠡᠭᠦᠨ ᠳ᠋ᠦ᠍ ᠪᠦᠷ ᠨᠠᠰᠤ ᠢᠯᠭᠠᠬᠤ ᠦᠭᠡᠢ᠃ ᠵᠢᠱ᠌ᠢᠶᠡᠯᠡᠪᠡᠯ : ᠡᠷ᠎ᠡ ᠶ᠋ᠢᠨ ᠠᠬ᠎ᠠ ᠂ ᠡᠭᠡᠴᠢ ᠶ᠋ᠢᠨ ᠨᠠᠰᠤ ᠨᠢ ᠡᠮ᠎ᠡ ᠡᠴᠡ ᠨᠢ ᠳᠡᠭᠦᠦ ᠪᠠᠢᠭᠰᠠᠨ ᠴᠤ᠌ ᠡᠮ᠎ᠡ ᠨᠢ ᠬᠠᠳᠠᠮ ᠠᠬ᠎ᠠ᠂ ᠬᠠᠳᠠᠮ ᠡᠭᠡᠴᠢ ᠭᠡᠵᠦ ᠳᠠᠭᠤᠳᠠᠨ᠎ᠠ᠃ ᠡᠷ᠎ᠡ ᠶ᠋ᠢᠨ ᠳᠡᠭᠦᠦ ( ᠥᠬᠢᠨ ᠳᠡᠭᠦᠦ ) ᠶ᠋ᠢᠨ ᠨᠠᠰᠤ ᠨᠢ ᠡᠮ᠎ᠡ ᠡᠴᠡ ᠨᠢ ᠠᠬ᠎ᠠ ᠪᠤᠶᠤ ᠡᠭᠡᠴᠢ ᠪᠠᠢᠭᠰᠠᠨ ᠴᠤ᠌ ᠡᠮ᠎ᠡ ᠨᠢ ᠬᠠᠳᠠᠮ ᠳᠡᠭᠦᠦ᠂ ᠬᠠᠳᠠᠮ ᠥᠬᠢᠨ ᠳᠡᠭᠦᠦ ᠭᠡᠵᠦ ᠳᠠᠭᠤᠳᠠᠨ᠎ᠠ᠃ ᠮᠥᠨ ᠡᠨᠡ ᠶᠣᠰᠣ ᠪᠠᠷ ᠡᠮ᠎ᠡ ᠶ᠋ᠢᠨ ᠠᠬ᠎ᠠ ᠡᠭᠡᠴᠢ ᠶ᠋ᠢᠨ ᠨᠠᠰᠤ ᠨᠢ ᠡᠷ᠎ᠡ ᠡᠴᠡ ᠳᠡᠭᠦᠦ ᠪᠠᠢᠭᠰᠠᠨ ᠴᠤ᠌ ᠡᠷ᠎ᠡ ᠨᠢ ᠲᠡᠳᠡᠨ ᠢ᠋ ᠬᠠᠳᠠᠮ ᠠᠬ᠎ᠠ᠂ ᠬᠠᠳᠠᠮ ᠡᠭᠡᠴᠢ ᠭᠡᠵᠦ ᠳᠠᠭᠤᠳᠠᠨ᠎ᠠ᠃ ᠡᠮ᠎ᠡ ᠶ᠋ᠢᠨ ᠳᠡᠭᠦᠦ᠂ ᠥᠬᠢᠨ ᠳᠡᠭᠦᠦ ᠶ᠋ᠢᠨ ᠨᠠᠰᠤ ᠨᠢ ᠡᠷ᠎ᠡ ᠡᠴᠡ ᠨᠢ ᠠᠬ᠎ᠠ ᠪᠤᠶᠤ ᠡᠭᠡᠴᠢ ᠪᠠᠢᠭᠰᠠᠨ ᠴᠤ᠌ ᠡᠷ᠎ᠡ ᠨᠢ ᠲᠡᠳᠡᠨ ᠢ᠋ ᠬᠦᠷᠢ ᠳᠡᠭᠦᠦ ᠂ ᠬᠦᠷᠢ ᠥᠬᠢᠨ ᠳᠡᠭᠦᠦ ᠭᠡᠵᠦ ᠳᠠᠭᠤᠳᠠᠨ᠎ᠠ᠃ 
ᠦᠶ᠎ᠡ ᠢᠯᠭᠠᠵᠤ ᠨᠠᠰᠤ ᠢᠯᠭᠠᠬᠤ ᠦᠭᠡᠢ ᠶᠣᠰᠣᠨ  
       ᠵᠠᠷᠢᠮ ᠨᠢ ᠦᠶ᠎ᠡ ᠶ᠋ᠢ ᠴᠢᠩᠭ᠎ᠠ ᠢᠯᠭᠠᠵᠤ ᠨᠠᠰᠤ ᠶ᠋ᠢ ᠢᠯᠭᠠᠬᠤ ᠦᠭᠡᠢ ᠪᠠᠢᠳᠠᠭ᠃ ᠵᠢᠱ᠌ᠢᠶᠡᠯᠡᠪᠡᠯ᠄ ᠠᠪᠠᠭ᠎ᠠ ᠶ᠋ᠢᠨ ᠨᠠᠰᠤ ᠨᠢ ᠪᠡᠶ᠎ᠡ ᠡᠴᠡ ᠳᠡᠭᠦᠦ ᠪᠠᠢᠭᠰᠠᠨ ᠴᠤ᠌ ᠡᠴᠢᠭᠡ ᠦᠶ᠎ᠡ ᠶ᠋ᠢᠨ ᠬᠥᠮᠦᠨ᠃ ᠦᠶᠡᠯᠢᠳ ᠬᠦᠦ ᠶ᠋ᠢᠨ ᠨᠠᠰᠤ ᠨᠢ ᠪᠡᠶ᠎ᠡ ᠡᠴᠡ ᠠᠬ᠎ᠠ ᠪᠠᠢᠭᠰᠠᠨ ᠴᠤ᠌ ᠬᠥᠪᠡᠭᠦᠨ ᠦᠶ᠎ᠡ ᠶ᠋ᠢᠨ ᠬᠥᠮᠦᠨ᠃
ᠳᠡᠭᠡᠷ᠎ᠡ ᠳᠣᠣᠷ᠎ᠠ ᠦᠶ᠎ᠡ ᠶ᠋ᠢᠨ ᠬᠥᠮᠦᠰ ᠦ᠋ᠨ ᠢᠵᠢᠯᠢ ᠦᠶ᠎ᠡ ᠶ᠋ᠢᠨ ᠳᠣᠲᠣᠷᠠᠬᠢ ᠶᠡᠬᠡ ᠪᠠᠭ᠎ᠠ ᠶ᠋ᠢ ᠢᠯᠭᠠᠨ ᠳᠠᠭᠤᠳᠠᠬᠤ ᠶᠣᠰᠣᠨ 
       ᠳᠡᠭᠡᠷ᠎ᠡ ᠦᠶ᠎ᠡ ᠶ᠋ᠢᠨ ᠬᠥᠮᠦᠰ ᠦ᠋ᠨ ᠢᠵᠢᠯᠢ ᠦᠶ᠎ᠡ ᠶ᠋ᠢᠨ ᠬᠢᠨᠢ ᠳᠣᠲᠣᠷᠠᠬᠢ ᠶᠡᠬᠡ ᠪᠠᠭ᠎ᠠ ᠶ᠋ᠢ ᠢᠯᠭᠠᠬᠤ ᠳ᠋ᠠᠭᠠᠨ ᠠᠬ᠎ᠠ ᠪᠣᠯᠬᠤ ᠶ᠋ᠢ ᠨᠢ 《ᠶᠡᠬᠡ 》 ᠪᠡᠷ ᠲᠣᠳᠣᠳᠬᠠᠵᠤ᠂ ᠳᠡᠭᠦᠦ ᠪᠣᠯᠬᠤ ᠶ᠋ᠢ ᠨᠢ 《 ᠪᠠᠭ᠎ᠠ 》 ᠪᠠᠷ ᠲᠣᠳᠣᠳᠬᠠᠵᠤ ᠳᠠᠭᠤᠳᠠᠨ᠎ᠠ᠃ 《 ᠵᠢᠰᠢᠶᠠᠯᠠᠪᠠᠯ : ᠡᠴᠢᠭᠡ ᠳ᠋ᠦ᠍ ᠠᠬ᠎ᠠ  ( ᠬᠠᠳᠠᠮ ᠠᠬ᠎ᠠ᠂ ᠬᠣᠲᠠ ᠠᠬ᠎ᠠ ᠁ ) ᠪᠣᠯᠬᠤ ᠬᠥᠮᠦᠨ ᠢ᠋ ᠶᠡᠬᠡ ᠠᠪᠠᠭ᠎ᠠ ᠠᠬ᠎ᠠ ᠶᠡᠬᠡ ( ᠨᠠᠭᠠᠴᠤ ᠠᠬ᠎ᠠ᠂ ᠶᠡᠬᠡ ᠬᠣᠲᠠ ᠠᠪᠤ ) ᠭᠡᠵᠦ᠂ ᠡᠭᠡᠴᠢ ( ᠬᠠᠳᠠᠮ ᠡᠭᠡᠴᠢ᠂ ᠬᠤᠳᠠᠭᠠᠢ ᠡᠭᠡᠴᠢ ᠁ ) ᠪᠣᠯᠬᠤ ᠬᠥᠮᠦᠨ ᠢ᠋ ᠶᠡᠬᠡ ᠠᠪᠠᠭ᠎ᠠ ᠡᠭᠡᠴᠢ ( ᠶᠡᠬᠡ  ᠨᠠᠭᠠᠴᠤ  ᠡᠭᠡᠴᠢ ᠂ ᠶᠡᠬᠡ ᠬᠤᠳᠠᠭᠠᠢ ᠡᠵᠢ ᠁ ) ᠭᠡᠳᠡᠭ᠃ ᠡᠴᠢᠭᠡ  ᠳ᠋ᠦ᠍ ᠳᠡᠭᠦᠦ ( ᠬᠦᠷᠢ ᠳᠡᠭᠦᠦ᠂ ᠬᠣᠲᠠ ᠳᠡᠭᠦᠦ ᠁ ) ᠪᠣᠯᠬᠤ ᠬᠥᠮᠦᠨ ᠢ᠋ ᠪᠠᠭ᠎ᠠ ᠠᠪᠠᠭ᠎ᠠ ᠪᠤᠶᠤ ᠪᠠᠭ᠎ᠠ ᠠᠪᠠᠭ᠎ᠠ ᠠᠬ᠎ᠠ  ( ᠪᠠᠭ᠎ᠠ ᠨᠠᠭᠠᠴᠤ᠂ ᠪᠠᠭ᠎ᠠ ᠬᠣᠲᠠ ᠠᠪᠤ ) ᠭᠡᠵᠦ᠂ ᠥᠬᠢᠨ ᠳᠡᠭᠦᠦ  ( ᠬᠦᠷᠢ ᠥᠬᠢᠨ ᠳᠡᠭᠦᠦ᠂ ᠬᠤᠳᠠᠭᠠᠢ ᠥᠬᠢᠨ ᠳᠡᠭᠦᠦ ) ᠪᠣᠯᠬᠤ ᠬᠥᠮᠦᠨ ᠢ᠋ ᠪᠠᠭ᠎ᠠ ᠠᠪᠠᠭ᠎ᠠ ᠡᠭᠡᠴᠢ  ( ᠪᠠᠭ᠎ᠠ ᠨᠠᠭᠠᠴᠤ ᠡᠭᠡᠴᠢ᠂ ᠪᠠᠭ᠎ᠠ ᠬᠤᠳᠠᠭᠠᠢ ᠡᠵᠢ ) ᠭᠡᠵᠦ ᠳᠠᠭᠤᠳᠠᠨ᠎ᠠ᠃ ᠡᠭᠦᠨ ᠡᠴᠡ ᠳᠡᠭᠡᠭᠰᠢᠬᠢ ᠦᠶ᠎ᠡ ᠶ᠋ᠢᠨ ᠬᠥᠮᠦᠰ ᠢ᠋ ᠮᠥᠨ ᠡᠨᠡ ᠶᠣᠰᠣ ᠪᠠᠷ ᠳᠠᠭᠤᠳᠠᠨ᠎ᠠ᠃ 
ᠳᠣᠣᠷ᠎ᠠ ᠦᠶ᠎ᠡ ᠶ᠋ᠢᠨ ᠬᠥᠮᠦᠰ ᠢ᠋ ᠰᠢᠭᠤᠳ ᠳᠠᠭᠤᠳᠠᠬᠤ ᠶᠣᠰᠣᠨ  
       ᠳᠣᠣᠷ᠎ᠠ ᠦᠶ᠎ᠡ ᠶ᠋ᠢᠨ ᠬᠥᠮᠦᠰ ᠢ᠋ ᠨᠡᠷ᠎ᠡ ᠪᠡᠷ ᠨᠢ ᠪᠤᠶᠤ ᠦᠶ᠎ᠡ ᠪᠡᠷ ᠰᠢᠭᠤᠳ ᠳᠠᠭᠤᠳᠠᠨ᠎ᠠ ᠃ ᠵᠢᠱ᠌ᠢᠶᠡᠯᠡᠪᠡᠯ : ᠮᠡᠷᠭᠡᠨ ᠠ᠋ !  ᠰᠡᠴᠡᠨ ᠠ᠋ ! ᠥᠬᠢᠨ ᠠ᠋ ! ᠣᠮᠪᠣᠯᠣ ᠬᠦᠦ ᠠ᠋ ! ᠳᠣᠮᠪᠣᠯᠤ ᠥᠬᠢᠨ ᠠ᠋ !  ᠭᠡᠬᠦ ᠮᠡᠲᠦ᠃ ᠭᠡᠪᠡᠴᠦ ᠲᠡᠳᠡᠨ ᠦ᠌ ᠢᠵᠢᠯᠢ ᠦᠶ᠎ᠡ ᠳᠣᠲᠣᠷ᠎ᠠ ᠨᠢ ᠬᠠᠷᠢᠨ ᠬᠠᠮᠤᠭ ᠲᠡᠷᠢᠭᠦᠨ  ᠳ᠋ᠦ᠍ ᠲᠥᠷᠥᠭᠰᠡᠨ ᠢ᠋ ᠨᠢ ᠤᠤᠭᠠᠨ ( ᠬᠦᠦ᠂ ᠥᠬᠢᠨ ᠭᠡᠬᠦ ᠪᠥᠭᠡᠳ ᠬᠠᠮᠤᠭ ᠰᠡᠭᠦᠯ ᠳ᠋ᠦ᠍ ᠲᠥᠷᠥᠭᠰᠡᠨ ᠢ᠋ ᠨᠢ ᠣᠳᠬᠣᠨ ( ᠬᠦᠦ ᠂ ᠥᠬᠢᠨ ) ᠭᠡᠵᠦ ᠢᠯᠭᠠᠨ ᠳᠠᠭᠤᠳᠠᠨ᠎ᠠ᠃ ᠶᠡᠷᠦᠩᠬᠡᠢᠯᠡᠪᠡᠯ : 《ᠳᠠᠪᠬᠤᠷ ᠲᠣᠳᠣᠳᠬᠠᠯ ᠢ᠋ ᠣᠷᠣᠭᠤᠯᠤᠭᠰᠠᠨ ᠦᠭᠡᠢ ᠪᠡᠷ 7100 ᠭᠠᠷᠤᠢ ᠳᠠᠭᠤᠳᠠᠯᠭ᠎ᠠ ᠳ᠋ᠤ᠌ ᠬᠦᠷᠴᠡᠢ᠃ ᠬᠡᠷᠪᠡ  ᠳᠠᠪᠬᠤᠷ ᠲᠣᠳᠣᠳᠬᠠᠯ ᠲᠠᠢ ᠳᠠᠭᠤᠳᠠᠯᠭ᠎ᠠ ᠶ᠋ᠢ ᠣᠷᠣᠭᠤᠯᠪᠠᠯ ᠲᠦᠮᠡᠨ ᠳᠠᠭᠤᠳᠠᠯᠭ᠎ᠠ ᠪᠠᠷ ᠵᠣᠭᠰᠣᠬᠤ ᠦᠭᠡᠢ ᠪᠠᠢᠬᠤ ᠨᠢ ᠯᠠᠪᠲᠠᠢ 》ᠭᠡᠰᠡᠨ ᠨᠠᠮᠼᠠᠷᠠᠢ ᠡᠪᠦᠭᠡᠨ ᠦ᠌ ᠬᠡᠯᠡᠭᠰᠡᠨᠴᠢᠯᠡᠨ ᠮᠠᠨ ᠤ᠋ ᠳᠡᠭᠡᠳᠦᠰ ᠮᠣᠩᠭᠣᠯᠴᠤᠳ ᠤ᠋ᠨ ᠲᠥᠷᠥᠯ ᠰᠠᠳᠤᠨ ᠤ᠋ ᠳᠠᠭᠤᠳᠠᠯᠭ᠎ᠠ ᠶ᠋ᠢ ᠲᠤᠩ ᠣᠨᠣᠪᠴᠢᠲᠠᠢ ᠮᠠᠰᠢ ᠪᠠᠶᠠᠨ ᠡᠭᠦᠳᠦᠨ ᠵᠣᠬᠢᠶᠠᠵᠤ ᠦᠯᠡᠳᠡᠭᠡᠵᠦ ᠥᠭᠭᠦᠭᠰᠡᠨ ᠠᠵᠢ᠃ ᠭᠡᠪᠡᠴᠦ ᠮᠣᠩᠭᠣᠯᠴᠤᠳ ᠤ᠋ᠨ ᠲᠠᠷᠠᠬᠠᠢ ᠪᠤᠲᠠᠷᠬᠠᠢ ᠠᠮᠢᠳᠤᠷᠠᠯ ᠤ᠋ᠨ ᠲᠡᠦᠬᠡᠨ ᠶᠠᠪᠤᠴᠠ ᠬᠢᠭᠡᠳ ᠣᠯᠠᠨ ᠵᠠᠭᠤᠨ ᠵᠢᠯ ᠪᠤᠰᠤᠳ ᠤ᠋ᠨ ᠡᠷᠬᠡᠰᠢᠶᠡᠯ ᠳ᠋ᠦ᠍ ᠲᠣᠯᠣᠭᠠᠢ ᠥᠨᠳᠡᠢᠯ ᠦᠭᠡᠢ ᠶᠠᠪᠤᠵᠤ ᠢᠷᠡᠭᠰᠡᠨ ᠣᠯᠠᠨ ᠲᠠᠯ᠎ᠠ ᠶ᠋ᠢᠨ ᠰᠢᠯᠲᠠᠭᠠᠨ ᠠ᠋ᠴᠠ ᠪᠣᠯᠵᠤ ᠬᠣᠭᠣᠷᠣᠨᠳᠣ  ᠪᠠᠨ ᠨᠢᠭᠡᠳᠦᠯ ᠦᠭᠡᠢ ᠶᠦᠮ ᠤᠤ᠂ ᠡᠰᠡᠬᠦᠯ᠎ᠡ ᠬᠠᠷᠢ ᠬᠡᠯᠡᠨ ᠦ᠌ ᠨᠥᠯᠥᠭᠡ ᠶ᠋ᠢ ᠬᠢᠯᠪᠠᠷᠬᠠᠨ ᠬᠦᠯᠢᠶᠡᠵᠦ ᠡᠯᠳᠡᠪ ᠶᠠᠩᠵᠤ ᠪᠠᠷ ᠳᠠᠭᠤᠳᠠᠨ᠂ ᠥᠪᠡᠷ ᠦ᠋ᠨ ᠬᠢ ᠪᠡᠨ ᠤᠮᠠᠷᠲᠠᠨ ᠣᠷᠬᠢᠵᠤ ᠪᠠᠢᠭ᠎ᠠ ᠨᠢ ᠲᠤᠩ ᠬᠠᠷᠠᠮᠰᠠᠯᠲᠠᠢ᠃ ᠦᠨᠡᠨ ᠢ᠋ ᠬᠡᠯᠡᠬᠦ ᠳ᠋ᠦ᠍᠂ ᠮᠠᠨ ᠤ᠋ ᠦᠶ᠎ᠡ ᠳᠠᠭᠤᠳᠠᠯᠭ᠎ᠠ ᠥᠨᠢᠷ ᠪᠠᠶᠠᠯᠢᠭ ᠢ᠋ᠶ᠋ᠠᠷ ᠢ᠋ᠶ᠋ᠠᠨ ᠠᠯᠢ ᠴᠤ᠌ ᠦᠨᠳᠦᠰᠦᠲᠡᠨ ᠡᠴᠡ ᠳᠤᠲᠠᠭᠤ ᠦᠭᠡᠢ ᠶᠦᠮ᠃