ᠥᠷᠢ ᠲᠡᠢ ᠮᠣᠩᠭᠣᠯᠴᠤᠳ ᠲᠠᠭᠠᠨ ᠥᠴᠢᠬᠦ ᠦᠭᠡ- ᠭᠣᠩᠭᠣᠷᠵᠠᠪӨртэй монголчууддаа өчих үг-Гонгоржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠢ ᠲᠡᠢ ᠮᠣᠩᠭᠣᠯᠴᠤᠳ ᠲᠠᠭᠠᠨ ᠥᠴᠢᠬᠦ ᠦᠭᠡ- ᠭᠣᠩᠭᠣᠷᠵᠠᠪӨртэй монголчууддаа өчих үг-Гонгоржав

ᠥᠷᠢ ᠲᠡᠢ ᠮᠣᠩᠭᠣᠯᠴᠤᠳ ᠲᠠᠭᠠᠨ ᠥᠴᠢᠬᠦ ᠦᠭᠡ- ᠭᠣᠩᠭᠣᠷᠵᠠᠪӨртэй монголчууддаа өчих үг-Гонгоржав

2023-11-30

2620

ᠥᠷᠢ ᠲᠡᠢ ᠮᠣᠩᠭᠣᠯᠴᠤᠳ ᠲᠠᠭᠠᠨ ᠥᠴᠢᠬᠦ ᠦᠭᠡ

    ᠭᠣᠩᠭᠣᠷᠵᠠᠪ 

ᠨᠠᠷᠠᠨ ᠤ᠋ ᠭᠡᠷᠡᠯ ᠳᠡᠯᠡᠬᠡᠢ ᠶ᠋ᠢ 
ᠨᠡᠢᠳᠡᠮ ᠭᠡᠢᠭᠦᠯᠳᠡᠭ ᠠᠳᠠᠯᠢ ᠪᠠᠷ 
ᠨᠠᠮ ᠤ᠋ᠨ ᠲᠤᠶᠠᠭ᠎ᠠ ᠴᠤ᠌ ᠣᠯᠠᠨ ᠢ᠋ 
ᠵᠡᠷᠭᠡ ᠭᠡᠷᠡᠯᠲᠦᠭᠦᠯᠳᠡᠭ ᠶᠣᠰᠣ ᠲᠠᠢ 
ᠨᠠᠮᠵᠤᠷ ᠲᠡᠳᠡᠨ ᠰᠣᠷᠲᠣᠭᠣᠯᠠᠳᠠᠭ 
ᠮᠠᠨ ᠤ᠋ ᠵᠠᠷᠢᠮ ᠮᠣᠩᠭᠣᠯᠴᠤᠳ 
ᠨᠠᠰᠤᠨ ᠳ᠋ᠠᠭᠠᠨ ᠲᠥᠯᠥᠰᠢ ᠦᠭᠡᠢ ᠥᠷᠢ ᠳ᠋ᠦ᠍ 
ᠤᠨᠠᠵᠤ ᠰᠢᠨᠠᠯᠤᠭᠰᠠᠨ ᠨᠢ ᠤᠴᠢᠷ ᠲᠠᠢ᠃ 
ᠴᠢᠯᠥᠭᠡ ᠲᠡᠢ ᠠᠭᠤᠵᠢᠭᠤ ᠪᠣᠳᠣᠯᠭ᠎ᠠ ᠳ᠋ᠤ᠌ 
ᠨᠢᠭᠡᠮᠦᠰᠦᠨ ᠪᠡᠶ᠎ᠡ ᠪᠡᠨ ᠲᠤᠰᠢᠶᠠᠭᠠᠳ 
ᠴᠢᠳᠬᠥᠷ ᠴᠤ᠌ ᠰᠢᠷᠬᠡᠢᠳᠡᠭ ᠮᠥᠩᠭᠥᠨ ᠳ᠋ᠦ᠍ 
ᠨᠢᠭᠡᠨᠲᠡ ᠬᠦᠯᠢᠶᠡᠰᠦᠯᠡᠭᠳᠡᠨ ᠭᠦᠢᠴᠡᠭᠡᠳ 
ᠴᠥᠭᠡᠨ ᠲᠣᠬᠢᠶᠠᠯᠳᠤᠬᠤ ᠣᠯᠵᠠᠨ ᠳ᠋ᠤ᠌ 
ᠭᠣᠷᠢ ᠬᠠᠶᠠᠯᠠᠨ ᠵᠢᠳᠬᠦᠭᠰᠡᠭᠡᠷ
ᠴᠢᠮᠥᠭᠡ ᠪᠡᠨ ᠲᠤᠨᠲᠠᠷᠠᠲᠠᠯ᠎ᠠ ᠰᠣᠷᠣᠭᠤᠯᠤᠭᠠᠳ
ᠥᠷᠢ ᠶ᠋ᠢᠨ ᠨᠦᠬᠡᠨ ᠳ᠋ᠦ᠍ ᠤᠨᠠᠭᠰᠠᠨ ᠶᠤᠮ
ᠤᠯᠤᠰ ᠤ᠋ᠨ ᠴᠠᠯᠢᠩ ᠲᠠᠢ ᠺᠠᠳ᠋ᠷ ᠤ᠋ᠳ ᠲᠠᠢ
ᠣᠷᠣᠯᠳᠣᠬᠤ ᠰᠢᠭ᠋ ᠥᠷᠢᠰᠦᠯᠳᠦᠭᠡᠳ
ᠤᠤᠭᠤᠵᠤ ᠢᠳᠡᠬᠦ ᠳ᠋ᠡᠭᠡᠨ ᠮᠠᠶᠢᠭᠯᠠᠭᠠᠳ
ᠪᠡᠯᠡᠨ ᠬᠣᠭᠣᠯᠠ ᠵᠣᠭᠣᠭᠯᠠᠭᠰᠠᠨ ᠶᠤᠮ
ᠤᠨᠤᠭ᠎ᠠ ᠮᠠᠰᠢᠨ ᠠ᠋ᠴᠠ ᠡᠬᠢᠯᠡᠭᠦᠯᠦᠭᠡᠳ
ᠵᠠᠷᠤᠬᠤ ᠪᠠᠷᠢᠬᠤ ᠳ᠋ᠠᠭᠠᠨ ᠬᠦᠷᠲᠡᠯ᠎ᠡ
ᠤᠴᠢᠷ ᠲᠠᠢ ᠤᠴᠢᠷ ᠦᠭᠡᠢ ᠶᠠᠭᠤᠮᠠᠨ ᠳ᠋ᠤ᠌
ᠵᠣᠭᠣᠰ ᠢ᠋ ᠤᠰᠤ ᠰᠢᠭ᠋ ᠵᠠᠷᠤᠭᠰᠠᠨ ᠶᠤᠮ᠃
ᠲᠣᠭᠠᠲᠠᠢ ᠬᠡᠳᠦᠬᠡᠨ ᠮᠠᠯ ᠳ᠋ᠠᠭᠠᠨ ᠴᠤ᠌ 
ᠲᠣᠭᠣᠰᠬᠠᠨ ᠬᠠᠰᠢᠶ᠎ᠠ ᠨᠢ ᠶᠡᠬᠡᠳᠦᠭᠡᠳ
ᠲᠣᠣᠷᠯᠠᠭᠰᠠᠨ ᠪᠡᠯᠴᠢᠭᠡᠷ ᠨᠢ ᠪᠠᠭ᠎ᠠ ᠴᠤ᠌ 
ᠲᠣᠮᠣᠬᠠᠨ ᠪᠠᠢᠰᠢᠩ ᠳ᠋ᠤ᠌ ᠵᠢᠷᠭᠠᠭᠠᠳ
ᠳᠣᠲᠣᠷ᠎ᠠ ᠪᠠᠨ ᠬᠡᠳᠦᠢ ᠵᠣᠪᠠᠯᠠᠩ ᠲᠠᠢ ᠴᠤ᠌ 
ᠲᠣᠷᠭ᠎ᠠ ᠬᠡᠲᠦᠷᠡᠨ ᠭᠠᠩᠭᠠᠯᠠᠭᠠᠳ
ᠲᠤᠯᠤᠮ ᠢ᠋ᠶ᠋ᠠᠨ ᠴᠢᠷᠬᠦ ᠣᠢᠷᠠᠲᠤᠭᠰᠠᠨ ᠴᠤ᠌ 
ᠲᠣᠯᠣᠭᠠᠢ ᠰᠠᠵᠢᠯᠠᠭᠠᠳ ᠣᠮᠣᠭᠯᠠᠩ᠃
ᠦᠨᠢᠶ᠎ᠡ ᠰᠠᠭᠠᠬᠤ ᠪᠠᠨ ᠪᠠᠢᠴᠢᠬᠠᠭᠠᠳ
ᠬᠤᠳᠠᠯᠳᠤᠭᠠᠨ ᠤ᠋ ᠰᠦ ᠵᠠᠷᠤᠭᠠᠳ
ᠥᠷᠥᠮ᠎ᠡ ᠬᠥᠭᠡᠷᠦᠭᠦᠯᠬᠦ ᠪᠡᠨ ᠬᠠᠯᠠᠰᠢᠷᠠᠭᠠᠳ
ᠵᠡᠭᠡᠯᠢ ᠡᠴᠡ ᠠᠪᠴᠤ ᠢᠳᠡᠭᠡᠳ
ᠦᠵᠢᠷᠬᠡᠢ ᠲᠦᠯᠡᠰᠢ ᠪᠡᠨ ᠭᠣᠯᠣᠭᠠᠳ
ᠨᠡᠭᠦᠷᠡᠰᠦᠨ ᠦᠨ᠎ᠡ ᠳ᠋ᠦ᠍ ᠱᠦᠭᠦᠭᠳᠡᠭᠡᠳ
ᠦᠬᠡᠷ ᠢ᠋ᠶ᠋ᠡᠨ ᠤᠰᠤᠯᠠᠬᠤ ᠳ᠋ᠤ᠌ ᠬᠦᠷᠲᠡᠯ᠎ᠡ
ᠴᠠᠬᠢᠯᠭᠠᠨ ᠬᠡᠳᠦᠢ ᠪᠠᠷᠠᠪᠠ?
ᠠᠪᠤ ᠶ᠋ᠢᠨ ᠪᠠᠶᠠᠷ ᠲᠤ ᠰᠢᠯᠲᠠᠭᠠᠯᠠᠭᠠᠳ
ᠠᠷᠠᠰᠤᠨ ᠵᠤᠪᠴᠠᠭ᠎ᠠ ᠨᠢᠭᠡ ᠨᠢᠭᠡ
ᠡᠵᠢ ᠶ᠋ᠢᠨ ᠵᠢᠯ ᠳ᠋ᠦ᠍ ᠪᠡᠯᠡᠳᠬᠡᠭᠡᠳ
ᠡᠭᠡᠳᠡᠨ ᠭᠤᠲᠤᠯ ᠬᠡᠳᠦ ᠬᠡᠳᠦ
ᠬᠦᠦ ᠶ᠋ᠢᠨ ᠥᠷᠪᠥᠭᠡᠨ ᠳ᠋ᠦ᠍ ᠡᠮᠦᠰᠦᠨ᠎ᠡ ᠭᠡᠳ
ᠥᠭᠡᠳᠡᠩ ᠪᠠᠩᠵᠠᠯ ᠬᠣᠣᠰ ᠬᠣᠣᠰ
ᠬᠡᠦᠬᠡᠨ ᠦ᠌ ᠬᠤᠷᠢᠮ ᠳ᠋ᠤ᠌ ᠭᠣᠶᠣᠯᠠᠨ᠎ᠠ ᠭᠡᠳ
ᠦᠰᠦ ᠲᠡᠢ ᠬᠠᠨᠵᠢᠶᠠᠷ ᠵᠦᠢᠷᠡᠢ ᠵᠦᠢᠷᠡᠢ
ᠠᠷᠠᠳ ᠤ᠋ᠨ ᠨᠠᠭᠠᠳᠤᠮ ᠳ᠋ᠤ᠌ ᠣᠴᠢᠨ᠎ᠠ ᠭᠡᠳ
ᠮᠥᠩᠭᠥ ᠬᠡᠳᠦᠢ ᠪᠦᠷᠢᠯᠭᠡᠵᠦ ᠪᠣᠢ?
ᠠᠬ᠎ᠠ ᠳᠡᠭᠦᠦ ᠶ᠋ᠢᠨ ᠴᠤᠭᠯᠠᠭᠠᠨ ᠳ᠋ᠤ᠌ ᠬᠦᠷᠦᠭᠡᠳ
ᠴᠠᠭ ᠬᠡᠳᠦᠢ ᠰᠦᠢᠳᠬᠡᠵᠦ ᠪᠣᠢ?
ᠠᠷᠢᠬᠢ ᠫᠢᠸᠣ ᠵᠣᠭᠣᠭᠯᠠᠭᠠᠳ
ᠪᠡᠶ᠎ᠡ ᠪᠡᠨ ᠬᠡᠳᠦᠢ ᠵᠣᠪᠠᠭᠠᠵᠤ ᠪᠣᠢ?
ᠠᠮᠲᠠᠲᠤ ᠬᠣᠭᠣᠯᠠᠨ ᠳ᠋ᠤ᠌ ᠰᠢᠨᠤᠬᠠᠢᠷᠠᠭᠠᠳ
ᠪᠦᠷᠢᠯᠭᠡᠵᠦ ᠬᠡᠳᠦᠢ ᠬᠠᠶᠠᠵᠤ ᠪᠣᠢ?
ᠵᠣᠭᠣᠰ ᠲᠠᠢ ᠮᠤᠷᠤᠢ ᠲᠣᠭᠯᠠᠭᠠᠳ
ᠮᠥᠩᠭᠥ ᠪᠡᠨ ᠬᠡᠳᠦᠢ ᠦᠷᠡᠪᠡ?
ᠵᠣᠣ ᠭᠦᠮᠪᠦᠮ ᠢ᠋ᠶ᠋ᠡᠷ ᠵᠤᠭᠠᠴᠠᠭᠠᠳ
ᠥᠷᠢᠨ ᠳ᠋ᠦ᠍ ᠬᠡᠳᠦᠢ ᠤᠨᠠᠪᠠ?
ᠵᠢᠯᠣᠭᠣ ᠵᠣᠳᠣᠭ ᠦᠭᠡᠢ ᠳᠠᠪᠬᠢᠭᠤᠯᠤᠭᠠᠳ
ᠮᠠᠰᠢᠨ ᠬᠡᠳᠦᠢ ᠡᠪᠳᠡᠯᠡᠪᠡ?
ᠵᠣᠷᠢᠭ ᠨᠢ ᠰᠡᠭᠦᠯ ᠳ᠋ᠡᠭᠡᠨ ᠰᠢᠨᠲᠠᠷᠠᠭᠠᠳ
ᠡᠪᠡᠳᠴᠢᠯᠡᠵᠦ ᠬᠡᠳᠦᠢ ᠬᠡᠪᠲᠡᠪᠡ?
ᠪᠠᠩᠬᠢ᠂ ᠬᠤᠪᠢ ᠬᠥᠮᠦᠨ ᠡᠴᠡ ᠵᠢᠭᠡᠯᠡᠭᠡᠳ
ᠪᠤᠴᠠᠭᠠᠬᠤ ᠦᠭᠡᠢ ᠶᠦᠮ ᠰᠢᠭ ᠰᠠᠨᠠᠪᠠᠤ?
ᠪᠠᠢᠭ᠎ᠠ ᠶᠠᠭᠤᠮ᠎ᠠ ᠪᠠᠨ ᠭᠠᠮᠨᠠᠬᠤ ᠦᠭᠡᠢ
ᠣᠨᠳᠣᠷᠴᠤ ᠪᠠᠢᠨ᠎ᠠ ᠭᠡᠵᠦ ᠪᠣᠳᠣᠪᠠᠤ?
ᠪᠠᠢᠭᠠᠯᠢ ᠣᠷᠴᠢᠯᠠᠩ ᠤ᠋ᠨ ᠵᠦᠢ ᠶ᠋ᠢ
ᠨᠢᠳᠦᠨ ᠳ᠋ᠦ᠍ ᠬᠠᠪᠴᠢᠬᠤ ᠦᠭᠡᠢ
ᠪᠠᠢᠳᠠᠭ ᠵᠢᠭᠠᠬᠠᠨ ᠢ᠋ᠶ᠋ᠠᠨ ᠪᠠᠷᠠᠴᠢᠬᠠᠭᠠᠳ
ᠰᠠᠨᠠᠭ᠎ᠠ ᠠᠮᠤᠭᠤᠯᠠᠩ ᠪᠣᠯᠪᠠᠤ?
ᠦᠬᠡᠷ ᠳᠡᠩᠳᠡᠭᠦᠦ ᠬᠢᠮᠳᠠᠬᠠᠨ ᠭᠡᠳ
ᠥᠭᠦᠯᠡᠭᠡᠳ ᠪᠠᠢᠵᠤ ᠪᠣᠯᠬᠤ ᠦᠭᠡᠢ ᠰᠢᠦ
ᠥᠪᠡᠷ ᠦ᠋ᠨ ᠵᠠᠷᠤᠭᠰᠠᠨ ᠪᠠᠷᠠᠭᠰᠠᠨ ᠢ᠋ᠶ᠋ᠠᠨ
ᠦᠨᠡᠯᠡᠵᠦ ᠰᠠᠢᠬᠠᠨ ᠪᠣᠳᠣᠭᠠᠷᠠᠢ!
ᠡᠪᠡᠰᠦ ᠮᠤᠨᠳᠠᠭ ᠦᠨ᠎ᠡ ᠲᠡᠢ ᠭᠡᠵᠦ
ᠠᠭᠤᠷᠯᠠᠭᠠᠳ ᠪᠢᠳᠡ ᠶᠠᠭᠠᠬᠢᠨ᠎ᠠ ᠳᠠ
ᠦᠨᠡᠨᠬᠦ ᠣᠷᠣᠯᠭ᠎ᠠ ᠵᠠᠷᠤᠯᠭ᠎ᠠ ᠶ᠋ᠢᠨ ᠢ᠋ᠶ᠋ᠡᠨ
ᠳᠠᠩᠰᠠ ᠶ᠋ᠢ ᠰᠠᠢᠬᠠᠨ ᠪᠣᠳᠣᠬᠤ ᠶᠤᠮ ᠰᠢᠦ
《ᠠᠷᠪᠢᠯᠠᠬᠤ ᠶ᠋ᠢ ᠠᠮᠠᠰᠠᠷ ᠠ᠋ᠴᠠ》 ᠭᠡᠵᠦ
ᠠᠷᠠᠳ ᠤ᠋ᠨ ᠦᠭᠡᠨ ᠳ᠋ᠦ᠍ ᠪᠠᠢᠳᠠᠭ ᠰᠢᠦ
ᠠᠯᠢ ᠡᠷᠲᠡ ᠡᠴᠡ ᠬᠢᠴᠢᠶᠡᠭᠰᠡᠨ ᠪᠣᠯ
ᠠᠷᠠᠢ ᠡᠭᠦᠨ ᠳ᠋ᠦ᠍ ᠲᠤᠯᠬᠤ ᠦᠭᠡᠢ ᠠ᠋!
《ᠬᠥᠨᠵᠢᠯᠡ ᠶ᠋ᠢᠨ ᠬᠢᠷᠢ ᠪᠡᠷ ᠬᠥᠯ ᠢ᠋ᠶ᠋ᠡᠨ》 ᠭᠡᠵᠦ
ᠬᠥᠭᠰᠢᠳ ᠦ᠋ᠨ ᠰᠤᠷᠭᠠᠯ ᠪᠣᠢ ᠰᠢᠦ!
ᠬᠥᠭᠵᠢᠭᠰᠡᠨ ᠨᠡᠢᠭᠡᠮ ᠳ᠋ᠦ᠍ ᠪᠠᠷᠳᠠᠮᠰᠢᠭᠠᠳ
ᠬᠡᠦᠳᠡᠢ ᠪᠡᠨ ᠴᠢᠷᠬᠦ ᠳ᠋ᠦ᠍ ᠬᠦᠷᠦᠯ᠎ᠡ ᠰᠢᠦ
ᠥᠨᠳᠥᠷ ᠬᠦᠦ ᠲᠡᠢ ᠵᠢᠭᠡᠯᠡᠯᠭᠡ ᠪᠣᠯ
ᠦᠵᠦᠭᠦᠷ ᠦᠭᠡᠢ ᠨᠦᠬᠡ ᠰᠢᠦ!
ᠥᠷᠭᠡᠨ ᠣᠯᠠᠨ ᠮᠣᠩᠭᠣᠯᠴᠤᠳ ᠤ᠋ᠨ
ᠦᠢᠯᠡ ᠪᠡᠨ ᠦᠵᠡᠬᠦ ᠲᠠᠮᠤ ᠰᠢᠦ!
ᠥᠨᠢᠷ ᠲᠠᠩᠰᠤᠭ ᠮᠠᠯᠴᠢᠳ ᠮᠢᠨᠢ
ᠦᠳᠲᠡᠷ ᠲᠦᠷᠭᠡᠨ ᠤᠬᠠᠮᠰᠠᠷᠠᠭᠠᠷᠠᠢ!
ᠥᠪᠡᠷ ᠦ᠋ᠨ ᠪᠡᠶ᠎ᠡ ᠪᠡᠨ ᠳᠤᠯᠢᠳᠠᠭᠠᠳ
ᠥᠭᠡᠷᠡᠴᠢᠯᠡᠵᠦ ᠬᠢᠴᠢᠶᠡᠵᠦ ᠶᠠᠪᠤᠭᠠᠷᠠᠢ᠃
ᠬᠤᠷᠢᠮ ᠪᠠᠶᠠᠷ ᠣᠯᠠᠳᠠᠭᠠᠳ ᠢᠷᠡᠪᠡᠯ
ᠬᠣᠭᠣᠯᠠᠨ ᠭᠡᠷ ᠦ᠋ᠨ ᠣᠷᠣᠯᠭ᠎ᠠ ᠰᠢᠦ!
ᠬᠣᠨᠣᠭᠤᠲᠠ ᠥᠨᠵᠢᠭᠦᠲᠡ ᠨᠠᠢᠷᠯᠠᠭᠰᠠᠨ ᠴᠤ᠌
ᠠᠮᠢᠳᠤᠷᠠᠯ ᠳ᠋ᠤ᠌ ᠶᠡᠷᠦᠨᠢ ᠬᠡᠷᠡᠭ ᠦᠭᠡᠢ
ᠬᠣᠲᠠᠯᠠ ᠲᠦᠮᠡᠨ ᠮᠣᠩᠭᠣᠯᠴᠤᠳ ᠮᠢᠨᠢ
ᠡᠭᠦᠨ ᠢ᠋ ᠰᠠᠢᠨ ᠴᠡᠭᠡᠵᠢᠯᠡᠵᠦ ᠠᠪ!
ᠬᠣᠷᠢᠭᠠᠳ ᠪᠠᠳᠠᠭ ᠡᠷᠢᠶᠡᠴᠢᠯ᠎ᠡ ᠪᠢ
ᠬᠣᠵᠢᠮ ᠳ᠋ᠠᠭᠠᠨ ᠴᠡᠭᠡᠷᠯᠡᠯ ᠪᠣᠯᠭᠠᠭᠠᠷᠠᠢ!

    2023.11. ᠰᠠᠷ᠎ᠠ ᠳ᠋ᠤ᠌

    ᠦᠰᠦᠭ ᠠᠮᠢᠯᠠᠭᠤᠯᠤᠭᠴᠢ᠄ ᠱᠠᠭᠰᠠᠯ
    ᠬᠢᠨᠠᠭᠴᠢ᠄ ᠭᠠᠷᠮ᠎ᠠ᠂ ᠵ᠂ ᠪᠤᠶᠠᠨᠲᠣᠭᠲᠠᠬᠤ