ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 11 > Хөх зул – Боржигон Ванжал –" Хоёр ᠂ Төрөл садны дуудлагын бүлэг " 11
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 11
ᠰᠠᠳᠤᠨ ᠢᠶᠠᠷ ᠦᠵᠡᠬᠦ ᠣᠢᠷ᠎ᠠ ᠲᠥᠷᠥᠯ ᠦᠨ ᠬᠣᠭᠣᠷᠣᠨᠳᠤᠬᠢ ᠳᠠᠭᠤᠳᠠᠯᠭ᠎ᠠ Садангаар үзэх ойр төрлийн хоорондох дуудлага
ᠬᠣᠢᠲᠤ ᠠᠪᠤ
ᠡᠴᠢᠭᠡ ᠦᠬᠦᠭᠰᠡᠨ ᠪᠤᠶᠤ ᠤᠷᠤᠭ ᠰᠠᠯᠤᠭᠰᠠᠨ ᠬᠣᠢᠨ᠎ᠠ ᠡᠬᠡ ᠶ᠋ᠢᠨ ᠳᠠᠬᠢᠨ ᠤᠷᠤᠭᠯᠠᠭᠰᠠᠨ ᠡᠷ᠎ᠡ ᠶ᠋ᠢ ᠬᠣᠢᠲᠤ ᠠᠪᠤ ᠭᠡᠨ᠎ᠡ᠃
ᠬᠣᠢᠲᠤ ᠡᠬᠡ
ᠡᠬᠡ ᠦᠬᠦᠭᠰᠡᠨ ᠪᠤᠶᠤ ᠤᠷᠤᠭ ᠰᠠᠯᠤᠭᠰᠠᠨ ᠬᠣᠢᠨ᠎ᠠ᠂ ᠡᠴᠢᠭᠡ ᠶ᠋ᠢᠨ ᠳᠠᠬᠢᠨ ᠤᠷᠤᠭᠯᠠᠭᠰᠠᠨ ᠡᠮ᠎ᠡ ᠶ᠋ᠢ ᠬᠣᠢᠲᠤ ᠡᠬᠡ ᠭᠡᠨ᠎ᠡ᠃
ᠲᠡᠵᠢᠭᠡᠭᠰᠡᠨ ᠡᠴᠢᠭᠡ
ᠪᠡᠶ᠎ᠡ ᠶ᠋ᠢ ᠭᠡᠷ ᠲᠡᠭᠡᠨ ᠡᠷᠭᠦᠨ ᠠᠪᠴᠤ ᠦᠷᠡᠴᠢᠯᠡᠨ ᠥᠰᠬᠡᠵᠦ ᠬᠥᠪᠡᠭᠦᠨ(ᠥᠬᠢᠨ) ᠢ᠋ᠶ᠋ᠡᠨ ᠪᠣᠯᠭᠠᠭᠰᠠᠨ ᠡᠴᠢᠭᠡ ᠶ᠋ᠢ ᠲᠡᠵᠢᠭᠡᠭᠰᠡᠨ ᠡᠴᠢᠭᠡ ᠭᠡᠨ᠎ᠡ᠃ ᠪᠠᠰᠠ ᠡᠷᠭᠦᠯᠲᠡ ᠡᠴᠢᠭᠡ ( ᠠᠪᠤ ) ᠴᠤ᠌ ᠭᠡᠳᠡᠭ᠃
ᠲᠡᠵᠢᠭᠡᠭᠰᠡᠨ ᠡᠬᠡ
ᠪᠡᠶ᠎ᠡ ᠶ᠋ᠢ ᠭᠡᠷ ᠲᠡᠭᠡᠨ ᠡᠷᠭᠦᠨ ᠠᠪᠴᠤ ᠦᠷᠡᠴᠢᠯᠡᠨ ᠥᠰᠬᠡᠵᠦ ᠬᠥᠪᠡᠭᠦᠨ ( ᠥᠬᠢᠨ ) ᠢ᠋ᠶ᠋ᠡᠨ ᠪᠣᠯᠭᠠᠭᠰᠠᠨ ᠡᠬᠡ ᠶ᠋ᠢ ᠲᠡᠵᠢᠭᠡᠭᠰᠡᠨ ᠡᠬᠡ ᠭᠡᠨ᠎ᠡ ᠃ ᠪᠠᠰᠠ ᠡᠷᠭᠦᠯᠲᠡ ᠡᠬᠡ ᠭᠡᠳᠡᠭ ᠴᠦ᠍ ᠪᠣᠢ᠃
ᠬᠥᠬᠥᠯᠲᠦ ᠡᠴᠢᠭᠡ ᠬᠥᠬᠥᠯᠲᠦ ᠡᠬᠡ ᠶ᠋ᠢᠨ ᠡᠷ᠎ᠡ᠃
ᠬᠥᠬᠥᠯᠲᠦ ᠡᠬᠡ
ᠨᠢᠯᠬ᠎ᠠ ᠴᠠᠭ᠎ᠠ ( ᠪᠠᠯᠴᠢᠷ ) ᠦᠶ᠎ᠡ ᠳ᠋ᠦ᠍ ᠲᠥᠷᠥᠭᠰᠡᠨ ᠡᠬᠡ ᠶ᠋ᠢᠨ ᠰᠦ ᠳᠤᠲᠠᠭᠳᠠᠬᠤ ᠪᠤᠶᠤ ᠶᠠᠮᠠᠷ ᠨᠢᠭᠡᠨ ᠰᠢᠯᠲᠠᠭᠠᠨ ᠠ᠋ᠴᠠ ᠬᠥᠬᠥᠭᠦᠯᠵᠦ ᠥᠰᠬᠡᠭᠰᠡᠨ ᠪᠤᠰᠤᠳ ᠤ᠋ᠨ ᠡᠬᠡᠨᠡᠷ ᠢ᠋ ᠬᠥᠬᠥᠯᠲᠦ ᠡᠬᠡ ᠭᠡᠨ᠎ᠡ᠃
ᠰᠤᠨᠤᠭᠰᠠᠨ ( ᠦᠶ᠎ᠡ ᠰᠤᠨᠤᠭᠰᠠᠨ ᠪᠤᠶᠤ ᠬᠥᠮᠦᠨ ᠳᠠᠮ ᠪᠣᠯᠵᠤ ᠰᠤᠨᠤᠭᠰᠠᠨ) ᠡᠭᠡᠴᠢ
ᠡᠭᠡᠴᠢ ᠰᠠᠯᠤᠭᠰᠠᠨ ( ᠦᠬᠦᠭᠰᠡᠨ ) ᠦ᠌ ᠬᠣᠢᠨ᠎ᠠ ᠬᠦᠷᠭᠡᠨ ᠠᠬ᠎ᠠ ᠳᠠᠬᠢᠨ ᠤᠷᠤᠭᠯᠠᠵᠤ ᠠᠪᠤᠭᠰᠠᠨ ᠪᠦᠰᠡᠭᠦᠢ ᠶ᠋ᠢ ᠰᠤᠨᠤᠭᠰᠠᠨ ᠡᠭᠡᠴᠢ ᠭᠡᠳᠡᠭ᠃ ᠥᠬᠢᠨ ᠳᠡᠭᠦᠦ ᠮᠥᠨ ᠡᠢᠮᠦ ᠶᠣᠰᠣ᠃
ᠰᠤᠨᠤᠭᠰᠠᠨ ᠡᠭᠡᠴᠢ ᠥᠬᠢᠨ ᠳᠡᠭᠦᠦ ᠪᠣᠯ ᠵᠢᠩᠬᠢᠨᠢ ᠡᠭᠡᠴᠢ ᠥᠬᠢᠨ ᠳᠡᠭᠦᠦ ᠶ᠋ᠢ ᠣᠷᠣᠯᠠᠭᠰᠠᠨ ᠲᠤᠯᠠ ᠳᠠᠭᠤᠳᠠᠯᠭ᠎ᠠ ᠳ᠋ᠤ᠌ ᠨᠠᠰᠤ ᠢᠯᠭᠠᠬᠤ ᠦᠭᠡᠢ᠃ ᠰᠤᠨᠤᠭᠰᠠᠨ ᠠᠪᠠᠭ᠎ᠠ ᠡᠭᠡᠴᠢ
ᠠᠪᠠᠭ᠎ᠠ ᠡᠭᠡᠴᠢ ᠶ᠋ᠢ ᠦᠬᠦᠭᠰᠡᠨ ( ᠰᠠᠯᠤᠭᠰᠠᠨ ) ᠤ᠋ ᠳᠠᠷᠠᠭ᠎ᠠ ᠠᠪᠠᠭ᠎ᠠ ᠬᠦᠷᠭᠡᠨ ᠠᠬ᠎ᠠ ᠳᠠᠬᠢᠨ ᠤᠷᠤᠭᠯᠠᠭᠰᠠᠨ ᠲᠡᠷᠡ ᠬᠦ᠌ ᠡᠮ᠎ᠡ ᠶ᠋ᠢ ᠰᠤᠨᠤᠭᠰᠠᠨ ᠠᠪᠠᠭ᠎ᠠ ᠡᠭᠡᠴᠢ ᠭᠡᠨ᠎ᠡ ᠃ ᠡᠭᠦᠨᠴᠢᠯᠡᠨ ᠠᠪᠠᠭ᠎ᠠ ᠡᠮᠡᠭᠡ ᠮᠡᠲᠦᠴᠢᠯᠡᠨ ᠴᠢᠨᠠᠭᠰᠢᠬᠢ ᠦᠶ᠎ᠡ ᠪᠦᠷᠢ ᠶ᠋ᠢᠨ ᠠᠪᠠᠭ᠎ᠠ ᠲᠠᠢᠭᠰᠠᠨ ᠠᠬᠠᠮᠠᠳ ᠦᠶ᠎ᠡ ᠶ᠋ᠢᠨ ᠡᠮᠡᠭᠲᠡᠢᠴᠦᠳ ᠦ᠋ᠨ ᠳᠠᠭᠤᠳᠠᠯᠭ᠎ᠠ ᠠᠳᠠᠯᠢ ᠃
ᠰᠤᠨᠤᠭᠰᠠᠨ ᠥᠬᠢᠨ
ᠥᠬᠢᠨ ᠢ᠋ ᠦᠬᠦᠭᠰᠡᠨ ( ᠰᠠᠯᠤᠭᠰᠠᠨ ) ᠬᠣᠢᠨ᠎ᠠ ᠬᠦᠷᠭᠡᠨ ᠳᠠᠬᠢᠨ ᠬᠤᠷᠢᠮᠯᠠᠵᠤ ᠠᠪᠤᠭᠰᠠᠨ ᠡᠮ᠎ᠡ ᠶ᠋ᠢ ᠰᠤᠨᠤᠭᠰᠠᠨ ᠥᠬᠢᠨ ᠭᠡᠨ᠎ᠡ ᠃ ᠭᠡᠬᠦᠴᠢᠯᠡᠨ ᠳᠣᠷᠣᠭᠰᠢ ᠰᠤᠨᠤᠭᠰᠠᠨ ᠣᠮᠪᠣᠯᠣ ᠂ ᠰᠤᠨᠤᠭᠰᠠᠨ ᠲᠣᠮᠪᠣᠯᠤ ᠁ ᠪᠦᠷ ᠡᠨᠡ ᠶᠣᠰᠣ ᠪᠠᠷ ᠳᠠᠭᠤᠳᠠᠭᠳᠠᠨ᠎ᠠ᠃
ᠮᠥᠷᠭᠥᠭᠦᠯᠦᠭᠰᠡᠨ ᠡᠴᠢᠭᠡ ᠡᠬᠡ
ᠥᠬᠢᠨ ᠢ᠋ᠶ᠋ᠡᠨ ᠤᠷᠤᠭᠯᠠᠵᠤ ᠦᠰᠦ ᠬᠠᠭᠠᠯᠤᠨ ᠭᠡᠵᠢᠭᠡ ᠣᠷᠢᠶᠠᠬᠤ ᠦᠶ᠎ᠡ ᠳ᠋ᠦ᠍᠂ ᠬᠠᠷ᠎ᠠ ᠴᠠᠭᠠᠨ ᠦᠷ᠎ᠡ ᠲᠡᠭᠰᠢ ( ᠬᠦᠦ ᠥᠬᠢᠨ ᠪᠦᠷᠢᠨ ) ᠡᠮᠡᠭᠲᠡᠢ ᠪᠡᠷ ᠦᠰᠦ ᠶ᠋ᠢ ᠨᠢ ᠬᠠᠭᠠᠯᠤᠭᠤᠯᠤᠨ ᠲᠡᠭᠦᠨ ᠢ᠋ ᠮᠥᠷᠭᠥᠭᠦᠯᠦᠭᠰᠡᠨ ᠡᠬᠡ ᠲᠠᠨᠢᠵᠤ᠂ ᠲᠡᠭᠦᠨ ᠦ᠌ ᠡᠷ᠎ᠡ ᠶ᠋ᠢ ᠨᠢ ᠮᠥᠷᠭᠥᠭᠦᠯᠦᠭᠰᠡᠨ ᠡᠴᠢᠭᠡ ᠪᠣᠯᠭᠠᠳᠠᠭ᠃ ᠡᠨᠡ ᠨᠢ ᠥᠩᠭᠡᠷᠡᠭᠰᠡᠨ ᠦ᠌ ᠭᠤᠷᠪᠠᠨ ᠬᠣᠣᠰ ᠡᠴᠢᠭᠡ ᠡᠬᠡ ( ᠲᠥᠷᠥᠭᠰᠡᠨ ᠡᠴᠢᠭᠡ ᠡᠬᠡ ᠂ ᠬᠠᠳᠠᠮ ᠡᠴᠢᠭᠡ ᠡᠬᠡ ᠂ ᠮᠥᠷᠭᠦᠯᠦᠭᠰᠡᠨ ᠡᠴᠢᠭᠡ ᠡᠬᠡ ) ᠭᠡᠳᠡᠭ ᠦ᠋ᠨ ᠨᠢᠭᠡ ᠨᠢ ᠪᠣᠯᠤᠨ᠎ᠠ᠃
ᠮᠥᠷᠭᠥᠭᠦᠯᠦᠭᠰᠡᠨ ᠥᠬᠢᠨ ᠬᠦᠷᠭᠡᠨ
ᠦᠰᠦ ᠪᠡᠨ ᠬᠠᠭᠠᠯᠤᠭᠤᠯᠵᠤ ᠵᠠᠭᠠᠳᠠᠰᠤᠯᠠᠭᠤᠯᠤᠭᠰᠠᠨ ᠥᠬᠢᠨ ᠢ᠋ ᠮᠥᠷᠭᠥᠭᠦᠯᠦᠭᠰᠡᠨ ᠥᠬᠢᠨ ᠭᠡᠵᠦ᠂ ᠲᠡᠭᠦᠨ ᠦ᠌ ᠡᠷ᠎ᠡ ᠶ᠋ᠢ ᠮᠥᠷᠭᠥᠭᠦᠯᠦᠭᠰᠡᠨ ᠬᠦᠷᠭᠡᠨ ᠭᠡᠳᠡᠭ᠃
ᠨᠠᠢᠵᠢ ᠨᠠᠢᠭᠠᠨ
ᠬᠣᠲᠠ ᠤᠷᠤᠭ ᠪᠣᠯᠤᠯᠴᠠᠭᠰᠠᠨ ᠬᠣᠶᠠᠷ ᠬᠣᠣᠰ ᠡᠴᠢᠭᠡ ᠡᠬᠡ ᠨᠢ ᠰᠠᠢᠬᠢ ᠮᠥᠷᠭᠥᠭᠦᠯᠦᠭᠰᠡᠨ ᠡᠴᠢᠭᠡ ᠡᠬᠡ ᠲᠡᠢ ᠨᠠᠢᠵᠢ ᠨᠠᠢᠭᠠᠨ ᠭᠡᠵᠦ ᠳᠠᠭᠤᠳᠠᠯᠴᠠᠨᠠ ᠃ ᠡᠨᠡ ᠨᠢ ᠥᠬᠢᠨ ᠣ ᠲᠠᠯ᠎ᠠ ᠪᠠᠷ ᠡᠭᠦᠰᠦᠭᠰᠡᠨ ᠰᠠᠳᠤᠨ ᠰᠦᠯᠪᠡᠭᠡ ᠶ᠋ᠢᠨ ᠳᠠᠭᠤᠳᠠᠯᠭ᠎ᠠ᠃
ᠨᠠᠢᠵᠢ
ᠥᠬᠢᠳ ᠬᠣᠭᠣᠷᠣᠨᠳᠣ ᠪᠠᠨ ᠰᠠᠢᠬᠠᠨ ᠳᠠᠰᠤᠯᠴᠠᠭᠰᠠᠨ ᠪᠤᠶᠤ ᠥᠭᠡᠷ᠎ᠡ ᠶᠠᠮᠠᠷ ᠨᠢᠭᠡᠨ ᠰᠢᠯᠲᠠᠭᠠᠨ ᠢ᠋ᠶ᠋ᠠᠷ ᠨᠢᠭᠡᠨ ᠢ᠋ᠶ᠋ᠡᠨ ᠵᠢᠷᠤᠮ ᠤ᠋ᠨ ᠪᠤᠶᠤ ᠬᠠᠭᠤᠷᠠᠢ ᠡᠭᠡᠴᠢ᠂ ᠥᠬᠢᠨ ᠳᠡᠭᠦᠦ ᠪᠣᠯᠭᠠᠭᠰᠠᠨ ᠢ ᠨᠠᠢᠵᠢ ᠭᠡᠨ᠎ᠡ᠃
ᠠᠨᠳᠠ
ᠬᠥᠪᠡᠭᠦᠳ ᠬᠣᠭᠣᠷᠣᠨᠳᠣ ᠪᠠᠨ ᠰᠠᠢᠨ ᠪᠣᠯᠤᠯᠴᠠᠭᠰᠠᠨ ᠢ᠋ ᠪᠠ ᠶᠠᠮᠠᠷ ᠨᠢᠭᠡᠨ ᠰᠢᠯᠲᠠᠭᠠᠨ ᠢ᠋ᠶ᠋ᠠᠷ᠂ ᠨᠢᠭᠡᠨ ᠢ᠋ᠶ᠋ᠡᠨ ᠵᠢᠷᠤᠮ ᠤ᠋ᠨ ᠪᠤᠶᠤ ᠬᠠᠭᠤᠷᠠᠢ ᠠᠬ᠎ᠠ ᠳᠡᠭᠦᠦ ᠲᠠᠨᠢᠯᠴᠠᠭᠰᠠᠨ ᠢ᠋ ᠠᠨᠳᠠ ᠭᠡᠳᠡᠭ᠃ ᠴᠢᠰᠤ ᠪᠠᠨ ᠤᠤᠭᠤᠯᠴᠠᠨ ᠠᠬ᠎ᠠ ᠳᠡᠭᠦᠦ ᠲᠠᠨᠢᠯᠴᠠᠭᠰᠠᠨ ᠢ᠋ ᠵᠢᠷᠤᠮ ᠤ᠋ᠨ ᠠᠬ᠎ᠠ ᠳᠡᠭᠦᠦ ᠭᠡᠨ᠎ᠡ᠃ ᠪᠠᠰᠠ ᠲᠡᠭᠷᠢ ᠳ᠋ᠦ᠍ ᠮᠥᠷᠭᠥᠭᠰᠡᠨ ᠠᠬ᠎ᠠ ᠳᠡᠭᠦᠦ ᠭᠡᠳᠡᠭ᠃ ᠬᠠᠳᠠᠭ ᠲᠠᠯᠪᠢᠨ ᠮᠥᠷᠭᠥᠵᠦ ᠠᠬ᠎ᠠ ᠪᠤᠶᠤ ᠳᠡᠭᠦᠦ ᠪᠣᠯᠭᠠᠭᠰᠠᠨ ᠢ᠋ ᠬᠠᠭᠤᠷᠠᠢ ᠠᠬ᠎ᠠ ᠳᠡᠭᠦᠦ ᠭᠡᠨ᠎ᠡ᠃
ᠬᠠᠭᠤᠷᠠᠢ ᠡᠴᠢᠭᠡ ᠡᠬᠡ
ᠠᠮᠢᠳᠤᠷᠠᠯ ᠤ᠋ᠨ ᠶᠠᠮᠠᠷ ᠨᠢᠭᠡᠨ ᠰᠢᠯᠲᠠᠭᠠᠨ ᠠ᠋ᠴᠠ ᠪᠣᠯᠵᠤ ᠡᠨᠡ ᠬᠦ᠌ ᠬᠣᠶᠠᠷ ᠨᠠᠰᠤᠲᠠᠨ ᠢ᠋ ᠲᠦᠰᠢᠬᠦ ᠴᠢᠬᠤᠯᠠᠲᠠᠢ ᠠ᠋ᠴᠠ ᠪᠣᠯᠵᠤ᠂ ᠬᠠᠳᠠᠭ ᠲᠠᠯᠪᠢᠨ ᠮᠥᠷᠭᠥᠵᠦ ᠡᠴᠢᠭᠡ ᠡᠬᠡ ᠪᠣᠯᠭᠠᠭᠰᠠᠨ ᠢ᠋ ᠬᠠᠭᠤᠷᠠᠢ ᠡᠴᠢᠭᠡ ᠡᠬᠡ ᠭᠡᠳᠡᠭ᠃
ᠳᠡᠭᠡᠷᠡᠬᠢ ᠪᠣᠯ ᠪᠦᠷ ᠰᠦᠯᠪᠡᠭᠡ ᠳ᠋ᠦ᠍ ᠪᠠᠭᠲᠠᠭᠰᠠᠨ ᠣᠢᠷ᠎ᠠ ᠰᠦᠯᠪᠡᠭᠡᠳᠡᠨ ᠪᠣᠯᠤᠨ᠎ᠠ᠃
