ᠳᠤᠲᠠᠨ᠎ᠠ ᠤᠤ- ᠰᠠᠢᠨᠴᠣᠭᠲᠣДутна уу-сайнцогт
ᠳᠤᠲᠠᠨ᠎ᠠ ᠤᠤ
ᠰᠠᠢᠨᠴᠣᠭᠲᠣ
ᠬᠠᠳᠠ ᠲᠠᠢ ᠭᠠᠵᠠᠷ ᠴᠤᠤᠷᠢᠶ᠎ᠠ ᠪᠠᠷ ᠳᠤᠲᠠᠨ᠎ᠠ ᠤᠤ
ᠬᠠᠷᠭᠠᠨ᠎ᠠ ᠲᠠᠢ ᠭᠠᠵᠠᠷ ᠥᠷᠭᠡᠰᠦ ᠪᠡᠷ ᠳᠤᠲᠠᠨ᠎ᠠ ᠤᠤ
ᠬᠠᠷᠢᠶᠠᠯ ᠲᠠᠢ ᠬᠣᠯᠪᠣᠭ᠎ᠠ ᠬᠡᠷᠡᠭᠦᠯ ᠢ᠋ᠶ᠋ᠡᠷ ᠳᠤᠲᠠᠨ᠎ᠠ ᠤᠤ
ᠬᠠᠰᠢᠶᠠᠯᠠᠭᠰᠠᠨ ᠰᠦᠷᠦᠭ ᠨᠢᠯᠪᠤᠰᠤ ᠪᠠᠷ ᠳᠤᠲᠠᠨ᠎ᠠ ᠤᠤ
ᠪᠤᠲᠠ ᠲᠠᠢ ᠭᠠᠵᠠᠷ
ᠪᠥᠵᠥᠩ ᠢ᠋ᠶ᠋ᠡᠷ ᠳᠤᠲᠠᠨ᠎ᠠ ᠤᠤ
ᠪᠤᠷᠵᠠᠩ ᠲᠠᠢ ᠤᠰᠤ ᠬᠣᠷᠣᠬᠠᠢ ᠪᠠᠷ ᠳᠤᠲᠠᠨ᠎ᠠ ᠤᠤ
ᠪᠤᠰᠢᠭᠤ ᠭᠠᠷ ᠲᠤ ᠠᠷᠠᠯᠵᠢᠶ᠎ᠠ ᠪᠠᠷ ᠳᠤᠲᠠᠨ᠎ᠠ ᠤᠤ
ᠪᠤᠯᠤᠩ ᠭᠠᠵᠠᠷ ᠲᠤ ᠬᠣᠭ ᠢ᠋ᠶ᠋ᠠᠷ ᠳᠤᠲᠠᠨ᠎ᠠ ᠤᠤ
ᠰᠠᠷᠬᠢᠨᠠᠭ ᠭᠦᠵᠡᠭᠡ ᠰᠡᠪᠡᠰᠦ ᠪᠡᠷ ᠳᠤᠲᠠᠨ᠎ᠠ ᠤᠤ
ᠰᠠᠨᠠᠭ᠎ᠠ ᠮᠠᠭᠤᠳᠠᠨ ᠰᠡᠵᠢᠭ ᠢ᠋ᠶ᠋ᠡᠷ ᠳᠤᠲᠠᠨ᠎ᠠ ᠤᠤ
ᠰᠠᠯᠠᠭ᠎ᠠ ᠲᠠᠢ ᠮᠣᠳᠣ ᠨᠠᠪᠴᠢ ᠪᠠᠷ ᠳᠤᠲᠠᠨ᠎ᠠ ᠤᠤ
ᠰᠠᠯᠬᠢᠨ ᠲᠠᠢ ᠵᠢᠯ ᠲᠣᠭᠣᠰᠣ ᠪᠠᠷ ᠳᠤᠲᠠᠨ᠎ᠠ ᠤᠤ
ᠨᠣᠬᠠᠢ ᠲᠠᠢ ᠠᠢᠯ ᠴᠢᠮᠡᠭᠡ ᠪᠡᠷ ᠳᠤᠲᠠᠨ᠎ᠠ ᠤᠤ
ᠨᠣᠢᠷ ᠲᠠᠢ ᠬᠥᠮᠦᠨ ᠵᠡᠭᠦᠳᠦ ᠪᠡᠷ ᠳᠤᠲᠠᠨ᠎ᠠ ᠤᠤ
ᠨᠣᠭᠲᠣ ᠲᠠᠢ ᠮᠣᠷᠢ ᠤᠶᠠᠭ᠎ᠠ ᠪᠠᠷ ᠳᠤᠲᠠᠨ᠎ᠠ ᠤᠤ
ᠨᠣᠯᠤᠤᠷ ᠲᠠᠢ ᠢᠮᠠᠭ᠎ᠠ ᠶᠠᠯ᠎ᠠ ᠪᠠᠷ ᠳᠤᠲᠠᠨ᠎ᠠ ᠤᠤ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠤᠳᠬᠠᠨᠰᠤ᠎ᠠ
