ᠮᠢᠨᠦ ᠬᠥᠳᠡᠭᠡМиний хөдөө ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠬᠥᠳᠡᠭᠡМиний хөдөө

ᠮᠢᠨᠦ ᠬᠥᠳᠡᠭᠡМиний хөдөө

2023-11-29

485

ᠮᠢᠨᠦ ᠬᠥᠳᠡᠭᠡ

ᠲᠩᠷᠢ ᠶ᠋ᠢᠨ ᠭᠡᠷᠡᠯ ᠲᠣᠭᠣᠨᠣ ᠪᠠᠷ ᠲᠤᠶᠠᠭᠠᠷᠠᠵᠤ 
ᠳᠡᠷᠡᠰᠦᠨ ᠲᠣᠯᠣᠭᠠᠢ ᠰᠠᠯᠬᠢᠨ ᠳ᠋ᠤ᠌ ᠨᠠᠢᠭᠤᠵᠤ 
ᠭᠡᠭᠦᠦ ᠦᠦᠷᠰᠡᠵᠦ ᠤᠨᠠᠭ᠎ᠠ ᠢᠨᠴᠠᠭᠠᠭᠰᠠᠨ 
ᠬᠥᠬᠦᠦᠷ ᠲᠡᠢ ᠠᠢᠷᠠᠭ ᠱᠤᠤᠭᠢᠵᠤ ᠢᠰᠦᠭᠰᠡᠨ 
ᠡᠨᠡ ᠮᠢᠨᠦ ᠬᠥᠳᠡᠭᠡ ᠶᠦᠮ ᠠ᠋ 

ᠰᠢᠨᠡᠬᠡᠨ ᠬᠣᠣᠰ ᠤ᠋ᠨ ᠤᠶᠠᠭᠠᠨ ᠳ᠋ᠤ᠌ ᠬᠦᠯᠦᠭ ᠮᠣᠷᠢᠳ ᠳᠦᠭᠦᠷᠡᠩ 
ᠰᠢᠷᠡᠮᠦᠨ ᠲᠣᠭᠣᠭ᠎ᠠ ᠲᠠᠢ ᠰᠦᠨ ᠳ᠋ᠦ᠍ ᠥᠷᠥᠮ᠎ᠡ ᠪᠠᠢᠬᠤ ᠰᠠᠢᠬᠠᠨ 
ᠰᠢᠮ᠎ᠡ ᠶ᠋ᠢᠨ ᠮᠣᠩᠭᠣᠯ ᠠᠷᠢᠬᠢ ᠳᠣᠲᠣᠷ ᠵᠢᠭᠠᠬᠠᠨ ᠬᠠᠯᠠᠭᠠᠭᠠᠳ 
ᠰᠢᠪᠡᠷᠡᠭᠡ ᠪᠣᠷᠣᠭ᠎ᠠ ᠲᠠᠢ ᠦᠳᠡᠰᠢ ᠪᠡᠷ ᠬᠥᠯᠴᠥᠭᠦᠦ ᠮᠣᠷᠳᠠᠬᠤ ᠰᠠᠢᠬᠠᠨ 
ᠡᠨᠡ ᠮᠢᠨᠦ ᠬᠥᠳᠡᠭᠡ ᠶᠦᠮ ᠠ᠋ 

ᠠᠯᠤᠰ ᠠᠭᠤᠳᠠᠮ ᠨᠤᠲᠤᠭ ᠤ᠋ᠨ ᠵᠠᠬ᠎ᠠ ᠬᠢᠵᠠᠭᠠᠷ ᠦᠭᠡᠢ ᠶ᠋ᠢᠨ ᠳᠤᠮᠳᠠ
ᠠᠳᠤᠭᠤ ᠮᠠᠯ ᠤ᠋ᠨ ᠲᠣᠭᠣᠰᠣ ᠬᠥᠨᠳᠡᠢ ᠪᠦᠷᠬᠦᠭᠰᠡᠨ ᠲᠠᠯ᠎ᠠ ᠳ᠋ᠤ᠌
ᠠᠢᠯ ᠭᠡᠷ ᠦ᠋ᠨ ᠪᠠᠷ᠎ᠠ ᠵᠢᠷᠭᠡᠯᠭᠡᠨ ᠴᠠᠢᠯᠵᠠᠬᠤ ᠬᠥᠨᠳᠡᠢ ᠳ᠋ᠦ᠍
ᠠᠢᠯ ᠤ᠋ᠨ ᠨᠣᠬᠠᠳ ᠬᠤᠴᠠᠵᠤ ᠮᠣᠷᠢᠨ ᠲᠦᠪᠡᠷᠭᠡᠨ ᠰᠣᠨᠣᠰᠳᠠᠬᠤ
ᠡᠨᠡ ᠮᠢᠨᠦ ᠬᠥᠳᠡᠭᠡ ᠶᠦᠮ ᠠ᠋

ᠪᠤᠮ ᠲᠦᠮᠡᠨ ᠰᠦᠷᠦᠭ ᠲᠠᠢᠪᠤᠩ ᠨᠠᠯᠠᠢᠨ ᠪᠡᠯᠴᠢᠬᠦ
ᠪᠤᠳᠠᠩ ᠳᠤᠮᠳᠠ ᠪᠠᠨ ᠠᠭᠤᠯᠠᠰ ᠣᠷᠴᠢᠯᠠᠩ ᠢ᠋ ᠴᠢᠮᠡᠨ ᠴᠦᠩᠬᠦᠢᠨ᠎ᠡ
ᠪᠤᠭᠤᠷᠤᠯ ᠡᠪᠦᠭᠡᠳ ᠦᠨ ᠰᠤᠷᠭᠠᠯ ᠰᠡᠳᠬᠢᠯ ᠵᠢᠷᠦᠬᠡᠨ ᠳ᠋ᠦ᠍ ᠤᠶᠠᠭ᠎ᠠ ᠲᠠᠢ
ᠪᠠᠬᠠᠳᠤᠮ᠎ᠠ ᠰᠠᠢᠬᠠᠨ ᠵᠠᠯᠠᠭᠤᠰ ᠤ᠋ᠨ ᠵᠣᠪᠬᠢᠨ ᠥᠭᠡᠳᠡ ᠪᠡᠨ ᠵᠣᠯᠪᠣᠭ᠎ᠠ ᠲᠠᠢ
ᠡᠨᠡ ᠮᠢᠨᠦ ᠬᠥᠳᠡᠭᠡ ᠶᠦᠮ ᠠ᠋

   ᠦᠰᠦᠭ ᠠᠮᠢᠯᠠᠭᠤᠯᠤᠭᠴᠢ᠄ ᠣᠳᠣᠨᠭᠡᠷᠡᠯ
   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
   ᠬᠢᠨᠠᠭᠴᠢ ᠪᠠᠭᠰᠢ᠄ ᠢᠷᠡᠭᠡᠳᠦᠢ