ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 10 > Хөх зул – Боржигон Ванжал –" Хоёр ᠂ Төрөл садны дуудлагын бүлэг " 10
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ –10
ᠣᠢᠷ᠎ᠠ ᠰᠦᠯᠪᠡᠭᠡ ᠶ᠋ᠢᠨ ᠬᠣᠭᠣᠷᠣᠨᠳᠤᠬᠢ ᠳᠠᠭᠤᠳᠠᠯᠭ᠎ᠠ Ойр сүлбээгийн хоорондох дуудлага
ᠪᠡᠷᠢ ᠪᠣᠭᠲᠣᠯᠠᠨ ᠠᠪᠴᠤ᠂ ᠥᠬᠢᠨ ᠢ᠋ᠶ᠋ᠡᠨ ᠪᠠᠭᠤᠯᠭᠠᠨ ᠥᠭᠭᠦᠭᠰᠡᠨ ᠬᠣᠶᠠᠷ ᠡᠲᠡᠭᠡᠳ ᠬᠠᠷᠢᠯᠴᠠᠨ ᠨᠢᠭᠡᠨ ᠨᠢᠭᠡᠨ ᠳ᠋ᠡᠭᠡᠨ ᠬᠣᠲᠠ ᠤᠷᠤᠭ ᠪᠣᠯᠤᠨ᠎ᠠ᠃
ᠡᠭᠦᠨ᠎ᠡ ① ᠲᠤᠰ ᠣᠪᠣᠭ ᠤ᠋ᠨ ᠥᠬᠢᠳ ( ᠡᠭᠡᠴᠢ ᠂ ᠥᠬᠢᠨ ᠳᠡᠭᠦᠦ ᠪᠠ ᠠᠪᠠᠭ᠎ᠠ ᠡᠭᠡᠴᠢ ᠡᠴᠡ ᠳᠡᠭᠡᠭᠰᠢ ᠪᠠᠯᠳᠠᠩ ᠡᠭᠡᠴᠢ ᠡᠮᠡᠭᠡ ᠬᠦᠷᠲᠡᠯ᠎ᠡ᠂ ᠳᠣᠷᠣᠭᠰᠢ ᠲᠡᠯᠢᠢᠬᠦᠢ ᠥᠬᠢᠨ ᠬᠦᠷᠲᠡᠯ᠎ᠡ ) ᠶ᠋ᠢᠨ ᠬᠠᠳᠠᠮ᠃
② ᠲᠤᠰ ᠣᠪᠣᠭ ᠲᠤ᠌ ᠪᠠᠭᠤᠯᠭᠠᠨ ᠠᠪᠴᠢᠷᠠᠭᠰᠠᠨ ᠪᠡᠷᠭᠡᠨ᠂ ᠳᠡᠭᠦᠦ ᠪᠡᠷᠢ ᠡᠴᠡ ᠳᠣᠷᠣᠭᠰᠢ ᠦᠶ᠎ᠡ ᠶ᠋ᠢᠨ ᠪᠡᠷᠢᠶᠡᠳ ᠦ᠋ᠨ ᠲᠥᠷᠬᠥᠮ᠃
③ ᠬᠠᠳᠠᠮ ᠤ᠋ᠨ ᠥᠬᠢᠳ ( ᠳᠡᠭᠡᠭᠰᠢ ᠳᠣᠷᠣᠭᠰᠢ ᠦᠶ᠎ᠡ ᠶ᠋ᠢᠨ ᠪᠠ ᠪᠡᠶ᠎ᠡ ᠯᠦ᠍ᠭᠡ ᠢᠵᠢᠯᠢ ᠦᠶ᠎ᠡ ᠶ᠋ᠢᠨ ᠥᠬᠢᠳ ) ᠦ᠋ᠨ ᠬᠠᠳᠠᠮ᠃ ᠬᠠᠳᠠᠮ ᠤ᠋ᠨ ᠪᠡᠶ᠎ᠡ ᠯᠦ᠍ᠭᠡ ᠢᠵᠢᠯᠢ ᠦᠶ᠎ᠡ ᠪᠣᠯᠤᠨ ᠳᠣᠷᠣᠭᠰᠢ ᠦᠶ᠎ᠡ ᠶ᠋ᠢᠨ ᠪᠡᠷᠢᠶᠡᠳ ᠲᠥᠷᠬᠥᠮ᠃
④ ᠲᠠᠭᠠᠷ ᠠᠬ᠎ᠠ ᠳᠡᠭᠦᠦ ᠂ ᠡᠭᠡᠴᠢ ᠥᠬᠢᠨ ᠳᠡᠭᠦᠦ ᠪᠠ ᠲᠡᠭᠦᠨ ᠡᠴᠡ ᠳᠣᠷᠣᠭᠰᠢ ᠦᠶ᠎ᠡ ᠶ᠋ᠢᠨ ᠬᠥᠪᠡᠭᠦᠳ ᠥᠬᠢᠳ ᠦ᠋ᠨ ᠬᠠᠳᠠᠮ᠃
⑤ ᠨᠠᠭᠠᠴᠤ ᠶ᠋ᠢᠨ ᠬᠡᠦᠬᠡᠳ ( ᠬᠦᠦ ᠪᠠ ᠥᠬᠢᠨ ᠦ᠌ ᠬᠢᠨ ) ᠦ᠌ ᠬᠠᠳᠠᠮ᠃
⑥ ᠪᠦᠯᠦ ᠠᠬ᠎ᠠ᠂ ᠳᠡᠭᠦᠦ᠂ ᠡᠭᠡᠴᠢ᠂ ᠥᠬᠢᠨ ᠳᠡᠭᠦᠦ ᠪᠠ ᠲᠡᠭᠦᠨ ᠡᠴᠡ ᠳᠣᠷᠣᠭᠰᠢ ᠦᠶ᠎ᠡ ᠶ᠋ᠢᠨ ᠬᠥᠪᠡᠭᠦᠨ ᠥᠬᠢᠳ ᠦ᠋ᠨ ᠬᠠᠳᠠᠮ᠃
⑦ ᠵᠢᠭᠡ ᠬᠥᠪᠡᠭᠦᠳ ᠥᠬᠢᠳ ᠦ᠋ᠨ ᠬᠠᠳᠠᠮ᠃
ᠬᠠᠳᠠᠮ
ᠡᠷ᠎ᠡ ᠡᠮ᠎ᠡ ᠬᠠᠷᠢᠯᠴᠠᠨ ᠣᠢᠷ᠎ᠠ ᠰᠠᠳᠤᠨ ᠢ᠋ᠶ᠋ᠠᠨ ᠳᠠᠭᠤᠳᠠᠯᠴᠠᠬᠤ ᠳᠠᠭᠤᠳᠠᠯᠭ᠎ᠠ᠃ ᠵᠢᠱ᠌ᠢᠶᠡᠯᠡᠪᠡᠯ : ᠡᠷ᠎ᠡ ᠶ᠋ᠢᠨ ᠲᠥᠷᠥᠯ ᠰᠠᠳᠤᠨ ᠨᠢ ᠡᠮ᠎ᠡ ᠳ᠋ᠦ᠍ ᠬᠠᠳᠠᠮ ᠪᠣᠯᠬᠤ᠂ ᠡᠮ᠎ᠡ ᠶ᠋ᠢᠨ ᠲᠥᠷᠥᠯ ᠰᠠᠳᠤᠨ ᠨᠢ ᠡᠷ᠎ᠡ ᠳ᠋ᠦ᠍ ᠬᠠᠳᠠᠮ ᠪᠣᠯᠤᠨ᠎ᠠ᠃ ᠬᠠᠳᠠᠮ ᠳ᠋ᠤ᠌ : ᠬᠠᠳᠠᠮ ᠡᠪᠦᠭᠡ᠂ ᠡᠮᠡᠭᠡ᠂ ᠡᠴᠢᠭᠡ᠂ ᠡᠬᠡ᠂ ᠡᠭᠡᠴᠢ᠂ ᠳᠡᠭᠦᠦ᠂ ᠥᠬᠢᠨ ᠳᠡᠭᠦᠦ᠂ ᠬᠦᠦ᠂ ᠥᠬᠢᠨ ᠵᠡᠷᠭᠡ ᠪᠠᠭᠲᠠᠨ᠎ᠠ᠃ ᠡᠳᠡ ᠨᠠᠷ ᠪᠣᠯ ᠪᠡᠶ᠎ᠡ ᠳ᠋ᠦ᠍ ᠰᠠᠳᠤᠨ ᠪᠣᠯᠤᠨ᠎ᠠ᠃ ᠡᠨᠡ ᠰᠠᠳᠤᠳ ᠤ᠋ᠨ ᠲᠥᠷᠬᠥᠮ ᠪᠠ ᠬᠠᠳᠠᠮ ᠤ᠋ᠳ ᠨᠢ ᠪᠡᠶ᠎ᠡ ᠳ᠋ᠦ᠍ ᠰᠦᠯᠪᠡᠭᠡ ᠪᠣᠯᠤᠨ᠎ᠠ᠃ ᠵᠢᠱ᠌ᠢᠶᠡᠯᠡᠪᠡᠯ : ᠬᠠᠳᠠᠮ ᠡᠭᠡᠴᠢ ᠶ᠋ᠢᠨ ᠬᠠᠳᠠᠮ᠂ ᠬᠠᠳᠠᠮ ᠪᠡᠷᠭᠡᠨ ᠦ᠌ ᠲᠥᠷᠬᠥᠮ ᠭᠡᠬᠦ ᠮᠡᠲᠦ ᠪᠠᠢᠬᠤ ᠯᠠ᠃
ᠨᠠᠭᠠᠴᠤ ᠶ᠋ᠢᠨ ᠲᠠᠯ᠎ᠠ ᠶ᠋ᠢᠨ ᠰᠦᠯᠪᠡᠭᠡ
ᠨᠠᠭᠠᠴᠤ ᠶ᠋ᠢᠨ ᠭᠡᠷ ᠦ᠋ᠨ ᠬᠢ ᠴᠤᠠᠭᠠᠷ ᠢ᠋ᠶ᠋ᠠᠨ ᠪᠡᠶ᠎ᠡ ᠳ᠋ᠦ᠍ ᠰᠠᠳᠤᠨ ᠪᠣᠯᠤᠨ᠎ᠠ᠃ ᠲᠡᠳᠡᠨᠦᠰ ᠦ᠋ᠨ ᠬᠠᠳᠠᠮ ᠪᠠ ᠲᠥᠷᠬᠥᠮ ᠦ᠋ᠨ ᠬᠥᠮᠦᠰ ᠨᠢ ᠪᠡᠶ᠎ᠡ ᠳ᠋ᠦ᠍ ᠰᠦᠯᠪᠡᠭᠡ ᠪᠣᠯᠤᠨ᠎ᠠ᠃
ᠠᠪᠠᠭ᠎ᠠ ᠡᠭᠡᠴᠢ ᠶ᠋ᠢᠨ ᠲᠠᠯ᠎ᠠ ᠶ᠋ᠢᠨ ᠰᠦᠯᠪᠡᠭᠡ
ᠠᠪᠠᠭ᠎ᠠ ᠬᠦᠷᠭᠡᠨ ᠠᠬ᠎ᠠ ( ᠰᠠᠳᠤᠨ ) ᠠ᠋ᠴᠠ ᠪᠤᠰᠤᠳ ᠨᠢ ᠪᠦᠷ ᠪᠡᠶ᠎ᠡ ᠳ᠋ᠦ᠍ ᠰᠦᠯᠪᠡᠭᠡ ᠪᠣᠯᠤᠨ᠎ᠠ᠃
ᠨᠠᠭ᠎ᠠ ( ᠲᠠᠭᠠᠷ ) ᠪᠦᠯᠦ ᠂ ᠵᠢᠭᠡ ᠶ᠋ᠢᠨ ᠲᠠᠯ᠎ᠠ ᠶ᠋ᠢᠨ ᠰᠦᠯᠪᠡᠭᠡ
ᠨᠠᠭ᠎ᠠ ( ᠲᠠᠭᠠᠷ ) ᠪᠦᠯᠦ᠂ ᠵᠢᠭᠡ ᠨᠢ ᠪᠡᠶ᠎ᠡ ᠳ᠋ᠦ᠍ ᠰᠠᠳᠤᠨ ᠪᠣᠯᠤᠨ᠎ᠠ᠃ ᠲᠡᠳᠡᠨᠦᠰ ᠦ᠋ᠨ ᠬᠠᠳᠠᠮ ᠤ᠋ᠨ ᠣᠯᠠᠨ ᠬᠥᠮᠦᠰ ᠨᠢ ᠪᠡᠶ᠎ᠡ ᠳ᠋ᠦ᠍ ᠰᠦᠯᠪᠡᠭᠡ ᠪᠣᠯᠤᠨ᠎ᠠ᠃
