ᠭᠠᠩᠭᠠᠩ ᠪᠣᠷᠣᠯᠠᠭ- ᠵᠢᠷᠭᠠᠯ ᠤ᠋ᠨ ᠡᠷᠳᠡᠨᠢᠳᠠᠯᠠᠢ- ᠵᠠᠬᠠᠴᠢᠨ ᠠᠷᠠᠳ ᠤ᠋ᠨ ᠳᠠᠭᠤᠤГанган борлог-Жаргалын Эрдэнэдалай-захчин ардын дуу
ᠭᠠᠩᠭᠠᠩ ᠪᠣᠷᠣᠯᠠᠭ
ᠵᠠᠬᠠᠴᠢᠨ ᠠᠷᠠᠳ ᠤ᠋ᠨ ᠳᠠᠭᠤᠤ
ᠳᠠᠭᠤᠴᠢᠨ᠄ ᠵᠢᠷᠭᠠᠯ ᠤ᠋ᠨ ᠡᠷᠳᠡᠨᠢᠳᠠᠯᠠᠢ
ᠭᠠᠳᠠᠭ᠎ᠠ ᠱᠣᠩ ᠳᠡᠭᠡᠷ᠎ᠡ ᠤᠶᠠᠭᠠᠲᠠᠢ ᠪᠠᠢᠭ᠎ᠠ
ᠭᠠᠩᠭᠠᠩ ᠪᠣᠷᠣᠯᠠᠭ ᠬᠡᠨ ᠦ᠌ ᠬᠢ ᠪᠣᠢ
ᠭᠠᠯ ᠤ᠋ᠨ ᠵᠠᠬ᠎ᠠ ᠳ᠋ᠤ᠌ ᠬᠡᠪᠲᠡᠵᠦ ᠪᠠᠢᠭ᠎ᠠ
ᠭᠠᠨᠵᠠ ( ᠭᠠᠩᠰᠠ ) ᠲᠦᠩᠭᠡᠷᠴᠡᠭ ᠬᠡᠨ ᠦ᠌ ᠬᠢ ᠪᠣᠢ
ᠬᠥᠳᠡᠭᠡ ᠱᠣᠩ ᠳᠡᠭᠡᠷ᠎ᠡ ᠤᠶᠠᠭᠠᠲᠠᠢ ᠪᠠᠢᠭ᠎ᠠ
ᠬᠥᠭᠡᠷᠦᠬᠦᠨ ᠪᠣᠷᠣᠯᠠᠭ ᠬᠡᠨ ᠦ᠌ ᠬᠢ ᠪᠣᠢ
ᠬᠥᠭᠡᠨᠡᠨ ᠳᠡᠭᠡᠷ᠎ᠡ ᠲᠣᠬᠣᠭᠠᠰᠤᠲᠠᠢ ᠪᠠᠢᠭ᠎ᠠ
ᠬᠥᠭᠡᠷᠭᠡ ᠲᠡᠯᠢᠩ ᠬᠡᠨ ᠦ᠌ ᠬᠢ ᠪᠣᠢ ᠬᠦ
ᠲᠤᠭᠤᠯ ᠤ᠋ᠨ ᠵᠠᠯᠠᠨ ᠠ᠋ᠴᠠ ᠤᠶᠠᠭᠠᠲᠠᠢ ᠪᠠᠢᠭ᠎ᠠ
ᠲᠣᠭᠣᠳᠣᠩ ᠪᠣᠷᠣᠯᠠᠭ ᠬᠡᠨ ᠦ᠌ ᠬᠢ ᠪᠣᠢ ᠬᠦ
ᠲᠤᠯᠭᠠᠨ ᠤ᠋ ᠵᠠᠬ᠎ᠠ ᠳ᠋ᠤ᠌ ᠬᠡᠪᠲᠡᠵᠦ ᠪᠠᠢᠭ᠎ᠠ
ᠲᠤᠤᠬᠤᠤ ᠭᠤᠳᠤᠰᠤ ᠨᠢ ᠬᠡᠨ ᠦ᠌ ᠪᠣᠢ ᠬᠦ
ᠠᠢᠯ ᠤ᠋ᠨ ᠭᠠᠵᠠᠭ᠎ᠠ ( ᠭᠠᠳᠠᠭ᠎ᠠ ) ᠤᠶᠠᠭ᠎ᠠ ᠲᠠᠢ ᠪᠠᠢᠭ᠎ᠠ
ᠠᠭᠰᠤᠮ ᠪᠣᠷᠣᠯᠠᠭ ᠬᠡᠨ ᠦ᠌ ᠬᠢ ᠪᠣᠢ ᠬᠦ
ᠠᠷᠢᠬᠢᠨ ᠳ᠋ᠤ᠌ ᠪᠠᠨ ᠰᠣᠭᠲᠣᠭᠠᠳ ᠬᠡᠪᠲᠡᠵᠦ ᠪᠠᠢᠭ᠎ᠠ
ᠠᠲᠤᠭᠠᠷ ᠡᠷ᠎ᠡ ᠨᠢ ᠬᠡᠨ ᠭᠡᠭᠴᠢ ᠪᠣᠢ
ᠭᠡᠷ ᠦ᠋ᠨ ᠪᠦᠰᠡᠯᠡᠭᠦᠷ ᠡᠴᠡ ᠤᠶᠠᠭᠠᠲᠠᠢ ᠪᠠᠢᠭ᠎ᠠ
ᠭᠡᠲᠡᠩ ᠪᠣᠷᠣᠯᠠᠭ ᠬᠡᠨ ᠦ᠌ ᠬᠢ ᠪᠣᠢ ᠬᠦ
ᠭᠡᠷ ᠲᠤ ᠭᠠᠵᠠᠭ᠎ᠠ ( ᠭᠠᠳᠠᠭ᠎ᠠ ) ᠪᠠᠨ ᠮᠡᠳᠡᠬᠦ ᠦᠭᠡᠢ ᠶᠠᠪᠤᠭ᠎ᠠ
ᠭᠡᠨᠡᠨ ᠰᠣᠭᠲᠣᠭᠤ ᠲᠡᠷᠡ ᠨᠢ ᠬᠡᠨ ᠭᠡᠭᠴᠢ ᠪᠣᠢ
ᠭᠡᠷ ᠲᠤ ᠭᠠᠵᠠᠭ᠎ᠠ ( ᠭᠠᠳᠠᠭ᠎ᠠ ) ᠪᠠᠨ ᠮᠡᠳᠡᠬᠦ ᠦᠭᠡᠢ ᠶᠠᠪᠤᠭ᠎ᠠ
ᠭᠡᠨᠡᠨ ᠰᠣᠭᠲᠣᠭᠤ ᠲᠡᠷᠡ ᠨᠢ ᠬᠡᠨ ᠭᠡᠭᠴᠢ ᠪᠣᠢ
ᠬᠡᠨ ᠭᠡᠭᠴᠢ ᠪᠣᠢ
ᠬᠡᠨ ᠭᠡᠭᠴᠢ ᠪᠣᠢ
ᠬᠡᠨ ᠭᠡᠭᠴᠢ ᠪᠣᠢ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠬᠢᠨᠠᠭᠴᠢ ᠪᠠᠭᠰᠢ᠄ ᠢᠷᠡᠭᠡᠳᠦᠢ᠂ ᠭᠠᠷᠮ᠎ᠠ᠂ ᠰᠡᠷᠭᠦᠯᠡᠩ᠂ ᠴᠣᠯᠮᠣᠨ ᠨᠠᠷ
