ᠤᠯᠠᠮᠵᠢᠯᠠᠯᠲᠤ ᠶᠣᠰᠣ ᠵᠠᠩᠰᠢᠯ ᠢ᠋ᠶ᠋ᠠᠨ ᠪᠢᠲᠡᠭᠡᠢ ᠭᠠᠢᠬᠠᠭᠤᠯᠤᠭᠠᠳ ᠪᠠᠢУламжлалт ёс заншлаа битгий гайхуулаад бай ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠮᠵᠢᠯᠠᠯᠲᠤ ᠶᠣᠰᠣ ᠵᠠᠩᠰᠢᠯ ᠢ᠋ᠶ᠋ᠠᠨ ᠪᠢᠲᠡᠭᠡᠢ ᠭᠠᠢᠬᠠᠭᠤᠯᠤᠭᠠᠳ ᠪᠠᠢУламжлалт ёс заншлаа битгий гайхуулаад бай

ᠤᠯᠠᠮᠵᠢᠯᠠᠯᠲᠤ ᠶᠣᠰᠣ ᠵᠠᠩᠰᠢᠯ ᠢ᠋ᠶ᠋ᠠᠨ ᠪᠢᠲᠡᠭᠡᠢ ᠭᠠᠢᠬᠠᠭᠤᠯᠤᠭᠠᠳ ᠪᠠᠢУламжлалт ёс заншлаа битгий гайхуулаад бай

ᠠᠩᠭᠢᠯᠠᠯ:ᠵᠠᠩ ᠦᠢᠯᠡ
2023-11-28

665

ᠤᠯᠠᠮᠵᠢᠯᠠᠯᠲᠤ ᠶᠣᠰᠣ ᠵᠠᠩᠰᠢᠯ ᠢ᠋ᠶ᠋ᠠᠨ ᠪᠢᠲᠡᠭᠡᠢ ᠭᠠᠢᠬᠠᠭᠤᠯᠤᠭᠠᠳ ᠪᠠᠢ

   ᠵᠠ᠂ ᠥᠨᠥᠳᠥᠷ ᠪᠣᠯ ᠭᠠᠯ ᠤ᠋ᠨ ᠬᠣᠷᠢᠨ ᠭᠤᠷᠪᠠᠨ᠂ ᠭᠠᠯ ᠡᠳᠦᠷ᠂ ᠭᠠᠵᠠᠷ ᠭᠠᠵᠠᠷ ᠤ᠋ᠨ ᠮᠣᠩᠭᠣᠯᠴᠤᠳ ᠪᠦᠷ ᠮᠡᠳᠡᠨ᠎ᠡ ᠠ᠋!
   ᠡᠨᠡ ᠣᠳᠣ ᠶᠡᠬᠡ ᠭᠠᠢᠬᠠᠭᠤᠯᠤᠭᠠᠳ᠂ ᠶᠡᠬᠡ ᠮᠡᠷᠭᠡᠯᠡᠭᠡᠳ ᠪᠠᠢᠮᠠᠷ ᠶᠤᠮ ᠴᠦ᠍ ᠪᠢᠰᠢ᠂ ᠡᠨᠡ ᠴᠢᠨᠢ ᠣᠳᠣ ᠭᠠᠯ ᠲᠦᠯᠡᠬᠦ ᠵᠤᠤᠬ᠎ᠠ ᠲᠠᠢ᠂ ᠭᠠᠳᠠᠨ᠎ᠠ ᠪᠠᠨ ᠬᠥᠷᠵᠡᠩ ᠠᠷᠭᠠᠯ ᠲᠠᠢ᠂ ᠡᠢᠮᠦ ᠰᠠᠢᠬᠠᠨ ᠮᠣᠩᠭᠣᠯᠴᠤᠳ ᠯᠠ ᠳᠠᠬᠢᠳᠠᠭ ᠬᠡᠨ ᠴᠦ᠍ ᠮᠡᠳᠡᠨ᠎ᠡ᠃
   ᠵᠠ᠂ ᠢᠩᠭᠢᠭᠡᠳ ᠡᠨᠡ ᠰᠠᠢᠬᠠᠨ ᠭᠠᠯ᠂ ᠭᠠᠯ ᠢ᠋ᠶ᠋ᠠᠨ ᠴᠣᠬᠣᠮ ᠬᠠᠮᠢᠭ᠎ᠠ ᠲᠠᠬᠢᠨ᠎ᠠ ᠤᠤ᠂ ᠶᠠᠭᠠᠬᠢᠵᠤ ᠲᠠᠬᠢᠨ᠎ᠠ ᠤᠤ᠂ ᠣᠳᠣ ᠡᠨᠡ ᠭᠠᠢᠬᠠᠭᠤᠯᠤᠭᠠᠳ ᠲᠡᠷᠡ ᠲᠠᠯᠠᠪᠠᠢ ᠳᠡᠭᠡᠷ᠎ᠡ ᠠᠪᠠᠴᠢᠭᠠᠳ ᠳᠠᠬᠢᠳᠠᠭ ᠶᠤᠮ ᠤᠤ᠂ ᠭᠠᠷ ᠤᠲᠠᠰᠤᠨ ᠳᠡᠭᠡᠷ᠎ᠡ ᠪᠡᠨ ᠳᠠᠬᠢᠳᠠᠭ ᠶᠤᠮ ᠤᠤ᠂ ᠭᠠᠯ ᠤ᠋ᠨ ᠬᠠᠢᠴᠢ ᠪᠠᠨ ᠪᠠᠷᠢᠭᠠᠳ ᠭᠡᠷ ᠭᠡᠷ ᠲᠤ ᠪᠡᠨ ᠳᠠᠬᠢᠳᠠᠭ ᠶᠤᠮ ᠤᠤ⁈ ᠡᠨᠡ ᠪᠣᠯ ᠶᠡᠬᠡ ᠴᠢᠬᠤᠯᠠ ᠪᠣᠯᠤᠭᠠᠳ ᠪᠠᠢᠨ᠎ᠠ᠃
   ᠣᠳᠣ ᠲᠦᠷᠦᠭᠦᠦ ᠬᠡᠳᠦᠨ ᠵᠢᠯ ᠨᠢᠭᠡ ᠬᠡᠰᠡᠭ ᠡᠨᠡ ᠬᠣᠰᠢᠭᠤ ᠪᠠᠯᠭᠠᠰᠤ ᠪᠠᠷ ᠣᠳᠣ ᠬᠣᠷᠢ ᠭᠤᠴᠢᠨ ᠡᠪᠴᠢᠭᠦᠦ ᠨᠡᠢᠯᠡᠭᠦᠯᠦᠭᠡᠳ ᠲᠡᠭᠡᠭᠡᠳ ᠯᠡ ᠣᠳᠣ ᠬᠣᠢᠨ᠎ᠠ ᠠ᠋ᠴᠠ ᠨᠢ ᠰᠦ᠂ ᠠᠷᠢᠬᠢ ᠣᠳᠣ ᠶᠡᠷᠦ ᠨᠢ ᠰᠦᠯᠢᠶᠣᠣ᠂ ᠬᠠᠪᠲᠠᠭ᠎ᠠ ᠶᠠᠭᠤ ᠴᠦ᠍ ᠶᠤᠮ⁈ ᠮᠡᠳᠡᠬᠦ ᠦᠭᠡᠢ ᠪᠦᠬᠦ ᠶᠠᠭᠤᠮ᠎ᠠ ᠬᠣᠯᠢᠭᠠᠳ ᠬᠣᠶᠠᠷ ᠭᠤᠷᠪᠠᠨ ᠡᠳᠦᠷ ᠦ᠋ᠨ ᠦᠮᠡᠬᠡᠢ ᠬᠡᠩᠰᠢᠭᠦᠦ ᠬᠠᠩᠬᠤᠯᠤᠭᠤᠯᠤᠭᠠᠳ ᠬᠣᠭ ᠤ᠋ᠨ ᠣᠪᠣᠭ᠎ᠠ ᠰᠢᠭ᠋ ᠶᠠᠭᠤᠮ᠎ᠠ ᠶ᠋ᠢ ᠬᠢᠭᠡᠳ ᠬᠠᠶᠠᠴᠢᠬᠠᠵᠤ ᠪᠠᠢᠨ᠎ᠠ ᠰᠢᠳᠡ᠃
   ᠵᠠ᠂ ᠢᠩᠭᠢᠭᠰᠡᠨ ᠴᠢᠨᠢ ᠣᠳᠣ ᠡᠨᠡ ᠭᠠᠯ ᠤ᠋ᠨ ᠪᠤᠷᠬᠠᠨ ᠰᠠᠬᠢᠭᠤᠯᠰᠤᠨ ᠠᠭᠤᠷᠯᠠᠴᠢᠬᠠᠳᠠᠭ ᠪᠠᠢᠬᠤ ᠦᠭᠡᠢ ᠤᠤ᠂ ᠬᠣᠢᠨ᠎ᠠ ᠠ᠋ᠴᠠ ᠨᠢ ᠣᠳᠣ ᠬᠤᠢ ᠰᠠᠯᠬᠢ ᠳᠡᠭᠳᠡᠭᠡᠳ᠂ ᠬᠤᠷ᠎ᠠ ᠪᠣᠷᠣᠭᠠᠨ ᠪᠠᠭᠠᠰᠤᠭᠠᠳ᠂ ᠬᠣᠣᠷᠲᠤ ᠡᠪᠡᠳᠴᠢᠨ ᠨᠡᠮᠡᠭᠳᠡᠭᠡᠳ᠂ ᠲᠡᠭᠡᠬᠦ ᠪᠡᠷ ᠢ᠋ᠶ᠋ᠡᠨ ᠪᠣᠯ ᠶᠠᠭᠠᠬᠢᠬᠤ ᠪᠣᠢ᠂ ᠡᠨᠡ ᠭᠠᠯ ᠭᠡᠳᠡᠭ ᠶᠠᠭᠤᠮ᠎ᠠ ᠶ᠋ᠢ ᠪᠣᠯ ᠭᠠᠳᠠᠭ᠎ᠠ ᠬᠥᠳᠡᠭᠡ ᠳᠠᠬᠢᠳᠠᠭ ᠶᠠᠭᠤᠮ᠎ᠠ ᠪᠢᠰᠢ ᠠ᠋! ᠭᠠᠯ ᠤ᠋ᠨ ᠬᠠᠢᠴᠢ ᠪᠠᠨ ᠪᠠᠷᠢᠭᠠᠳ ᠭᠡᠷ ᠭᠡᠷ ᠲᠤ ᠪᠡᠨ᠂ ᠭᠡᠷ ᠭᠡᠷ ᠲᠤ ᠪᠡᠨ ᠳᠠᠬᠢᠳᠠᠭ ᠡᠢᠮᠦ ᠶᠣᠰᠣ ᠲᠠᠢ᠂ ᠡᠭᠦᠨ ᠢ᠋ ᠯᠡ ᠮᠡᠳᠡᠴᠢᠬᠡᠪᠡᠯ ᠪᠣᠯᠴᠢᠬᠠᠨ᠎ᠠ᠃ ᠴᠠᠭᠠᠰᠢ ᠪᠠᠨ ᠰᠤᠳᠤᠯᠤᠭᠠᠳ ᠭᠠᠢᠬᠠᠭᠤᠯᠤᠭᠠᠳ ᠪᠠᠢᠬᠤ ᠶᠠᠭᠤᠮ᠎ᠠ ᠪᠢᠰᠢ᠃
   ᠡᠨᠡ ᠨᠢᠭᠡ ᠦᠨᠳᠦᠰᠦᠲᠡᠨ ᠦ᠌ ᠰᠣᠶᠣᠯ ᠭᠡᠳᠡᠭ ᠶᠠᠭᠤᠮ᠎ᠠ ᠶ᠋ᠢ ᠴᠢᠨᠢ ᠣᠳᠣ ᠤᠴᠢᠷ ᠦᠭᠡᠢ ᠰᠤᠳᠤᠯᠤᠭᠠᠳ ᠳᠡᠯᠭᠡᠭᠡᠳ ᠪᠠᠢᠪᠠᠯ ᠠ᠋᠂ ᠡᠨᠡ ᠰᠣᠶᠣᠯ ᠪᠣᠯ ᠣᠳᠣ ᠪᠠᠯᠠᠷᠠᠨ᠎ᠠ ᠭᠡᠰᠡᠨ ᠦᠭᠡ ᠰᠢᠦ᠂ ᠪᠠᠯᠠᠷᠠᠨ᠎ᠠ ᠭᠡᠰᠡᠨ ᠦᠭᠡ!
   ᠬᠥᠮᠦᠨ ᠦ᠌ ᠲᠡᠷᠡ ᠮᠠᠨ ᠤ᠋ ᠠᠬ᠎ᠠ ᠳᠡᠭᠦᠦ ᠦᠨᠳᠦᠰᠦᠲᠡᠨ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠢ᠋ ᠬᠥᠮᠦᠨ ᠶᠠᠭᠠᠬᠢᠵᠤ ᠲᠠᠬᠢᠵᠤ ᠪᠠᠢᠨ᠎ᠠ ᠤᠤ⁈ ᠭᠡᠷ ᠭᠡᠷ ᠲᠤ ᠪᠡᠨ ᠪᠦᠷ ᠡᠭᠦᠳᠡ ᠴᠣᠩᠬᠣ ᠪᠠᠨ ᠪᠢᠲᠡᠭᠦᠯᠡᠵᠦ ᠪᠠᠢᠨ᠎ᠠ᠂ ᠲᠡᠷᠡ ᠳᠣᠲᠣᠷ᠎ᠠ ᠶᠠᠭᠤ ᠪᠣᠯᠵᠤ ᠪᠠᠢᠨ᠎ᠠ ᠤᠤ⁈ ᠡᠨᠡ ᠪᠣᠯ ᠨᠢᠭᠡ ᠦᠨᠳᠦᠰᠦᠲᠡᠨ ᠦ᠌ ᠨᠢᠭᠤᠴᠠ᠂ ᠲᠡᠷᠡ ᠲᠠᠯᠠᠪᠠᠢ ᠳᠡᠭᠡᠷ᠎ᠡ ᠭᠠᠷᠭᠠᠵᠤ ᠢᠷᠡᠭᠡᠳ ᠯᠡ ᠤᠴᠢᠷ ᠦᠭᠡᠢ ᠴᠢᠮ᠎ᠠ ᠳ᠋ᠤ᠌ ᠢᠩᠭᠢᠭᠡᠳ ᠮᠠᠨ ᠤ᠋ ᠬᠢᠲᠠᠳ ᠦᠨᠳᠦᠰᠦᠲᠡᠨ᠂ ᠮᠠᠨ ᠤ᠋ ᠦᠨᠳᠦᠰᠦᠲᠡᠨ ᠶᠠᠮᠠᠷ ᠶᠠᠮᠠᠷ ᠶᠠᠭᠤᠮ᠎ᠠ ᠭᠡᠳ ᠮᠠᠨᠤᠰ ᠲᠤ ᠭᠠᠢᠬᠠᠭᠤᠯᠵᠤ ᠪᠠᠢᠨ᠎ᠠ ᠤᠤ⁈ ᠭᠠᠢᠬᠠᠭᠤᠯᠬᠤ ᠦᠭᠡᠢ ᠰᠢᠦ!
   ᠮᠠᠨ ᠤ᠋ ᠵᠢᠭᠠᠬᠠᠨ ᠡᠷᠳᠡᠮ ᠰᠣᠶᠣᠯ ᠲᠠᠢ ᠪᠣᠯᠤᠭᠰᠠᠨ ᠴᠢᠨᠢ ᠣᠳᠣ ᠵᠦᠭᠡᠷ ᠨᠢᠭᠡ ᠡᠭᠡᠷᠡᠮ᠎ᠡ ᠲᠠᠯ᠎ᠠ ᠶ᠋ᠢᠨ ᠲᠠᠪᠤᠨ ᠬᠣᠰᠢᠭᠤ ᠮᠠᠯ ᠢ᠋ᠶ᠋ᠠᠨ ᠥᠭᠡᠷᠡᠴᠢᠯᠡᠨ᠎ᠡ᠂ ᠰᠤᠳᠤᠯᠤᠨ᠎ᠠ᠃
   ᠵᠠ᠂ ᠲᠡᠭᠡᠭᠡᠳ ᠣᠳᠣ ᠡᠨᠡ ᠰᠠᠢᠬᠠᠨ ᠭᠠᠯ ᠲᠠᠬᠢᠯᠭ᠎ᠠ ᠪᠠᠨ ᠰᠤᠳᠤᠯᠤᠨ᠎ᠠ᠂ ᠰᠤᠳᠤᠯᠤᠭᠠᠳ ᠪᠠᠢᠵᠤ ᠪᠣᠯᠬᠤ ᠦᠭᠡᠢ᠃
   ᠴᠢ ᠥᠭᠡᠷ᠎ᠡ ᠦᠨᠳᠦᠰᠦᠲᠡᠨ ᠦ᠌ ᠶᠠᠭᠤᠮ᠎ᠠ ᠶ᠋ᠢ ᠰᠤᠳᠤᠯᠬᠤ ᠬᠡᠷᠡᠭᠲᠡᠢ᠃ ᠵᠢᠱ᠌ᠢᠶᠡᠯᠡᠪᠡᠯ᠄ ᠡᠨᠡ ᠠᠯᠮᠤᠷᠠᠳ ᠡᠨᠡ ᠬᠠᠮᠢᠭ᠎ᠠ ᠭᠠᠷᠤᠭᠰᠠᠨ᠂ ᠶᠠᠭᠠᠬᠢᠵᠤ ᠤᠷᠭᠤᠭᠰᠠᠨ᠂ ᠡᠨᠡ ᠡᠢᠮᠦ ᠡᠢᠮᠦ ᠶᠠᠭᠤᠮ᠎ᠠ ᠶ᠋ᠢ ᠭᠠᠳᠠᠨ᠎ᠠ ᠬᠥᠮᠦᠨ ᠦ᠌ ᠶᠠᠭᠤᠮ᠎ᠠ ᠶ᠋ᠢ ᠰᠤᠳᠤᠯ᠃ ᠥᠪᠡᠷ ᠦ᠋ᠨ ᠶᠠᠭᠤᠮ᠎ᠠ ᠪᠠᠨ ᠰᠤᠳᠤᠯᠤᠭᠠᠳ ᠭᠠᠢᠬᠠᠭᠤᠯᠤᠭᠠᠳ ᠶᠠᠮᠠᠷ ᠬᠡᠷᠡᠭ ᠪᠠᠢᠬᠤ ᠪᠣᠢ⁈
   ᠵᠠ᠂ ᠶᠠᠭᠤ ᠴᠦ᠍ ᠭᠡᠰᠡᠨ ᠣᠳᠣ ᠥᠨᠥᠳᠥᠷ ᠭᠠᠯ ᠲᠠᠬᠢᠯ ᠤ᠋ᠨ ᠡᠳᠦᠷ᠂ ᠣᠳᠣ ᠪᠢ ᠥᠪᠡᠷ ᠦ᠋ᠨ ᠨᠢᠭᠡ ᠡᠢᠮᠦ ᠨᠢᠭᠡ ᠦᠵᠡᠯᠲᠡ ᠪᠡᠨ ᠶᠠᠷᠢᠴᠢᠬᠠᠯ᠎ᠠ᠃ ᠣᠳᠣ ᠲᠠ ᠪᠦᠬᠦᠨ ᠪᠢ ᠴᠦ᠍ ᠶᠠᠮᠠᠷ ᠨᠢᠭᠡ ᠰᠣᠶᠣᠯᠲᠠᠢ ᠡᠷᠳᠡᠮᠲᠡᠢ ᠬᠥᠮᠦᠨ ᠴᠦ᠍ ᠪᠢᠰᠢ ᠳᠡ ᠨᠢᠭᠡ᠂ ᠨᠢᠭᠡ ᠬᠣᠨᠢ ᠬᠠᠷᠢᠭᠤᠯᠳᠠᠭ ᠬᠣᠨᠢᠴᠢᠨ ᠬᠥᠮᠦᠨ ᠯᠡ ᠪᠠᠢᠨ᠎ᠠ᠃ ᠥᠪᠡᠷ ᠦ᠋ᠨ ᠢ᠋ᠶ᠋ᠡᠨ ᠪᠣᠳᠣᠯ ᠰᠠᠨᠠᠭ᠎ᠠ ᠪᠠᠨ ᠶᠠᠷᠢᠯ᠎ᠠ᠃
   ᠲᠠ ᠪᠦᠬᠦᠨ ᠳ᠋ᠦ᠍ ᠪᠡᠨ ᠰᠠᠢᠬᠠᠨ ᠭᠠᠯ ᠤᠰᠤ ᠪᠠᠨ ᠳᠠᠬᠢᠭᠠᠳ ᠣᠳᠣ᠂ ᠬᠡᠢᠮᠣᠷᠢ ᠲᠠᠢ ᠰᠠᠢᠬᠠᠨ ᠶᠠᠪᠤᠭᠠᠰᠠᠢ ᠭᠡᠵᠦ ᠢᠷᠥᠭᠡᠨ ᠬᠦᠰᠡᠵᠦ ᠪᠠᠢᠨ᠎ᠠ᠃

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠢᠷᠡᠭᠡᠳᠦᠢ