ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 9 > Хөх зул – Боржигон Ванжал –" Хоёр ᠂ Төрөл садны дуудлагын бүлэг " 9
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 9
ᠬᠠᠳᠠᠮ ᠤᠨ ᠲᠠᠯ᠎ᠠ ᠶᠢᠨ ᠪᠡᠶ᠎ᠡ ᠡᠴᠡ ᠳᠤᠷᠤᠭᠰᠢ ᠲᠦᠷᠦᠯ ᠤᠨ ᠬᠤᠭᠤᠷᠤᠨᠳᠤᠬᠢ ᠳᠠᠭᠤᠳᠠᠯᠭ᠎ᠠ Хадмын талын биеэс дорогш төрлийн хоорондох дуудлага
ᠪᠠᠵᠠ
ᠡᠭᠡᠴᠢ ᠥᠬᠢᠨ ᠳᠡᠭᠦᠦ ᠬᠣᠶᠠᠷ ᠤ᠋ᠨ ᠡᠷ᠎ᠡ ᠬᠣᠭᠣᠷᠣᠨᠳᠣ ᠪᠠᠨ ᠬᠠᠷᠢᠯᠴᠠᠨ ᠪᠠᠵᠠ ᠭᠡᠨ᠎ᠡ᠃
ᠪᠠᠰᠠ ᠭᠤᠶ᠎ᠠ ᠪᠠᠵᠠ ᠭᠡᠳᠡᠭ ᠴᠦ᠍ ᠪᠣᠢ᠃
ᠠᠪᠢᠰᠤᠨ ᠠᠵᠢᠨ
ᠠᠬ᠎ᠠ ᠳᠡᠭᠦᠦ ᠬᠣᠶᠠᠷ ᠤ᠋ᠨ ᠡᠮ᠎ᠡ ᠬᠠᠷᠢᠯᠴᠠᠨ ᠠᠪᠢᠰᠤᠨ ᠠᠵᠢᠨ ᠪᠣᠯᠤᠯᠴᠠᠬᠤ ᠪᠥᠭᠡᠳ
ᠠᠪᠢᠰᠤᠨ ᠨᠢ ᠠᠬ᠎ᠠ ᠶ᠋ᠢᠨ ᠡᠮ᠎ᠡ᠂ ᠠᠵᠢᠨ ᠨᠢ ᠳᠡᠭᠦᠦ ᠶ᠋ᠢᠨ ᠡᠮ᠎ᠡ ᠪᠣᠯᠤᠨ᠎ᠠ᠃
ᠬᠦᠷᠢ ᠳᠡᠭᠦᠦ ᠡᠮ᠎ᠡ ᠶ᠋ᠢᠨ ᠳᠡᠭᠦᠦ᠃
ᠬᠦᠷᠢ ᠳᠡᠭᠦᠦ ᠪᠡᠷᠢ ᠡᠮ᠎ᠡ ᠶ᠋ᠢᠨ ᠳᠡᠭᠦᠦ ᠶ᠋ᠢᠨ ᠪᠦᠰᠡᠭᠦᠢ᠃
ᠬᠦᠷᠢ ᠥᠬᠢᠨ ᠳᠡᠭᠦᠦ ᠡᠮ᠎ᠡ ᠶ᠋ᠢᠨ ᠥᠬᠢᠨ ᠳᠡᠭᠦᠦ᠃
ᠬᠦᠷᠢ ᠬᠦᠷᠭᠡᠨ ᠳᠡᠭᠦᠦ ᠡᠮ᠎ᠡ ᠶ᠋ᠢᠨ ᠥᠬᠢᠨ ᠳᠡᠭᠦᠦ ᠶ᠋ᠢᠨ ᠡᠷ᠎ᠡ ᠶ᠋ᠢ ᠬᠡᠯᠡᠨ᠎ᠡ᠃
