ᠳᠡᠪᠡᠯ- ᠮᠥᠩᠬᠡ ᠶ᠋ᠢᠨ ᠪᠢᠯᠢᠭᠰᠡᠢᠬᠠᠨДээл-Мөнхийн Билэгсайхан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠪᠡᠯ- ᠮᠥᠩᠬᠡ ᠶ᠋ᠢᠨ ᠪᠢᠯᠢᠭᠰᠡᠢᠬᠠᠨДээл-Мөнхийн Билэгсайхан

ᠳᠡᠪᠡᠯ- ᠮᠥᠩᠬᠡ ᠶ᠋ᠢᠨ ᠪᠢᠯᠢᠭᠰᠡᠢᠬᠠᠨДээл-Мөнхийн Билэгсайхан

2023-11-27

1296

ᠳᠡᠪᠡᠯ

   ᠮᠥᠩᠬᠡ ᠶ᠋ᠢᠨ ᠪᠢᠯᠢᠭᠰᠡᠢᠬᠠᠨ 

ᠳᠡᠪᠡᠯ ᠭᠡᠳᠡᠭ ᠴᠢᠨᠢ 
ᠳᠡᠯᠡᠬᠡᠢ ᠳ᠋ᠦ᠍ ᠬᠣᠪᠣᠷᠬᠠᠨ 
ᠳᠡᠩᠳᠡᠭᠦᠦ ᠰᠠᠢᠬᠠᠨ ᠬᠤᠪᠴᠠᠰᠤ ᠠ᠋ 

ᠳᠡᠷᠡᠯᠡᠭᠡᠳ ᠬᠡᠪᠲᠡᠬᠦ ᠳ᠋ᠦ᠍ ᠵᠢᠨᠲᠦᠦ ᠪᠣᠯᠳᠠᠭ 
ᠳᠡᠪᠢᠰᠦᠭᠡᠳ ᠲᠠᠯᠪᠢᠬᠤ ᠳ᠋ᠤ᠌ ᠣᠯᠪᠣᠭ ᠪᠣᠯᠳᠠᠭ 
ᠨᠥᠮᠥᠷᠦᠭᠡᠳ ᠤᠨᠲᠠᠬᠤ ᠳ᠋ᠤ᠌ ᠬᠥᠨᠵᠢᠯᠡ ᠪᠣᠯᠳᠠᠭ 
ᠡᠮᠦᠰᠦᠭᠡᠳ ᠭᠠᠷᠬᠤ ᠳ᠋ᠤ᠌ ᠭᠣᠶᠣᠯ ᠪᠣᠯᠳᠠᠭ ᠶᠤᠮ 

ᠡᠵᠡᠨ ᠪᠣᠭᠳᠠ ᠴᠢᠩᠭᠢᠰ ᠳᠡᠪᠡᠯ ᠶᠤᠭ᠎ᠠ ᠪᠠᠷ ᠭᠤᠶᠤᠭᠰᠠᠨ ᠶᠤᠮ 
ᠶᠡᠬᠡ ᠵᠠᠩᠵᠤᠨ ᠰᠦᠬᠡᠪᠠᠭᠠᠲᠤᠷ ᠳᠡᠪᠡᠯ ᠪᠦᠰᠡ ᠪᠡᠷ ᠭᠤᠶᠤᠭᠰᠠᠨ ᠶᠤᠮ 
ᠢᠵᠢᠢ ᠮᠢᠨᠢ ᠠᠪᠤ ᠮᠢᠨᠢ ᠳᠡᠪᠡᠯ ᠶᠤᠭ᠎ᠠ ᠪᠠᠷ ᠭᠤᠶᠤᠭᠰᠠᠨ 
ᠡᠨᠡ ᠪᠡᠶ᠎ᠡ ᠮᠢᠨᠢ ᠳᠡᠪᠡᠯ ᠡᠮᠦᠰᠴᠦ ᠥᠰᠦᠭᠰᠡᠨ ᠶᠤᠮ 

ᠳᠡᠪᠡᠯ ᠭᠡᠳᠡᠭ ᠴᠢᠨᠢ
ᠳᠡᠯᠡᠬᠡᠢ ᠳ᠋ᠦ᠍ ᠬᠣᠪᠣᠷᠬᠠᠨ
ᠳᠡᠩᠳᠡᠭᠦᠦ ᠰᠠᠢᠬᠠᠨ ᠬᠤᠪᠴᠠᠰᠤ ᠠ᠋

ᠠᠪᠤ ᠶ᠋ᠢᠨ ᠮᠢᠨᠢ ᠳᠡᠪᠡᠯ ᠴᠡᠯ ᠪᠤᠭᠤᠷᠤᠯ ᠨᠠᠰᠤᠨ ᠤ᠋ ᠦᠨᠦᠷ ᠲᠡᠢ
ᠡᠵᠢ ᠶ᠋ᠢᠨ ᠮᠢᠨᠢ ᠳᠡᠪᠡᠯ ᠴᠠᠭᠠᠨ ᠤᠭᠤᠷᠠᠭ ᠰᠦᠨ ᠦ᠌ ᠦᠨᠦᠷ ᠲᠡᠢ
ᠬᠠᠨᠢ ᠶ᠋ᠢᠨ ᠮᠢᠨᠢ ᠳᠡᠪᠡᠯ ᠬᠠᠢᠯᠭᠠᠨ ᠴᠠᠢᠯᠭᠠᠨ ᠬᠠᠢᠷ᠎ᠠ ᠶ᠋ᠢᠨ ᠦᠨᠦᠷ ᠲᠡᠢ
ᠦᠷ᠎ᠡ ᠶ᠋ᠢᠨ ᠮᠢᠨᠢ ᠳᠡᠪᠡᠯ ᠥᠰᠬᠦ ᠪᠠᠭ᠎ᠠ ᠶ᠋ᠢᠨ ᠰᠡᠪᠡᠯᠭᠡᠨ ᠦ᠌ ᠦᠨᠦᠷ ᠲᠡᠢ
ᠥᠪᠡᠷ ᠦ᠋ᠨ ᠮᠢᠨᠢ ᠳᠡᠪᠡᠯ ᠥᠰᠴᠦ ᠲᠥᠷᠥᠭᠰᠡᠨ ᠨᠤᠲᠤᠭ ᠤ᠋ᠨ ᠮᠢᠨᠢ ᠦᠨᠦᠷ ᠲᠡᠢ

ᠤᠷᠲᠤ ᠬᠣᠷᠮᠣᠢ ᠳ᠋ᠠᠭᠠᠨ ᠤᠨᠠᠭ᠎ᠠ ᠳᠠᠭ᠎ᠠ ᠶ᠋ᠢᠨ ᠪᠡᠯᠡᠭ ᠲᠡᠢ
ᠠᠷᠤ ᠬᠣᠷᠮᠣᠢ ᠳ᠋ᠠᠭᠠᠨ ᠠᠳᠤᠭᠤ ᠮᠠᠯ ᠤ᠋ᠨ ᠪᠡᠯᠭᠡᠳᠡᠯ ᠲᠡᠢ
ᠠᠭᠤᠯᠠᠰ ᠠᠯᠳᠠᠯᠠᠵᠤ ᠳᠡᠪᠢᠭᠰᠡᠨ ᠪᠥᠬᠡ ᠬᠥᠮᠦᠨ ᠦ᠌ ᠭᠣᠶᠣᠯ
ᠤᠬᠠᠭᠠᠨᠲᠤ ᠡᠪᠦᠭᠡᠳ ᠡᠴᠡ ᠮᠢᠨᠢ ᠥᠪᠯᠡᠭᠰᠡᠨ ᠪᠦᠲᠦᠨ ᠬᠤᠪᠴᠠᠰᠤ ᠴᠢᠨᠢ ᠳᠡᠪᠡᠯ ᠠ᠋

ᠡᠮᠡᠭᠡᠯ ᠬᠠᠵᠠᠭᠠᠷ ᠲᠠᠢ ᠠᠷᠭᠤᠮᠠᠭ ᠪᠠᠢᠨ᠎ᠠ
ᠡᠵᠡᠨ ᠬᠥᠮᠦᠨ ᠨᠢ ᠳᠡᠪᠡᠯ ᠲᠡᠢ ᠪᠠᠢᠨ᠎ᠠ
ᠮᠣᠷᠢ ᠳᠡᠪᠡᠯ ᠢ᠋ᠶ᠋ᠡᠷ ᠭᠤᠶᠤᠬᠤ ᠳᠤᠷᠠᠲᠠᠢ
ᠮᠣᠩᠭᠣᠯ ᠬᠥᠮᠦᠨ ᠭᠡᠳᠡᠭ ᠲᠩᠷᠢ ᠵᠠᠶᠠᠭ᠎ᠠ ᠲᠠᠢ ᠤᠯᠤᠰ ᠠ᠋

ᠳᠡᠪᠡᠯ ᠭᠡᠳᠡᠭ ᠴᠢᠨᠢ
ᠳᠡᠯᠡᠬᠡᠢ ᠳ᠋ᠦ᠍ ᠬᠣᠪᠣᠷᠬᠠᠨ
ᠳᠡᠩᠳᠡᠭᠦᠦ ᠰᠠᠢᠬᠠᠨ ᠬᠤᠪᠴᠠᠰᠤ ᠠ᠋

ᠦᠷ᠎ᠡ ᠪᠡᠨ ᠲᠡᠪᠡᠷᠢᠬᠦ ᠳ᠋ᠦ᠍ ᠥᠯᠥᠭᠡᠢ ᠨᠢ ᠪᠣᠯᠳᠠᠭ
ᠡᠮᠦᠰᠦᠭᠡᠳ ᠭᠠᠷᠬᠤ ᠳ᠋ᠤ᠌ ᠵᠢᠪᠠᠷ ᠬᠠᠭᠠᠳᠠᠭ
ᠬᠠᠯᠲᠠᠷ ᠮᠠᠨᠤᠨ ᠬᠥᠭᠡᠷᠭᠡ ᠡᠪᠦᠷ ᠳᠣᠲᠣᠷ ᠨᠢ ᠬᠥᠯᠥᠷᠡᠭᠰᠡᠨ
ᠬᠠᠳᠠ ᠲᠠᠢ ᠬᠡᠲᠡ ᠲᠡᠢ ᠬᠢᠲᠤᠭ᠎ᠠ ᠪᠦᠰᠡ ᠶᠠᠭᠤ ᠶ᠋ᠢ ᠨᠢ ᠭᠤᠶᠤᠭᠰᠠᠨ

ᠡᠵᠡᠨ ᠬᠥᠮᠦᠨ ᠦ᠌ ᠬᠡᠢᠮᠣᠷᠢ ᠵᠠᠬ᠎ᠠ ᠶᠠᠭᠤᠨ ᠳ᠋ᠤ᠌ ᠨᠢ ᠶᠠᠪᠤᠳᠠᠭ
ᠡᠬᠡ ᠲᠩᠷᠢ ᠶ᠋ᠢᠨ ᠨᠠᠷᠠᠨ ᠲᠣᠪᠴᠢ ᠰᠢᠯᠪᠢᠨ ᠳᠡᠭᠡᠷ᠎ᠡ ᠨᠢ ᠣᠢᠳᠠᠭ
ᠪᠦᠰᠡᠭᠦᠢ ᠬᠥᠮᠦᠨ ᠦ᠌ ᠡᠷᠡᠬᠡᠢ ᠶ᠋ᠢᠨ ᠤᠷᠠᠨ ᠰᠢᠩᠭᠡᠭᠰᠡᠨ
ᠪᠦᠰᠡ ᠨᠢ ᠬᠦᠷᠲᠡᠯ᠎ᠡ ᠨᠠᠷᠠ ᠵᠥᠪ ᠣᠷᠢᠶᠠᠭᠰᠠᠨ

ᠳᠡᠪᠡᠯ ᠭᠡᠳᠡᠭ ᠴᠢᠨᠢ
ᠳᠡᠯᠡᠬᠡᠢ ᠳ᠋ᠦ᠍ ᠬᠣᠪᠣᠷᠬᠠᠨ
ᠳᠡᠩᠳᠡᠭᠦᠦ ᠰᠠᠢᠬᠠᠨ ᠬᠤᠪᠴᠠᠰᠤ ᠠ᠋

ᠤᠷᠠᠯᠠᠵᠤ ᠬᠢᠭᠰᠡᠨ ᠡᠵᠡᠨ ᠢ᠋ ᠨᠢ ᠮᠠᠭᠲᠠᠶ᠎ᠠ
ᠤᠬᠠᠭᠠᠨ ᠰᠢᠩᠭᠡᠭᠰᠡᠨ ᠤᠴᠢᠷ ᠢ᠋ ᠨᠢ ᠪᠠᠬᠠᠳᠤᠶ᠎ᠠ
ᠡᠩᠭᠡᠷ ᠢ᠋ ᠨᠢ ᠴᠢᠮᠡᠭᠰᠡᠨ ᠲᠣᠪᠴᠢ ᠶ᠋ᠢ ᠨᠢ ᠮᠠᠭᠲᠠᠶ᠎ᠠ
ᠡᠮᠵᠢᠶᠡᠷᠢ ᠲᠣᠷᠭ᠎ᠠ ᠪᠦᠰᠡ ᠶ᠋ᠢ ᠨᠢ ᠴᠦ᠍ ᠮᠠᠭᠲᠠᠶ᠎ᠠ
ᠡᠵᠡᠨ ᠪᠣᠯᠤᠭᠰᠠᠨ ᠮᠣᠩᠭᠣᠯ ᠢ᠋ᠶ᠋ᠠᠷ ᠢ᠋ᠶ᠋ᠠᠨ ᠪᠠᠬᠠᠳᠤᠶ᠎ᠠ

ᠳᠡᠪᠡᠯ ᠭᠡᠳᠡᠭ ᠴᠢᠨᠢ
ᠳᠡᠯᠡᠬᠡᠢ ᠳ᠋ᠦ᠍ ᠬᠣᠪᠣᠷᠬᠠᠨ
ᠳᠡᠩᠳᠡᠭᠦᠦ ᠰᠠᠢᠬᠠᠨ ᠬᠤᠪᠴᠠᠰᠤ ᠠ᠋

   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
   ᠬᠢᠨᠠᠭᠴᠢ ᠪᠠᠭᠰᠢ᠄ ᠢᠷᠡᠭᠡᠳᠦᠢ᠂ ᠭᠠᠷᠮ᠎ᠠ ᠨᠠᠷ